| | ᠳᠦᠭᠦᠭᠡᠢ ᠭᠠ ᠨᠢ ᠬᠥᠮᠥᠰ ᠤᠨ ᠡᠳᠦᠷ ᠳᠤᠳᠤᠮ ᠤᠨ ᠠᠮᠢᠳᠤᠷᠠᠯ ᠳᠤᠮᠳᠠᠬᠢ ᠠᠮᠲᠠ ᠣᠷᠣᠭᠤᠯᠬᠤ ᠡᠳ᠋ ᠪᠣᠯᠬᠤ ᠪᠠᠷ ᠪᠠᠷᠠᠬᠤ ᠦᠭᠡᠢ ᠪᠠᠰᠠ | ᠵᠣᠬᠢᠬᠤ ᠡᠮ ᠤᠨ ᠦᠨ᠎ᠡ ᠥᠷᠲᠡᠭ ᠲᠠᠢ ᠶᠤᠮ᠂ ᠭᠡᠷᠪᠡ ᠭᠠᠭ᠋ᠠᠢ ᠲᠡᠵᠢᠭᠡᠬᠦ ᠶᠠᠪᠤᠴᠠ ᠳᠤ ᠳᠦᠭᠦᠭᠡᠢ ᠭᠠ ᠶᠢ ᠳᠡᠮᠲᠡᠢ ᠠᠰᠢᠭᠯᠠᠪᠠᠯ ᠭᠡᠮ ᠬᠢᠵᠢᠭ ᠠᠴᠠ | ᠰᠡᠷᠭᠡᠶᠢᠯᠡᠬᠦ᠂ ᠭᠡᠮ ᠬᠢᠵᠢᠭ ᠢ ᠵᠠᠰᠠᠬᠤ᠂ ᠭᠠᠭ᠋ᠠᠢ ᠶᠢᠨ ᠦᠰᠦᠯᠲᠡ ᠪᠤᠶᠢᠵᠢᠯᠲᠠ ᠶᠢ ᠬᠤᠷᠳᠤᠳᠬᠠᠬᠤ ᠵᠡᠷᠭᠡ ᠦᠢᠯᠡᠳᠦᠯ ᠲᠠᠢ ᠶᠤᠮ᠃ ᠪᠠᠷᠠᠭᠤᠨ | ᠬᠤᠶᠢᠲᠤ ᠶᠢᠨ ᠲᠠᠷᠢᠶᠠᠯᠠᠩ ᠤᠢ ᠰᠢᠭᠤᠢ ᠶᠢᠨ ᠰᠢᠨᠵᠢᠯᠡᠬᠦ ᠤᠬᠠᠭᠠᠨ ᠮᠠᠷᠭᠡᠵᠢᠯ ᠤᠨ ᠶᠡᠭᠡ ᠰᠤᠷᠭᠠᠭᠤᠯᠢ ᠶᠢᠨ ᠠᠮᠢᠳᠠᠨ ᠤ ᠠᠨᠠᠭᠠᠬᠤ ᠤᠬᠠᠭᠠᠨ ᠤ | ᠳᠡᠭᠡᠳᠦ ᠰᠤᠷᠭᠠᠭᠤᠯᠢ ᠶᠢᠨ ᠵᠸᠤ ᠬᠤᠩ ᠴᠤᠤ ᠳ᠋ᠣᠺᠲ᠋ᠣᠷ ᠬᠡᠯᠡᠭᠰᠡᠨ ᠨᠢ᠂ ᠳᠦᠭᠦᠭᠡᠢ ᠭᠠ ᠨᠢ ᠭᠠᠭ᠋ᠠᠢ ᠶᠢᠨ ᠴᠠᠭᠠᠨ ᠴᠢᠴᠠᠭ᠎ᠠ᠂ ᠭᠠᠭ᠋ᠠᠢ ᠶᠢᠨ ᠪᠠᠭᠠᠰᠤ | ᠠᠯᠳᠠᠬᠤ᠂ ᠭᠠᠭ᠋ᠠᠢ ᠶᠢᠨ ᠲᠠᠭᠰᠢᠭᠤᠷ᠂ ᠭᠠᠭ᠋ᠠᠢ ᠶᠢᠨ ᠳᠡᠵᠢᠭᠡᠯ ᠬᠤᠷᠠᠬᠤ ᠶᠢ ᠵᠠᠰᠠᠬᠤ ᠪᠠ ᠲᠠᠷᠭᠤ ᠶᠢ ᠨᠡᠮᠡᠭᠳᠡᠭᠦᠯᠭᠦ ᠵᠡᠷᠭᠡ ᠬᠠᠴᠢᠨ ᠦᠢᠯᠡᠳᠦᠯ ᠲᠠᠢ | ᠪᠠᠶᠢᠳᠠᠭ᠃ | ᠭᠠᠭ᠋ᠠᠢ ᠶᠢᠨ ᠳᠡᠵᠢᠭᠡᠯ ᠬᠤᠷᠠᠬᠤ ᠶᠢ ᠵᠠᠰᠠᠬᠤ᠄ ᠳᠦᠭᠦᠭᠡᠢ ᠭᠠ᠂ ᠪᠠᠭ᠎ᠠ ᠰᠤᠳᠠ᠂ ᠲᠠᠬᠢᠶᠠᠨ ᠪᠡᠳᠡᠭᠡ ᠶᠢ ᠤᠰᠤᠠ ᠳᠤ ᠴᠢᠨᠠᠭᠠᠳ ᠴᠢᠳᠬᠤᠵᠤ | ᠤᠤᠭᠤᠯᠭᠠᠨ᠎ᠠ᠃ ᠭᠡᠷᠪᠡ ᠭᠠᠭ᠋ᠠᠢ ᠨᠢ ᠬᠤᠳᠤᠭᠤᠳᠤᠨ ᠬᠦᠢᠲᠡᠨ ᠠᠴᠠ ᠪᠤᠯᠵᠤ ᠪᠦᠭᠡᠯᠵᠢᠪᠡᠯ ᠳᠦᠭᠦᠭᠡᠢ ᠭᠠ᠂ ᠵᠦᠷᠵᠢ ᠶᠢᠨ ᠬᠠᠯᠢᠰᠤ ᠶᠢ ᠤᠰᠤᠠ ᠳᠤ | ᠬᠢᠵᠦ ᠴᠢᠨᠠᠭᠠᠳ ᠰᠢᠭᠦᠰᠦ ᠶᠢ ᠨᠢ ᠴᠢᠳᠬᠤᠨ ᠤᠤᠭᠤᠯᠭᠠᠨ᠎ᠠ᠃ | ᠭᠠᠭ᠋ᠠᠢ ᠶᠢᠨ ᠪᠠᠶ᠎ᠡ ᠳᠡᠭᠡᠷᠡᠬᠢ ᠪᠠᠭ᠎ᠠ ᠬᠡᠮᠵᠢᠶᠡᠨ ᠤ ᠠᠷᠠᠰᠤᠨ ᠤ ᠭᠠᠳᠠᠷ ᠰᠢᠷᠬ᠎ᠠ ᠶᠢ ᠵᠠᠰᠠᠬᠤ᠄ ᠰᠢᠨ᠎ᠡ ᠰᠣᠷᠭᠤᠭ ᠳᠦᠭᠦᠭᠡᠢ ᠭᠠ ᠶᠢ ᠨᠢᠴᠠᠯᠵᠤ | ᠭᠠᠭ᠋ᠠᠢ ᠶᠢᠨ ᠰᠢᠷᠬᠠᠲᠤᠭᠰᠠᠨ ᠭᠡᠰᠡᠭ ᠲᠤ ᠡᠳᠦᠷ ᠪᠦᠷᠢ 1 ᠤᠳᠠᠭ᠎ᠠ᠂ ᠦᠷᠬᠦᠯᠵᠢᠯᠡᠨ 3~4 ᠡᠳᠦᠷ ᠳᠦᠷᠭᠢᠪᠡᠯ ᠳᠠᠷᠤᠢ ᠡᠳᠡᠭᠡᠷᠡᠴᠢᠭᠡᠨ᠎ᠡ᠃ | ᠭᠠᠭ᠋ᠠᠢ ᠶᠢᠨ ᠲᠠᠭᠰᠢᠭᠤᠷ ᠢ ᠵᠠᠰᠠᠬᠤ᠄ ᠳᠦᠭᠦᠭᠡᠢ ᠭᠠ᠂ ᠰᠣᠩᠭᠢᠨ᠎ᠠ ᠶᠢᠨ ᠴᠠᠭᠠᠨ ᠢ ᠨᠢᠴᠠᠯᠵᠦ ᠵᠢᠭᠳᠡ ᠬᠤᠯᠢᠵᠤ᠂ ᠳᠡᠭᠡᠷ᠎ᠡ ᠨᠢ ᠬᠠᠷ᠎ᠠ ᠠᠷᠢᠬᠢ | ᠨᠡᠮᠡᠵᠦ᠂ ᠲᠤᠮᠤ ᠭᠠᠭ᠋ᠠᠢ ᠳᠤ ᠪᠣᠯ ᠨᠢᠭᠡ ᠯᠠ ᠤᠳᠠᠭ᠎ᠠ ᠳᠤ ᠴᠢᠳᠬᠤᠨ ᠤᠤᠭᠤᠯᠭᠠᠵᠤ᠂ ᠪᠠᠭ᠎ᠠ ᠭᠠᠭ᠋ᠠᠢ ᠳᠤ ᠪᠣᠯ ᠭᠡᠷᠡᠭᠯᠡᠬᠦ ᠭᠡᠮᠵᠢᠶ᠎ᠠ ᠶᠢ ᠪᠠᠭ᠎ᠠ | ᠬᠠᠰᠤᠨ᠎ᠠ᠃ ᠭᠠᠭ᠋ᠠᠢ ᠨᠢ ᠬᠠᠯᠳᠠᠪᠤᠷᠢᠲᠤ ᠲᠠᠭᠰᠢᠭᠤᠷ ᠲᠤ ᠨᠡᠷᠪᠡᠭᠳᠡᠪᠡᠯ ᠳᠦᠭᠦᠭᠡᠢ ᠭᠠ᠂ ᠰᠣᠩᠭᠢᠨ᠎ᠠ ᠶᠢᠨ ᠴᠠᠭᠠᠨ᠂ ᠬᠤᠯᠤᠰᠤᠨ ᠤ ᠦᠨᠳᠦᠰᠦ ᠶᠢ | ᠤᠰᠤ ᠨᠡᠮᠡᠵᠦ ᠴᠢᠨᠠᠭᠠᠳ ᠰᠢᠭᠦᠰᠦ ᠶᠢ ᠨᠢ ᠴᠢᠳᠬᠤᠨ ᠤᠤᠭᠤᠯᠭᠠᠨ᠎ᠠ᠃ ᠪᠠᠭᠠᠰᠤ ᠠᠯᠳᠠᠬᠤ ᠰᠢᠨᠵᠢ ᠲᠡᠮᠳᠡᠭ ᠲᠠᠢ ᠪᠣᠯ ᠳᠦᠭᠦᠭᠡᠢ ᠭᠠ ᠶᠢ ᠰᠢᠭᠤᠳ | ᠨᠢᠴᠠᠯᠵᠤ᠂ ᠭᠠᠭ᠋ᠠᠢ ᠶᠢᠨ ᠪᠠᠶ᠎ᠡ ᠶᠢᠨ ᠭᠦᠨᠳᠦ ᠶᠢ ᠦᠨᠳᠦᠰᠦᠯᠡᠵᠦ ᠳᠡᠵᠢᠭᠡᠨ᠎ᠡ᠂ ᠭᠡᠷᠪᠡ ᠢᠳᠡᠬᠦ ᠦᠭᠡᠢ ᠪᠠᠶᠢᠪᠠᠯ ᠪᠤᠯᠭᠤᠭᠠᠭᠰᠠᠨ ᠭᠤᠯᠢᠷ ᠤᠨ ᠱᠥᠯᠥ | ᠲᠠᠢ ᠬᠤᠯᠢᠵᠦ ᠳᠡᠵᠢᠭᠡᠨ᠎ᠡ᠃ | ᠲᠣᠷᠣᠢ ᠶᠢᠨ ᠡᠳᠡᠭᠡᠷᠡᠯᠲᠡ ᠶᠢᠨ ᠨᠤᠷᠮ᠎ᠠ ᠶᠢ ᠳᠡᠭᠡᠭᠰᠢᠯᠡᠭᠦᠯᠬᠦ᠄ ᠮᠡᠭᠡᠵᠢ ᠳᠤ ᠵᠣᠬᠢᠬᠤ ᠬᠡᠮᠵᠢᠶᠡᠨ ᠤ ᠲᠦᠬᠦᠭᠡᠢ ᠭᠠ ᠢᠳᠡᠭᠦᠯᠪᠡᠯ᠂ ᠳᠤᠷᠤᠢ ᠶᠢᠨ | ᠡᠳᠡᠭᠡᠷᠡᠯᠲᠡ ᠶᠢᠨ ᠨᠣᠷᠮ᠎ᠠ ᠶᠢ ᠳᠡᠭᠡᠭᠰᠢᠯᠡᠭᠦᠯᠵᠦ ᠴᠢᠳᠠᠨ᠎ᠠ᠃ ᠮᠡᠭᠡᠵᠢ ᠲᠣᠷᠦ᠋ᠢᠯᠠᠬᠤ ᠠᠴᠠ ᠡᠮᠦᠨᠡᠬᠢ ᠬᠠᠭᠠᠰ ᠰᠠᠷ᠎ᠠ ᠳᠤ᠂ ᠳᠦᠭᠦᠭᠡᠢ ᠭᠠ ᠶᠢ | ᠨᠢᠴᠠᠯᠵᠦ ᠴᠢᠨᠠᠭᠠᠳ ᠭᠠ ᠶᠢᠨ ᠱᠦᠯᠦ ᠭᠠᠷᠭᠠᠵᠦ᠂ ᠮᠡᠭᠡᠵᠢ ᠶᠢᠨ ᠪᠤᠷᠳᠤᠭᠠᠨ ᠳᠤ ᠬᠤᠪᠢᠶᠠᠵᠦ ᠬᠤᠯᠢᠵᠦ ᠲᠡᠵᠢᠭᠡᠪᠡᠯ᠂ ᠲᠤᠷᠦ᠋ᠢᠯᠠᠭᠰᠠᠨ ᠤ | ᠰᠡᠭᠦᠯᠡᠷᠬᠢ ᠲᠣᠷᠣᠢ ᠨᠢ ᠪᠡᠶ᠎ᠡ ᠴᠢᠬᠢᠷᠠᠭ᠂ ᠪᠠᠬᠢ᠂ ᠬᠦᠨᠳᠦ ᠶᠢᠨ ᠨᠡᠮᠡᠭᠳᠡᠯ ᠨᠢ ᠲᠦᠷᠭᠡᠨ ᠮᠦᠷᠳᠡᠭᠡᠨ ᠡᠳᠡᠭᠡᠷᠡᠯᠲᠡ ᠶᠢᠨ ᠨᠣᠷᠮ᠎ᠠ ᠨᠢ 99% ᠠᠴᠠ | ᠳᠡᠭᠡᠭᠰᠢ ᠳᠤ ᠬᠦᠷᠦᠨ᠎ᠡ᠃ | ᠭᠠᠭ᠋ᠠᠢ ᠶᠢᠨ ᠪᠠᠭᠠᠰᠤ ᠠᠯᠳᠠᠬᠤ ᠶᠢ ᠵᠠᠰᠠᠬᠤ᠄ ᠲᠦᠬᠦᠭᠡᠢ ᠭᠠ᠂ ᠪᠤᠯᠭᠤᠭᠠᠭᠰᠠᠨ ᠦᠨᠳᠡᠭᠡᠨ ᠰᠢᠷ᠎ᠠ ᠶᠢ ᠬᠡᠮᠬᠡᠯᠵᠦ ᠭᠠᠭ᠋ᠠᠢ ᠳᠤ ᠨᠢᠭᠡ ᠯᠠ | ᠤᠳᠠᠭ᠎ᠠ ᠳᠤ ᠢᠳᠡᠭᠦᠯᠦᠨ᠎ᠡ᠃ ᠳᠦᠭᠦᠭᠡᠢ ᠭᠠ᠂ ᠴᠠᠢ᠂ ᠤᠯᠠᠭᠠᠨ ᠰᠢᠬᠢᠷ ᠢ ᠬᠤᠯᠢᠵᠤ ᠳᠡᠭᠡᠷ᠎ᠡ ᠨᠢ ᠤᠰᠤ ᠨᠡᠮᠡᠵᠦ ᠴᠢᠨᠠᠭᠠᠳ᠂ ᠭᠠᠭ᠋ᠠᠢ ᠶᠢᠨ | ᠪᠤᠷᠳᠤᠭᠠᠨ ᠳᠤ ᠬᠤᠯᠢᠵᠦ ᠡᠳᠦᠷ ᠪᠦᠷᠢ 2 ᠤᠳᠠᠭ᠎ᠠ ᠲᠡᠵᠢᠭᠡᠨ᠎ᠡ᠃ ᠪᠠᠰᠠ ᠭᠠ᠂ ᠴᠠᠢ᠂ ᠤᠯᠠᠭᠠᠨ ᠰᠢᠬᠢᠷ ᠳᠡᠭᠡᠷ᠎ᠡ ᠤᠰᠤ ᠬᠢᠵᠦ ᠴᠢᠨᠠᠭᠠᠳ᠂ | ᠰᠢᠭᠠᠷᠤ ᠶᠢ ᠨᠢ ᠬᠠᠶᠠᠵᠦ ᠰᠢᠩᠭᠡᠨ ᠢ ᠨᠢ ᠡᠳᠦᠷ ᠪᠦᠷᠢ 2 ᠤᠳᠠᠭ᠎ᠠ ᠤᠤᠭᠤᠯᠭᠠᠪᠠᠯ᠂ ᠳᠤᠷᠤᠢ ᠶᠢᠨ ᠪᠠᠭᠠᠰᠤ ᠠᠯᠳᠠᠬᠤ ᠶᠢ ᠵᠠᠰᠠᠵᠤ ᠴᠢᠳᠠᠨ᠎ᠠ᠃ | ᠲᠠᠷᠭᠤᠯᠠᠭᠤᠯᠵᠤ ᠡᠷᠡᠭᠦᠯᠵᠢᠭᠦᠯᠬᠦ ᠦᠢᠯᠡᠳᠦᠯ ᠲᠠᠢ᠄ ᠲᠦᠬᠦᠭᠡᠢ ᠭᠠ ᠶᠢ ᠨᠢᠴᠠᠯᠵᠤ ᠴᠢᠨᠠᠵᠦ ᠱᠦᠯᠦ ᠭᠠᠷᠭᠠᠭᠠᠳ 15 ᠡᠳᠦᠷ ᠤᠷᠴᠢᠮ ᠪᠤᠯᠵᠦ | ᠪᠠᠶᠢᠭ᠎ᠠ ᠨᠢᠯᠬ᠎ᠠ ᠳᠤᠷᠤᠢ ᠶᠢᠨ ᠪᠤᠷᠳᠤᠭᠠᠨ ᠳᠤ 3~4 ᠤᠳᠠᠭ᠎ᠠ ᠬᠤᠪᠢᠶᠠᠵᠦ ᠬᠤᠯᠢᠵᠦ ᠲᠡᠵᠢᠭᠡᠪᠡᠯ᠂ ᠳᠤᠷᠤᠢ ᠶᠢᠨ ᠡᠳᠡᠭᠡᠷᠡᠯᠲᠡ ᠶᠢᠨ ᠨᠤᠷᠮ᠎ᠠ ᠶᠢ | ᠳᠡᠭᠡᠭᠰᠢᠯᠡᠭᠦᠯᠵᠦ ᠴᠢᠳᠠᠬᠤ ᠮᠦᠷᠳᠡᠭᠡᠨ ᠪᠠᠰᠠ ᠳᠤᠷᠤᠢ ᠶᠢᠨ ᠡᠬᠢᠨ ᠤ ᠬᠤᠭᠤᠴᠠᠭᠠᠨ ᠤ ᠬᠦᠨᠳᠦ ᠶᠢᠨ ᠨᠡᠮᠡᠭᠳᠡᠯ ᠢ ᠲᠦᠷᠭᠡᠳᠭᠡᠵᠦ ᠴᠢᠳᠠᠨ᠎ᠠ︔ | ᠳᠦᠭᠦᠭᠡᠢ ᠭᠠ ᠶᠢ ᠬᠠᠲᠠᠭᠠᠵᠦ ᠠᠳᠠᠯᠢ ᠭᠡᠮᠵᠢᠶᠠᠨ ᠤ ᠨᠠᠷᠠᠨ ᠳᠤ ᠬᠠᠳᠠᠭᠠᠭᠰᠠᠨ ᠵᠦᠷᠵᠢ ᠶᠢᠨ ᠬᠠᠯᠢᠰᠤ ᠲᠠᠢ ᠬᠤᠯᠢᠵᠤ ᠨᠤᠨᠳᠠᠭᠯᠠᠨ ᠬᠠᠷᠢᠴᠠᠯ ᠢᠶᠠᠷ | ᠪᠤᠷᠳᠤᠭ᠎ᠠ ᠲᠠᠢ ᠬᠤᠯᠢᠵᠤ ᠲᠡᠵᠢᠭᠡᠪᠡᠯ᠂ ᠪᠤᠷᠳᠤᠬᠤ ᠦᠷ᠎ᠡ ᠳ᠋ᠦᠩ ᠨᠢ ᠮᠠᠰᠢ ᠰᠠᠶᠢᠨ ᠪᠠᠶᠢᠳᠠᠭ᠃ | |