| | 1. ᠢᠮᠠᠭ᠎ᠠ ᠲᠡᠵᠢᠭᠡᠬᠦ ᠳᠤ ᠬᠦᠴᠦ ᠣᠷᠣᠭᠤᠯᠬᠤ ᠦᠭᠡᠢ ᠣᠯᠠᠩᠬᠢ ᠢᠮᠠᠭ᠎ᠠ ᠲᠡᠵᠢᠭᠡᠬᠦ ᠡᠷᠦᠬᠡ ᠠᠮᠠᠷ ᠢ ᠪᠣᠳᠣᠵᠤ᠂ ᠡᠪᠡᠰᠦ ᠪᠤᠶᠤ ᠡᠰᠢ | ᠰᠦᠷᠡᠯ ᠢ ᠪᠦᠬᠦᠯᠢ ᠢᠶᠠᠷ ᠰᠢᠭᠤᠳ ᠬᠠᠰᠢᠶ᠎ᠠ ᠬᠤᠷᠤᠭᠠᠨ ᠳᠤᠨᠢ ᠬᠠᠶᠠᠵᠤ ᠲᠡᠵᠢᠭᠡᠨ᠂ ᠴᠢᠨᠠᠭᠰᠢᠯᠠᠪᠠᠯ ᠨᠠᠷᠢᠯᠢᠭ ᠪᠣᠷᠳᠤᠭ᠎ᠠ ᠪᠤᠶᠤ ᠡᠷᠦᠳᠡᠰᠦ ᠪᠣᠳᠠᠰ᠂ | ᠨᠡᠮᠡᠯᠲᠡ ᠡᠳ᠋ ᠨᠡᠮᠡᠵᠦ ᠲᠡᠵᠢᠭᠡᠬᠦ ᠦᠭᠡᠢ ᠪᠠᠶᠢᠳᠠᠭ᠃ | 2. ᠬᠢᠵᠢᠭ ᠰᠡᠷᠭᠡᠶᠢᠯᠡᠬᠦ ᠪᠠ ᠬᠤᠷᠣᠬᠠᠢ ᠲᠠᠭᠤᠬᠤ ᠦᠭᠡᠢ ᠣᠯᠠᠩᠬᠢ ᠢᠮᠠᠭ᠎ᠠ ᠲᠡᠵᠢᠭᠡᠬᠦ ᠡᠷᠦᠬᠡ ᠨᠢ ᠢᠮᠠᠭ᠎ᠠ ᠶᠢ ᠠᠮᠠᠷᠬᠠᠨ ᠭᠡᠮᠨᠡᠬᠦ ᠦᠭᠡᠢ᠂ | ᠰᠡᠷᠭᠡᠶᠢᠯᠡᠯᠲᠡ ᠶᠢᠨ ᠲᠠᠷᠢᠯᠭ᠎ᠠ ᠬᠢᠬᠦ ᠴᠢᠬᠤᠯᠠ ᠦᠭᠡᠢ᠂ ᠬᠤᠷᠣᠬᠠᠢ ᠲᠠᠭᠤᠬᠤ ᠨᠢ ᠨᠡᠩ ᠴᠦ ᠨᠢᠭᠡ ᠵᠦᠢᠯ ᠤᠨ ᠢᠯᠡᠭᠦᠴᠡ ᠬᠡᠷᠡᠭ᠂ ᠵᠣᠭᠤᠰ ᠢ | ᠲᠠᠯᠠᠭᠠᠷ ᠪᠦᠷᠢᠯᠭᠡᠵᠦ ᠪᠠᠶᠢᠬᠤ ᠬᠡᠷᠡᠭ ᠭᠡᠵᠦ ᠦᠵᠡᠭᠡᠳ᠂ ᠬᠠᠷᠢᠨ ᠬᠠᠯᠳᠠᠪᠤᠷᠢᠲᠦ ᠭᠡᠮ᠂ ᠮᠦᠯᠵᠢᠭᠦᠷ ᠬᠤᠷᠣᠬᠠᠢ ᠶᠢᠨ ᠭᠡᠮ ᠤᠨ ᠢᠮᠠᠭ᠎ᠠ ᠲᠡᠵᠢᠭᠡᠬᠦ | ᠦᠢᠯᠡᠰ ᠲᠠᠬᠢ ᠬᠠᠮᠤᠭ ᠤᠨ ᠶᠡᠭᠡ ᠬᠤᠤᠷ ᠬᠦᠨᠦᠭᠡᠯ ᠢ ᠮᠡᠳᠡᠬᠦ ᠦᠭᠡᠢ ᠪᠠᠶᠢᠳᠠᠭ᠃ | 3. ᠣᠶᠢᠷ᠎ᠠ ᠲᠥᠷᠥᠯ ᠢᠶᠠᠷ ᠬᠡᠭᠡᠯᠲᠦᠬᠦ ᠢᠮᠠᠭ᠎ᠠ ᠶᠢ ᠦᠷᠡᠵᠢᠭᠦᠯᠬᠦ ᠳᠡᠭᠡᠷ᠎ᠡ ᠣᠯᠠᠩᠬᠢ ᠬᠥᠮᠥᠰ ᠳᠦᠭᠦᠮ ᠢ ᠪᠣᠳᠣᠵᠤ᠂ ᠤᠬᠤᠨ᠎ᠠ ᠶᠢ | ᠰᠣᠩᠭᠤᠬᠤ ᠦᠭᠡᠢ᠂ ᠳᠣᠷ᠎ᠠ ᠪᠠᠷ ᠬᠡᠭᠡᠯᠲᠦᠭᠦᠯᠦᠭᠰᠡᠨ ᠠᠴᠠ ᠣᠶᠢᠷ᠎ᠠ ᠲᠦᠷᠦᠯ ᠢᠶᠠᠷ ᠬᠡᠭᠡᠯᠳᠦᠵᠦ᠂ ᠡᠭᠦᠯᠳᠡᠷ ᠳᠤᠷᠦ᠋ᠢᠲᠠᠭᠠᠳ᠂ ᠦᠷᠡᠵᠢᠯ ᠤᠨ | ᠴᠢᠳᠠᠪᠤᠷᠢ ᠳᠣᠷᠣᠭᠰᠢᠯᠠᠬᠤ ᠪᠠᠶᠢᠳᠠᠯ ᠢᠯᠡᠷᠡᠭᠰᠡᠨ ᠪᠠᠶᠢᠨ᠎ᠠ᠃ | 4. ᠡᠷ᠎ᠡ ᠡᠮ᠎ᠡ ᠢᠮᠠᠭ᠎ᠠ ᠶᠢ ᠬᠠᠮᠳᠤ ᠲᠡᠵᠢᠭᠡᠬᠦ ᠡᠷ᠎ᠡ ᠢᠮᠠᠭ᠎ᠠ ᠶᠢᠨ ᠪᠡᠯᠭᠡ ᠨᠢ ᠪᠣᠯᠪᠠᠰᠣᠷᠠᠭᠰᠠᠨ ᠤ ᠰᠡᠭᠦᠯᠡᠷ ᠵᠠᠪᠠᠯ ᠡᠮ᠎ᠡ ᠢᠮᠠᠭ᠎ᠠ ᠠᠴᠠ | ᠰᠠᠯᠭᠠᠵᠦ ᠲᠡᠵᠢᠭᠡᠬᠦ ᠬᠡᠷᠡᠭᠲᠡᠢ᠃ | 5. ᠢᠰᠢᠭᠡ ᠶᠢ ᠰᠦ ᠠᠴᠠ ᠨᠢ ᠬᠡᠳᠦ ᠡᠷᠲᠡ ᠰᠠᠯᠭᠠᠬᠤ ᠢᠰᠢᠭᠡ ᠶᠢ ᠰᠦ ᠠᠴᠠ ᠨᠢ ᠬᠡᠳᠦ ᠡᠷᠲᠡ ᠰᠠᠯᠭᠠᠪᠠᠯ᠂ ᠦᠰᠦᠯᠲᠡ | ᠪᠤᠶᠢᠵᠢᠯᠲᠠ ᠶᠢ ᠨᠢ ᠨᠦᠯᠦᠭᠡᠯᠡᠵᠦ᠂ ᠴᠢᠨᠠᠭᠰᠢᠯᠠᠪᠠᠯ ᠦᠬᠦᠵᠦ ᠮᠡᠳᠡᠨ᠎ᠡ᠃ | 6. ᠨᠠᠷᠢᠯᠢᠭ ᠪᠣᠷᠳᠤᠭ᠎ᠠ ᠪᠠᠷ ᠬᠡᠲᠦᠷᠡᠲᠡᠯ᠎ᠡ ᠲᠡᠵᠢᠭᠡᠬᠦ ᠪᠠ ᠲᠡᠵᠢᠭᠡᠯ ᠪᠣᠷᠳᠤᠭ᠎ᠠ ᠶᠢ ᠭᠡᠨᠡᠳᠲᠡ ᠰᠤᠯᠢᠬᠤ ᠲᠡᠵᠢᠭᠡᠬᠦ ᠡᠷᠦᠬᠡ ᠠᠴᠠ ᠢᠮᠠᠭ᠎ᠠ | ᠶᠢᠨ ᠰᠦᠨ ᠭᠠᠷᠤᠯᠲᠠ ᠪᠤᠶᠤ ᠦᠰᠦᠯᠲᠡ ᠶᠢ ᠲᠦᠷᠭᠡᠳᠭᠡᠬᠦ ᠶᠢᠨ ᠲᠥᠯᠥᠭᠡ᠂ ᠨᠢᠭᠡ ᠯᠠ ᠬᠡᠪ ᠢᠶᠠᠷ | ᠨᠠᠷᠢᠯᠢᠭ ᠪᠣᠷᠳᠤᠭ᠎ᠠ ᠪᠠᠷ ᠲᠡᠵᠢᠭᠡᠪᠡᠯ ᠢᠮᠠᠭ᠎ᠠ ᠶᠢᠨ ᠭᠦᠵᠡᠭᠡ ᠬᠥᠭᠡᠭᠡᠬᠦ ᠪᠤᠯᠤᠨ᠎ᠠ︔ ᠵᠠᠷᠢᠮ ᠲᠡᠵᠢᠭᠡᠬᠦ ᠡᠷᠦᠬᠡ ᠨᠢ ᠪᠠᠰᠠ ᠪᠣᠷᠳᠤᠭ᠎ᠠ ᠶᠢ ᠭᠡᠨᠡᠳᠲᠡ | ᠰᠣᠯᠢᠵᠤ᠂ ᠬᠤᠳᠤᠭᠤᠳᠤ ᠭᠡᠳᠡᠰᠦ ᠶᠢ ᠡᠪ ᠦᠭᠡᠢ ᠪᠤᠯᠭᠠᠵᠦ ᠪᠤᠢ᠃ | 7. ᠬᠠᠰᠢᠶ᠎ᠠ ᠬᠤᠷᠤᠭ᠎ᠠ ᠶᠢ ᠴᠢᠩᠭ᠎ᠠ ᠠᠷᠢᠭᠤᠳᠬᠠᠬᠤ ᠦᠭᠡᠢ ᠬᠠᠰᠢᠶ᠎ᠠ ᠬᠤᠷᠤᠭ᠎ᠠ ᠨᠢ ᠴᠢᠬᠢᠭ ᠶᠡᠭᠡ᠂ ᠰᠠᠯᠬᠢ ᠨᠡᠪᠲᠡᠷᠡᠯᠲᠡ ᠮᠠᠭᠤ | ᠦᠶᠡᠰ ᠬᠡᠷᠪᠡ ᠲᠤᠭᠲᠠᠮᠠᠯ ᠬᠤᠭᠤᠴᠠᠭ᠎ᠠ ᠪᠠᠷ ᠠᠷᠢᠭᠤᠳᠬᠠᠬᠤ ᠦᠭᠡᠢ ᠪᠣᠯ ᠢᠮᠠᠭ᠎ᠠ ᠨᠢ ᠲᠤᠩ ᠠᠮᠠᠷᠬᠠᠨ ᠪᠠᠭᠠᠰᠤ ᠠᠯᠳᠠᠵᠦ᠂ ᠬᠠᠮᠠᠭᠤ᠂ ᠲᠤᠭᠤᠷᠠᠢ | ᠢᠯᠵᠠᠷᠠᠬᠤ ᠭᠡᠮ ᠳᠤ ᠨᠡᠷᠪᠡᠭᠳᠡᠭᠡᠳ᠂ ᠬᠠᠯᠳᠠᠪᠤᠷᠢᠲᠦ ᠭᠡᠮ ᠢ ᠬᠢᠵᠠᠭᠠᠷᠯᠠᠬᠤ ᠳᠤ ᠬᠦᠴᠢᠷ ᠪᠣᠯᠣᠨ᠎ᠠ᠃ |