| ᠢᠳᠡᠰᠢᠨ ᠦᠬᠡᠷ ᠨᠢ ᠪᠦᠳᠦᠭᠦᠯᠢᠭ ᠪᠤᠷᠳᠤᠭ᠎ᠠ᠂ ᠲᠡᠵᠢᠭᠡᠯ ᠡᠪᠡᠰᠦ ᠵᠡᠷᠭᠡ ᠶᠢ ᠢᠳᠡᠰᠢᠯᠡᠬᠦ ᠳᠤ ᠦᠷᠭᠦᠯᠵᠢ ᠭᠠᠵᠠᠷ ᠲᠠᠢ ᠬᠦᠷᠦᠯᠴᠡᠳᠡᠭ ᠠᠴᠠ | ᠰᠢᠩᠭᠡᠭᠡᠯᠲᠡ ᠶᠢᠨ ᠵᠠᠮ ᠨᠢ ᠠᠮᠠᠷᠬᠠᠨ ᠡᠯ᠎ᠡ ᠵᠦᠢᠯ ᠤᠨ ᠤᠳᠠᠰᠤᠯᠢᠭ ᠬᠤᠷᠤᠬᠠᠢ ᠳᠤ ᠬᠠᠯᠳᠠᠪᠤᠷᠢᠯᠠᠭᠳᠠᠨ᠂ ᠪᠡᠶ᠎ᠡ ᠶᠢᠨ ᠭᠠᠳᠠᠷ ᠨᠢ ᠪᠠᠰᠠ ᠪᠦᠭᠡᠰᠦ᠂ | ᠬᠠᠴᠢᠭ᠂ ᠬᠤᠪᠡᠯᠵᠠ᠂ ᠢᠯᠠᠭᠠᠨ ᠤ ᠦᠳᠤ ᠵᠡᠷᠭᠡ ᠮᠦᠯᠵᠢᠭᠦᠷ ᠬᠤᠷᠤᠬᠠᠢ ᠠᠮᠠᠷᠬᠠᠨ ᠬᠠᠯᠳᠠᠪᠤᠷᠢᠯᠠᠬᠤ ᠪᠣᠯᠣᠨ᠎ᠠ᠃ ᠦᠬᠡᠷ ᠤᠨ ᠪᠡᠶ᠎ᠡ ᠨᠢ ᠮᠦᠯᠵᠢᠭᠦᠷ | ᠬᠤᠷᠤᠬᠠᠢ ᠵᠡᠷᠭᠡ ᠳᠤ ᠬᠦᠩᠭᠡᠨ ᠠᠴᠠ ᠲᠤᠮᠳᠠ ᠵᠡᠷᠭᠡ ᠬᠠᠯᠳᠠᠪᠦᠷᠢᠯᠠᠭᠳᠠᠭᠰᠠᠨ ᠤ ᠲᠠᠷᠠᠭ᠎ᠠ᠂ ᠪᠣᠷᠳᠤᠭ᠎ᠠ ᠶᠢᠨ ᠬᠤᠪᠢᠷᠠᠭᠠᠯᠲᠠ ᠶᠢ ᠨᠦᠯᠦᠭᠡᠯᠡᠬᠦ | ᠪᠣᠯᠣᠨ᠎ᠠ᠂ ᠭᠤᠤᠯᠳᠠᠭᠤ ᠢᠳᠡᠭᠡᠨ ᠤ ᠲᠤᠷᠠᠰᠢᠯ ᠮᠠᠭᠤᠲᠠᠵᠦ᠂ ᠤᠭᠤᠷᠠᠭ ᠪᠠ ᠡᠨᠧᠷᠬᠢ ᠶᠢᠨ ᠠᠰᠢᠭᠯᠠᠮᠵᠢ ᠳᠤᠷᠤᠭᠰᠢᠯᠠᠬᠤ ᠶᠢᠨ ᠤᠯᠠᠮ ᠠᠴᠠ ᠺᠧᠲ᠋ᠤᠨ | ᠪᠡᠶ᠎ᠡ ᠶᠢᠨ ᠴᠢᠨᠠᠷ ᠬᠢᠭᠡᠳ ᠬᠦᠨᠳᠤ ᠶᠢᠨ ᠨᠡᠮᠡᠭᠳᠡᠯ ᠢ ᠨᠦᠯᠦᠭᠡᠯᠡᠵᠦ᠂ ᠢᠳᠡᠰᠢᠨ ᠦᠬᠡᠷ ᠢ ᠲᠡᠵᠢᠭᠡᠬᠦ ᠠᠵᠦ ᠠᠬᠤᠢ ᠶᠢᠨ ᠦᠷ᠎ᠡ ᠠᠰᠢᠭ ᠢ ᠨᠦᠯᠦᠭᠡᠯᠡᠬᠦ | ᠪᠣᠯᠣᠨ᠎ᠠ᠃ ᠡᠶᠢᠮᠤ ᠠᠴᠠ᠂ ᠢᠳᠡᠰᠢᠨ ᠦᠬᠡᠷ ᠢ ᠪᠤᠷᠳᠤᠬᠤ ᠠᠴᠠ ᠡᠮᠦᠨᠡᠬᠢ ᠪᠡᠯᠡᠳᠬᠡᠯ ᠲᠡᠵᠢᠭᠡᠬᠦ ᠬᠤᠭᠤᠴᠠᠭᠠᠨ ᠳᠤ ᠡᠷᠬᠡᠪᠰᠢ ᠬᠤᠷᠤᠬᠠᠢ ᠶᠢ | ᠲᠠᠭᠤᠬᠤ ᠭᠡᠷᠡᠭᠳᠡᠢ᠃ ᠬᠤᠷᠤᠬᠠᠢ ᠲᠠᠭᠤᠬᠤ ᠠᠵᠢᠯ ᠢ ᠦᠳᠡ ᠶᠢᠨ ᠬᠤᠶᠢᠨ᠎ᠠ ᠪᠤᠶᠤ ᠰᠥᠨᠢ ᠶᠠᠪᠤᠭᠳᠠᠭᠤᠯᠤᠨ᠎ᠠ᠂ ᠢᠩᠬᠢᠪᠡᠯ ᠦᠬᠡᠷ ᠳᠠᠷᠠᠭ᠎ᠠ ᠡᠳᠤᠷ | ᠨᠢ ᠬᠤᠷᠤᠬᠠᠢ ᠶᠢ ᠭᠠᠳᠠᠭᠰᠢᠯᠠᠭᠤᠯᠤᠭᠠᠳ᠂ ᠬᠤᠷᠤᠬᠠᠢ ᠶᠢ ᠴᠡᠪᠡᠷᠯᠡᠬᠦ ᠳᠤ ᠲᠦᠭᠦᠮ ᠪᠠᠶᠢᠳᠠᠭ᠃ ᠬᠤᠷᠤᠬᠠᠢ ᠲᠠᠭᠤᠬᠤ ᠠᠵᠢᠯ ᠢ ᠢᠳᠡᠰᠢᠨ ᠦᠬᠡᠷ ᠢ | ᠥᠯᠥᠰᠬᠦᠯᠡᠩ ᠦᠶ᠎ᠡ ᠳᠤ ᠶᠠᠪᠤᠭᠳᠠᠭᠤᠯᠵᠤ᠂ ᠡᠮ ᠥᠭᠬᠦ ᠠᠴᠠ ᠡᠮᠦᠨ᠎ᠡ ᠬᠠᠮᠤᠭ ᠰᠠᠶᠢᠨ ᠨᠢ ᠬᠡᠳᠦᠨ ᠴᠠᠭ ᠲᠡᠵᠢᠭᠡᠬᠦ ᠶᠢ ᠵᠤᠭᠰᠤᠭᠠᠵᠣ᠂ ᠵᠦᠪᠬᠡᠨ | ᠤᠰᠤ ᠤᠤᠭᠤᠯᠭᠠᠪᠠᠯ᠂ ᠡᠮ ᠤᠨ ᠰᠢᠩᠭᠡᠬᠦ ᠳᠤ ᠠᠰᠢᠭᠲᠠᠢ ᠮᠦᠷᠲᠡᠭᠡᠨ ᠡᠮ ᠤᠨ ᠬᠦᠴᠦ ᠶᠢ ᠳᠡᠭᠡᠭᠰᠢᠯᠡᠭᠦᠯᠵᠦ ᠴᠢᠳᠠᠨ᠎ᠠ᠃ ᠬᠤᠷᠤᠬᠠᠢ ᠶᠢ | ᠲᠠᠭᠤᠭᠰᠠᠨ ᠤ ᠲᠠᠷᠠᠭ᠎ᠠ᠂ ᠢᠳᠡᠰᠢᠨ ᠦᠬᠡᠷ ᠢ ᠬᠤᠶᠠᠷ ᠭᠠᠷᠠᠭ ᠲᠤᠰᠠᠭᠠᠷᠯᠠᠵᠤ ᠲᠡᠵᠢᠭᠡᠨ᠂ ᠪᠠᠭᠠᠰᠦ ᠢᠯᠭᠠᠳᠠᠰᠤ ᠶᠢ ᠨᠢ ᠠᠷᠢᠭᠤᠳᠬᠠᠵᠦ᠂ ᠬᠤᠣᠷ | ᠦᠭᠡᠶᠢᠲᠡᠭᠦᠯᠦᠨ ᠰᠢᠢᠳᠪᠦᠷᠢᠯᠡᠨ᠎ᠡ᠃ | ᠰᠢᠨ᠎ᠡ ᠤᠷᠤᠭᠤᠯᠤᠭᠰᠠᠨ ᠢᠳᠡᠰᠢᠨ ᠦᠬᠡᠷ ᠨᠢ ᠤᠷᠴᠢᠨ ᠲᠤᠭᠤᠷᠢᠨ ᠤ ᠬᠤᠪᠢᠷᠠᠯᠲᠠ᠂ ᠵᠦᠭᠡᠭᠡᠪᠦᠷᠢᠯᠡᠬᠦ᠂ ᠠᠶᠤᠵᠤ ᠰᠤᠴᠢᠬᠤ ᠵᠡᠷᠭᠡ | ᠰᠢᠯᠲᠠᠭᠠᠨ ᠠᠴᠠ ᠠᠮᠠᠷᠬᠠᠨ ᠰᠡᠷᠡᠯᠵᠢᠬᠦ ᠤᠷᠪᠠᠯ ᠡᠭᠦᠰᠦᠨ᠎ᠡ᠂ ᠡᠭᠦᠨ ᠳᠤ ᠤᠤᠭᠤᠬᠤ ᠤᠰᠤᠨ ᠳᠤᠨᠢ ᠪᠠᠭ᠎ᠠ ᠬᠡᠮᠵᠢᠶᠡᠨ ᠤ ᠬᠤᠭᠤᠯᠠᠨ ᠤ ᠲᠠᠪᠤᠰᠤ ᠪᠠ | ᠤᠯᠠᠭᠠᠨ ᠰᠢᠬᠢᠷ ᠬᠢᠵᠦ ᠦᠷᠬᠦᠯᠵᠢᠯᠡᠨ ᠨᠢᠭᠡ ᠭᠠᠷᠠᠭ ᠤᠰᠤᠯᠠᠬᠤ ᠪᠦᠭᠡᠳ ᠬᠥᠬᠡ ᠡᠪᠡᠰᠦ ᠪᠤᠶᠤ ᠬᠥᠬᠡ ᠬᠠᠭᠤᠷᠠᠢ ᠡᠪᠡᠰᠦ ᠪᠠᠷ ᠢᠯᠡᠭᠦᠦ ᠲᠡᠵᠢᠭᠡᠵᠦ᠂ | 2 ᠡᠳᠤᠷ ᠪᠣᠯᠣᠭᠰᠠᠨ ᠤ ᠰᠡᠭᠦᠯᠡᠷ ᠪᠠᠭ᠎ᠠ ᠬᠡᠮᠵᠢᠶᠡᠨ ᠤ ᠬᠡᠪᠡᠭ ᠨᠡᠮᠡᠵᠦ ᠢᠳᠡᠭ ᠢᠳᠡᠭ ᠢᠶᠠᠷ ᠰᠢᠯᠵᠢᠭᠦᠯᠦᠨ᠎ᠡ᠂ ᠦᠬᠡᠷ ᠤᠨ ᠰᠦᠷᠦᠭ ᠤᠨ ᠢᠳᠡᠰᠢᠯᠡᠬᠦ᠂ | ᠪᠠᠭᠠᠬᠤ ᠢᠯᠭᠠᠳᠠᠰᠤ ᠬᠢᠭᠡᠳ ᠴᠤᠭ ᠰᠦᠯᠳᠡ ᠶᠢᠨ ᠪᠠᠶᠢᠳᠠᠯ ᠢ ᠠᠩᠬᠠᠷᠴᠦ ᠠᠵᠢᠭᠯᠠᠨ᠂ ᠪᠦᠬᠦ᠋ᠢᠯᠡ ᠦᠬᠡᠷ ᠤᠨ ᠰᠦᠷᠦᠭ ᠪᠦᠷ ᠲᠤᠭᠳᠠᠭᠤᠨ | ᠪᠤᠯᠤᠭᠰᠠᠨ ᠤ ᠲᠠᠷᠠᠭ᠎ᠠ ᠰᠠᠶ᠋ᠢ ᠬᠤᠷᠤᠬᠠᠢ ᠲᠠᠭᠤᠬᠤ ᠪᠤᠶᠤ ᠬᠤᠳᠤᠭᠤᠳᠤ ᠶᠢ ᠰᠠᠶᠢᠵᠢᠷᠠᠭᠤᠯᠤᠨ᠎ᠠ᠃ | ᠬᠤᠷᠤᠬᠠᠢ ᠲᠠᠭᠤᠬᠤ ᠤᠳᠤᠬᠠᠨ ᠳᠤ᠂ ᠬᠤᠷᠤᠬᠠᠢ ᠲᠠᠭᠤᠬᠤ ᠡᠮ ᠤᠨ ᠲᠦᠷᠦᠯ ᠵᠦᠢᠯ ᠲᠤᠩ ᠤᠯᠠᠨ ᠪᠠᠶᠢᠵᠤ᠂ ᠠ ᠹᠦ᠋ ᠮᠢ ᠳ᠋ᠢᠩ ︵阿 | 弗米丁︶᠂ ᠫᠡᠷᠤᠫᠢᠯ ᠬᠦᠬᠦᠷᠳᠤ ᠪᠧᠨ᠋ᠽᠸᠡ ᠢᠮᠢᠳᠠᠽᠤᠯ ︵丙硫苯咪唑︶᠂ ᠳ᠋ᠢ ᠪᠠᠢ ᠴᠦᠩ ︵敌百虫︶᠂ | ᠵᠡᠭᠦᠨᠰᠢ ᠡᠷᠭᠢᠯᠭᠡᠳᠦ ᠢᠮᠢᠳᠠᠽᠤᠯ ︵左旋咪唑︶ ᠵᠡᠷᠭᠡ ᠶᠢ ᠪᠠᠶᠢᠩᠭᠤ ᠬᠡᠷᠡᠭᠯᠡᠵᠦ ᠪᠠᠶᠢᠨ᠎ᠠ᠃ ᠴᠦᠩ ᠺᠧ ᠰᠢᠩ ︵ᠠ ᠸᠧᠢ | ᠪᠠᠺᠲ᠋ᠧᠷᠢ ᠶᠢᠨ ᠡᠳ᠋︶ ︵虫克星 ︵阿菌维素︶︶ ᠢᠶᠠᠷ ᠬᠤᠷᠤᠬᠠᠢ ᠲᠠᠭᠤᠬᠤ ᠲᠠᠷᠢᠭᠦᠨ ᠰᠤᠩᠭᠤᠯᠲᠠ ᠡᠮ ᠪᠤᠯᠭᠠᠵᠦ ᠪᠤᠯᠤᠨ᠎ᠠ᠂ | ᠲᠤᠰ ᠡᠮ ᠨᠢ ᠮᠠᠯ ᠵᠢᠭᠦᠷᠲᠡᠨ ᠤ ᠪᠡᠶ᠎ᠡ ᠲᠤᠳᠤᠷᠠᠬᠢ ᠬᠡᠳᠤᠨ ᠠᠷᠪᠠᠨ ᠵᠦᠢᠯ ᠤᠨ ᠤᠲᠠᠰᠤᠯᠢᠭ ᠬᠤᠷᠤᠬᠠᠢ ᠬᠢᠭᠡᠳ ᠪᠠᠶ᠎ᠡ ᠶᠢᠨ ᠭᠠᠳᠠᠨᠠᠬᠢ ᠪᠦᠭᠡᠰᠦ᠂ | ᠬᠠᠴᠢᠭ᠂ ᠬᠤᠪᠡᠯᠵᠠ᠂ ᠢᠯᠠᠭᠠᠨ ᠤ ᠦᠳᠤ ᠵᠡᠷᠭᠡ ᠪᠡᠶ᠎ᠡ ᠶᠢᠨ ᠳᠤᠲᠣᠷ ᠭᠠᠳᠠᠨᠠᠬᠢ ᠮᠦᠯᠵᠢᠭᠦᠷ ᠬᠤᠷᠤᠬᠠᠢ ᠶᠢ ᠠᠯᠠᠬᠤ ᠳᠤ ᠪᠦᠷ ᠰᠠᠶᠢᠨ ᠪᠠᠶᠢᠳᠠᠭ᠃ | ᠠᠳᠠᠯᠢ ᠪᠤᠰᠤ ᠡᠮ ᠤᠨ ᠬᠡᠯᠪᠡᠷᠢ ᠶᠢ ᠦᠨᠳᠤᠰᠤᠯᠡᠵᠦ ᠤᠤᠭᠤᠯᠭᠠᠬᠤ᠂ ᠴᠢᠳᠬᠤᠨ ᠤᠤᠭᠤᠯᠭᠠᠬᠤ ᠪᠠ ᠠᠷᠠᠰᠦᠨ ᠲᠤᠤᠷ᠎ᠠ ᠲᠠᠷᠢᠨ᠎ᠠ᠃ ᠬᠡᠷᠡᠭᠯᠡᠬᠦ | ᠬᠡᠮᠵᠢᠶ᠎ᠡ ᠶᠢ 3 ᠺᠢᠯᠤᠭ᠍ᠷᠡᠮ ᠪᠦᠷᠢ ᠪᠠᠶ᠎ᠡ ᠶᠢᠨ ᠬᠦᠨᠳᠤ ᠳᠤ 10 ᠮᠢᠯᠢᠭᠷᠡᠮ ᠪᠠᠶᠢᠯᠭᠠᠵᠦ᠂ ᠴᠢᠳᠬᠤᠨ ᠤᠤᠭᠤᠯᠭᠠᠬᠤ ᠪᠤᠶᠤ ᠪᠤᠷᠳᠤᠭᠠᠨ ᠳᠤ ᠬᠤᠯᠢᠵᠤ | ᠢᠳᠡᠭᠦᠯᠦᠨ᠎ᠡ᠃ ᠬᠦᠵᠦᠭᠦᠨ ᠤ ᠠᠷᠠᠰᠦᠨ ᠲᠤᠤᠷ᠎ᠠ ᠪᠣᠯ 10 ᠺᠢᠯᠤᠭ᠍ᠷᠡᠮ ᠪᠡᠶ᠎ᠡ ᠶᠢᠨ ᠬᠦᠨᠳᠤ ᠳᠤ 0.2 ᠮᠢᠯᠢᠯᠢᠲᠷ ᠲᠠᠷᠢᠨ᠎ᠠ᠃ | ᠪᠠᠶᠢᠩᠭᠤ ᠬᠡᠷᠡᠭᠯᠡᠬᠦ ᠠ ᠸᠧᠢ ᠪᠠᠺᠲ᠋ᠧᠷᠢ ᠶᠢᠨ ᠡᠳ᠋ ︵阿维菌素︶᠂ ᠢ ᠸᠧᠢ ᠪᠠᠺᠲ᠋ᠧᠷᠢ ᠶᠢᠨ ᠡᠳ᠋ ︵伊维菌素︶ | ᠵᠡᠷᠭᠡ ᠡᠮ ᠢᠶᠠᠷ ᠢᠳᠡᠰᠢᠨ ᠦᠬᠡᠷ ᠤᠨ ᠬᠤᠷᠤᠬᠠᠢ ᠶᠢ ᠲᠠᠭᠤᠬᠤ ᠳᠤ ᠬᠤᠳᠠᠯᠳᠤᠨ ᠠᠪᠤᠭᠰᠠᠨ ᠬᠤᠷᠤᠬᠠᠢ ᠲᠠᠭᠤᠬᠤ ᠡᠮ ᠤᠨ ᠠᠭᠤᠯᠤᠡᠡᠳᠠᠴᠠ ᠨᠢ | ᠲᠣᠭᠲᠠᠭᠰᠠᠨ ᠪᠠᠷᠢᠮᠵᠢᠶᠡᠨ ᠳᠤ ᠬᠦᠷᠬᠦ ᠦᠬᠡᠢ ᠠᠴᠠ ᠬᠤᠷᠤᠬᠠᠢ ᠲᠠᠭᠤᠬᠤ ᠦᠷ᠎ᠡ ᠳ᠋ᠦᠩ ᠨᠢ ᠮᠠᠭᠤ ᠪᠣᠯᠪᠠ ᠭᠡᠵᠦ ᠮᠠᠰᠢ ᠤᠯᠠᠨ ᠦᠬᠡᠷ ᠲᠡᠵᠢᠭᠡᠬᠦ | ᠡᠷᠦᠬᠡ ᠳᠤᠰᠬᠠᠭᠰᠠᠨ ᠪᠠᠶᠢᠨ᠎ᠠ᠃ ᠬᠡᠷᠪᠡ ᠡᠶᠢᠮᠦ ᠪᠠᠶᠢᠪᠠᠯ᠂ ᠪᠤᠷᠳᠤᠬᠤ ᠢᠳᠡᠰᠢᠨ ᠦᠬᠡᠷ ᠤᠨ ᠪᠡᠶ᠎ᠡ ᠲᠤᠲᠤᠷᠠᠬᠢ ᠬᠤᠷᠤᠬᠠᠢ ᠶᠢ ᠲᠠᠭᠤᠬᠤ ᠳᠤ ᠫᠡᠷᠤᠫᠠ | ᠬᠦᠬᠦᠷᠲᠦ ᠢᠮᠢᠳᠠᠽᠤᠯ ︵丙硫咪唑︶ ᠢ ᠬᠡᠷᠡᠭᠯᠡᠵᠦ ᠪᠤᠯᠤᠨ᠎ᠠ᠂ ᠨᠢᠭᠡ ᠤᠳᠠᠭ᠎ᠠ ᠳᠤ ᠤᠤᠭᠤᠯᠭᠠᠬᠤ ᠬᠡᠮᠵᠢᠶ᠎ᠡ ᠶᠢ ᠺᠢᠯᠤᠭ᠍ᠷᠡᠮ ᠪᠦᠷᠢ | ᠪᠡᠶ᠎ᠡ ᠶᠢᠨ ᠬᠦᠨᠳᠤ ᠳᠤ 10 ᠮᠢᠯᠢᠭᠷᠡᠮ ᠪᠠᠶᠢᠯᠭᠠᠬᠤ ᠪᠤᠶᠤ ᠲᠠᠪᠤᠰᠤᠨ ᠬᠦᠴᠢᠯ ᠤᠨ ᠵᠡᠭᠦᠨᠰᠢ ᠡᠷᠭᠢᠯᠭᠡᠲᠦ ᠢᠮᠢᠳᠠᠽᠤᠯ ︵盐酸左旋咪唑 | ︶ ᠢ ᠦᠯᠦᠨ ᠢᠶᠠᠷ ᠺᠢᠯᠤᠭ᠍ᠷᠡᠮ ᠪᠦᠷᠢ ᠪᠡᠶ᠎ᠡ ᠶᠢᠨ ᠬᠦᠨᠳᠤ ᠳᠤ 7.5~10 ᠮᠢᠯᠢᠭᠷᠡᠮ ᠤᠤᠭᠤᠯᠭᠠᠨ᠎ᠠ᠃ ᠡᠯᠢᠭᠡᠨ ᠢᠯᠲᠠᠰᠤᠨ ᠰᠤᠷᠤᠭᠤᠯᠳᠤ ᠬᠤᠷᠤᠬᠠᠢ | ᠲᠠᠢ ᠭᠠᠵᠠᠷ ᠤᠷᠤᠨ ᠳᠤ ᠪᠣᠯ ᠠᠽᠤᠲ ᠬᠦᠴᠢᠯ ᠤᠨ ᠾᠯᠤᠷᠤᠹᠧᠨᠤᠯ ︵硝氯酚︶ ᠵᠡᠷᠭᠡ ᠡᠮ ᠢᠶᠠᠷ ᠬᠤᠷᠤᠬᠠᠢ ᠶᠢ ᠲᠠᠭᠤᠵᠤ ᠪᠤᠯᠤᠨ᠎ᠠ᠃ | ᠡᠭᠦᠨ ᠠᠴᠠ ᠭᠠᠳᠠᠨ᠎ᠠ᠂ ᠲᠤᠨ ᠪᠦᠷᠢ ᠪᠤᠷᠳᠤᠭᠠᠨ ᠳᠤ 0.5 ᠺᠢᠯᠤᠭ᠍ᠷᠡᠮ | ᠹᠧᠨᠤᠲᠷᠤᠺᠰᠢᠠ ᠹᠧᠨᠢᠯ ᠠᠽᠤᠯ ︵芬苯达唑︶ ᠢ ᠨᠡᠮᠡᠵᠦ᠂ ᠬᠡᠪ ᠤᠨ ᠲᠡᠵᠢᠭᠡᠬᠦ ᠠᠷᠭ᠎ᠠ ᠪᠠᠷ ᠲᠡᠵᠢᠭᠡᠪᠡᠯ ᠪᠠᠰᠠ ᠢᠳᠡᠰᠢᠨ ᠦᠭᠡᠷ ᠤᠨ | ᠪᠡᠶ᠎ᠡ ᠶᠢᠨ ᠳᠤᠲᠣᠷ ᠭᠠᠳᠠᠨᠠᠬᠢ ᠬᠤᠷᠤᠬᠠᠢ ᠶᠢ ᠨᠡᠯᠢᠶᠡᠳ ᠰᠠᠶᠢᠨ ᠲᠠᠭᠤᠵᠦ ᠴᠢᠳᠠᠨ᠎ᠠ᠃ ᠠᠩᠬᠠᠷᠬᠤ ᠨᠢ᠂ ᠪᠤᠷᠳᠤᠭᠠᠨ ᠳᠤ ᠬᠤᠷᠤᠬᠠᠢ ᠲᠠᠭᠤᠬᠤ ᠡᠮ ᠢ | ᠨᠡᠮᠡᠵᠦ ᠲᠡᠵᠢᠭᠡᠬᠦ ᠳᠤ ᠡᠷᠭᠡᠪᠰᠢ ᠵᠢᠭᠳᠡ ᠬᠤᠯᠢᠵᠦ᠂ ᠵᠠᠷᠢᠮ ᠦᠬᠡᠷ ᠤᠨ ᠤᠯᠵᠤ ᠢᠳᠡᠭᠰᠡᠨ ᠦᠬᠡᠢ ᠠᠴᠠ ᠪᠤᠯᠵᠤ ᠬᠤᠷᠤᠬᠠᠢ ᠲᠠᠭᠤᠬᠤ ᠦᠷ᠎ᠡ | ᠳ᠋ᠦᠩ ᠢ ᠨᠦᠯᠦᠭᠡᠯᠡᠬᠦ ᠠᠴᠠ ᠪᠤᠯᠭᠤᠮᠵᠢᠯᠠᠨ᠎ᠠ᠃ | ᠢᠳᠡᠰᠢᠨ ᠦᠬᠡᠷ ᠤᠨ ᠪᠡᠶ᠎ᠡ ᠶᠢᠨ ᠭᠠᠳᠠᠷᠭᠤ ᠳᠠᠬᠢ ᠮᠦᠯᠵᠢᠭᠦᠷ ᠬᠤᠷᠤᠬᠠᠢ ᠶᠢ ᠠᠷᠢᠯᠭᠠᠬᠤ ᠳᠤ ᠦᠷᠭᠦᠯᠵᠢ ᠦᠳᠭᠡᠴᠡ ᠨᠢ 2%~5% ᠶᠢᠨ | ᠳ᠋ᠢ ᠪᠠᠢ ᠴᠦᠩ ︵敌百虫︶ ᠤᠨ ᠠᠭᠤᠰᠤᠮᠠᠯ ᠢ ᠦᠬᠡᠷ ᠤᠨ ᠪᠡᠶ᠎ᠡ ᠳᠡᠭᠡᠷ᠎ᠡ ᠲᠦᠷᠬᠢᠬᠦ ︵ᠦᠬᠡᠷ ᠲᠤ ᠠᠮᠠᠨ ᠰᠢᠩᠬᠡᠯᠢᠭ ᠵᠡᠭᠦᠯᠭᠡᠨ᠎ᠡ︶ ᠪᠤᠶᠤ | ᠦᠳᠬᠡᠴᠡ ᠨᠢ 0.3% ᠶᠢᠨ ᠬᠡᠳᠤ ᠬᠦᠴᠢᠯᠳᠦ᠋ᠷᠦᠭᠴᠢᠳᠦ ᠡᠲ᠋ᠠ ᠬᠦᠴᠢᠯ ︵过氧乙酸︶ ᠢ ᠦᠬᠡᠷ ᠤᠨ ᠪᠡᠶ᠎ᠡ ᠳᠡᠭᠡᠷ᠎ᠡ ᠰᠦᠷᠴᠢᠵᠦ᠂ | ᠲᠠᠬᠢᠨ ᠦᠳᠭᠡᠴᠡ ᠨᠢ 0.25% ᠶᠢᠨ ᠬᠠᠴᠢᠭ ᠴᠠᠪᠠᠷ ᠴᠢᠢᠳᠡᠮᠡᠭ ︵螨净乳剂︶ ᠢ ᠦᠬᠡᠷ ᠤᠨ ᠪᠦᠬᠦ ᠪᠡᠶ᠎ᠡ ᠳᠡᠭᠡᠷ᠎ᠡ ᠨᠢᠭᠡ ᠤᠳᠠᠭ᠎ᠠ | ᠲᠦᠷᠬᠢᠨ᠎ᠡ᠂ ᠠᠩᠬ᠎ᠠ ᠤᠳᠠᠭ᠎ᠠ ᠡᠮ ᠬᠡᠷᠡᠭᠯᠡᠭᠡᠳ ᠨᠢᠭᠡ ᠭᠠᠷᠠᠭ ᠪᠣᠯᠪᠠᠯ ᠳᠠᠬᠢᠵᠦ ᠨᠢᠭᠡ ᠤᠳᠠᠭ᠎ᠠ ᠬᠡᠷᠡᠭᠯᠡᠨ᠎ᠡ᠃ ᠪᠤᠳᠠᠳᠠᠢ ᠬᠡᠷᠡᠭᠯᠡᠬᠦ ᠳᠤ ᠠᠩᠬᠠᠷᠬᠤ ᠨᠢ | ᠂ ᠡᠮ ᠤᠨ ᠬᠡᠷᠡᠭᠯᠡᠬᠦ ᠬᠡᠮᠵᠢᠶ᠎ᠡ ᠶᠢ ᠲᠤᠷ᠎ᠠ ᠪᠠᠷ ᠨᠡᠮᠡᠭᠳᠡᠭᠦᠯᠵᠦ ᠪᠤᠯᠬᠤ ᠦᠬᠡᠢ᠃ ᠬᠡᠪ ᠤᠨ ᠪᠤᠰᠤ ᠪᠠᠶᠢᠳᠠᠯ ᠢᠯᠡᠷᠡᠪᠡᠯ ᠡᠮ ᠬᠡᠷᠡᠭᠯᠡᠬᠦ ᠪᠠᠨ ᠳᠤᠤᠷ᠎ᠠ ᠨᠢ | ᠵᠤᠭᠰᠤᠵᠤ᠂ ᠰᠢᠨᠵᠢ ᠲᠡᠮᠳᠡᠭ ᠨᠢ ᠬᠦᠨᠳᠤ ᠦᠬᠡᠷ ᠢ ᠪᠣᠯ ᠮᠡᠯ ᠤᠨ ᠡᠮᠴᠢ ᠶᠢ ᠵᠠᠯᠠᠵᠦ ᠭᠡᠮ ᠳᠤᠨᠢ ᠲᠠᠭᠠᠷᠠᠭᠤᠯᠵᠤ ᠵᠠᠰᠠᠨ᠎ᠠ᠃ | ᠬᠤᠷᠤᠬᠠᠢ ᠶᠢ ᠲᠤᠭᠲᠠᠮᠠᠯ ᠬᠤᠭᠤᠴᠠᠭ᠎ᠠ ᠪᠠᠷ ᠲᠠᠭᠤᠵᠦ᠂ ᠶᠡᠷᠦ ᠳᠡᠭᠡᠨ ᠤᠯᠠᠷᠢᠯ ᠪᠦᠷᠢ ᠳᠤ ᠨᠢᠭᠡ ᠤᠳᠠᠭ᠎ᠠ ᠲᠠᠭᠤᠨ᠎ᠠ᠂ ᠬᠠᠮᠤᠭ ᠰᠠᠶᠢᠨ ᠨᠢ | ᠫᠡᠷᠤᠫᠠ ᠬᠦᠬᠦᠷᠲᠦ ᠢᠮᠢᠳᠠᠽᠤᠯ ︵丙硫咪唑︶ ᠪᠠ ᠢ ᠸᠧᠢ ᠪᠠᠺᠲ᠋ᠧᠷᠢ ᠶᠢᠨ ᠡᠳ᠋ ︵伊维菌素︶ ᠢ ᠬᠠᠮᠲᠤ ᠬᠡᠷᠡᠭᠯᠡᠨ᠎ᠡ᠃ | ᠪᠤᠳᠠᠳᠠᠢ ᠬᠡᠷᠡᠭᠯᠡᠬᠦ ᠠᠷᠭ᠎ᠠ ᠨᠢ᠄ ᠫᠷᠤᠫᠢᠯ ᠢᠮᠢᠳᠠᠽᠤᠯ ᠢ ᠺᠢᠯᠤᠭ᠍ᠷᠡᠮ ᠪᠦᠷᠢ ᠪᠠᠶ᠎ᠡ ᠶᠢᠨ ᠬᠦᠨᠳᠤ ᠳᠤ 15 ᠮᠢᠯᠢᠭᠷᠡᠮ ᠤᠤᠭᠤᠯᠭᠠᠬᠤ ᠶᠢᠨ ᠬᠠᠮᠲᠤ | ᠪᠤᠯᠴᠢᠩ ᠳᠤᠨᠢ 0.1% ᠶᠢᠨ ᠢ ᠸᠧᠢ ᠪᠠᠺᠲ᠋ᠧᠷᠢ ᠶᠢᠨ ᠡᠳ᠋ ᠢ ᠺᠢᠯᠤᠭ᠍ᠷᠡᠮ ᠪᠦᠷᠢ ᠪᠠᠶ᠎ᠡ ᠶᠢᠨ ᠬᠦᠨᠳᠤ ᠳᠤ 0.2 ᠮᠢᠯᠢᠭᠷᠡᠮ ᠲᠠᠷᠢᠨ᠎ᠠ᠂ ᠢᠩᠬᠢᠵᠦ | ᠬᠠᠮᠲᠦ ᠬᠡᠷᠡᠭᠯᠡᠪᠡᠯ ᠳᠡᠭᠡᠷ᠎ᠡ ᠶᠠᠷᠢᠭᠰᠠᠨ ᠮᠦᠯᠵᠢᠭᠦᠷ ᠬᠤᠷᠤᠬᠠᠢ ᠶᠢ ᠪᠦᠷ ᠮᠠᠰᠢ ᠰᠠᠶᠢᠨ ᠠᠷᠢᠯᠭᠠᠵᠦ ᠴᠢᠳᠠᠨ᠎ᠠ᠃ | ᠬᠤᠳᠤᠭᠤᠳᠤ ᠶᠢ ᠰᠠᠶᠢᠵᠢᠷᠠᠭᠤᠯᠬᠤ ᠲᠡᠵᠢᠭᠡᠬᠦ ᠠᠷᠭ᠎ᠠ ᠨᠢ ᠵᠤᠬᠢᠰ ᠦᠬᠡᠢ ᠪᠤᠶᠤ ᠪᠤᠷᠳᠤᠭ᠎ᠠ ᠨᠢ ᠴᠡᠪᠡᠷ ᠦᠭᠡᠢ ᠵᠡᠷᠭᠡ ᠰᠢᠯᠲᠠᠭᠠᠨ ᠠᠴᠠ | ᠢᠳᠡᠰᠢᠨ ᠦᠬᠡᠷ ᠤᠨ ᠭᠦᠵᠡᠭᠡ᠂ ᠰᠠᠷᠬᠢᠨᠠᠭ ᠲᠤ ᠠᠮᠠᠷᠬᠠᠨ ᠬᠤᠯᠢᠴᠠ ᠪᠤᠳᠠᠰ ᠦᠯᠡᠳᠡᠭᠡᠳ᠂ ᠢᠳᠡᠭᠡᠨ ᠤ ᠲᠤᠷᠠᠰᠢᠯ ᠪᠠ ᠰᠢᠩᠭᠡᠭᠡᠯᠲᠡ ᠶᠢ | ᠮᠠᠭᠤᠲᠠᠭᠤᠯᠬᠤ ᠪᠣᠯᠣᠨ᠎ᠠ᠃ ᠡᠨᠡ ᠦᠶᠡᠰ ᠦᠯᠦᠨ ᠢᠶᠠᠷ ᠦᠳᠭᠡᠴᠡ ᠨᠢ 1% ᠶᠢᠨ ᠪᠠᠭ᠎ᠠ ᠰᠤᠳᠠ ᠲᠠᠢ ᠤᠰᠤ ᠶᠢ ᠴᠢᠳᠬᠤᠨ ᠤᠤᠭᠤᠯᠭᠠᠵᠤ᠂ | ᠢᠳᠡᠰᠢᠨ ᠦᠬᠡᠷ ᠨᠢ ᠬᠤᠯᠢᠴᠠ ᠪᠤᠳᠠᠰ ᠢ ᠭᠠᠳᠠᠭᠰᠢᠯᠠᠭᠤᠯᠤᠭᠰᠠᠨ ︵ᠬᠠᠷ᠎ᠠ ᠦᠩᠭᠡ ᠲᠠᠢ ᠰᠢᠩᠭᠡᠨ ᠪᠠᠭᠠᠰᠦ ᠪᠠᠷ ᠮᠠᠭᠠᠳᠯᠠᠬᠤ ᠪᠠᠷᠢᠮᠵᠢᠶ᠎ᠠ ᠪᠤᠯᠭᠠᠨ᠎ᠠ︶ | ᠤ ᠲᠠᠷᠠᠭ᠎ᠠ ᠲᠠᠬᠢᠨ ᠡᠬᠢᠯᠡᠵᠦ ᠪᠤᠷᠳᠤᠬᠤ ᠪᠤᠷᠳᠤᠭ᠎ᠠ ᠪᠠᠷ ᠲᠡᠵᠢᠭᠡᠨ᠎ᠡ᠃ ᠬᠤᠷᠤᠬᠠᠢ ᠲᠠᠭᠤᠭᠠᠳ 3 ᠡᠳᠤᠷ ᠪᠤᠯᠤᠭᠰᠠᠨ ᠤ ᠲᠠᠷᠠᠭ᠎ᠠ ᠢᠳᠡᠭᠡᠨ ᠤ | ᠲᠤᠷᠠᠰᠢᠯ ᠢ ᠨᠡᠮᠡᠭᠳᠡᠭᠦᠯᠵᠦ᠂ ᠰᠢᠩᠭᠡᠭᠡᠯᠲᠡ ᠶᠢ ᠰᠠᠶᠢᠵᠢᠷᠠᠭᠤᠯᠬᠤ ᠶᠢᠨ ᠲᠦᠯᠦᠭᠡ᠂ ᠬᠤᠳᠤᠭᠤᠳᠤ ᠶᠢ 1 ᠤᠳᠠᠭ᠎ᠠ ᠳᠤ ᠰᠠᠶᠢᠵᠢᠷᠠᠭᠤᠯᠤᠨ᠎ᠠ᠃ ᠭᠡᠬᠦ ᠳᠤ | ᠪᠠᠨ ᠬᠤᠳᠤᠭᠤᠳᠤ ᠰᠠᠶᠢᠵᠢᠷᠠᠭᠤᠯᠬᠤ ᠡᠮ ᠢ ᠬᠡᠷᠡᠭᠯᠡᠵᠦ ᠬᠤᠳᠤᠭᠤᠳᠤ ᠬᠡᠳᠡᠰᠦᠨ ᠤ ᠠᠵᠢᠯᠯᠠᠭ᠎ᠠ ᠶᠢ ᠲᠤᠬᠢᠷᠠᠭᠤᠯᠵᠤ ᠪᠤᠯᠤᠨ᠎ᠠ᠂ ᠵᠢᠱᠢᠶᠡᠯᠡᠪᠡᠯ | ᠬᠤᠳᠤᠭᠤᠳᠤ ᠰᠠᠶᠢᠵᠢᠷᠠᠭᠤᠯᠬᠤ ᠲᠠᠯᠬ᠎ᠠ ︵健胃散︶᠂ ᠬᠢᠮᠠᠯ ᠲᠠᠪᠤᠰᠦ ︵人工盐︶᠂ ᠬᠤᠳᠤᠭᠤᠳᠤᠨ ᠤᠭᠤᠷᠠᠭ ᠤᠨ ᠢᠰᠭᠡᠭᠦᠷ ︵ | 胃蛋白酶︶᠂ ᠨᠦᠢᠷ ᠤᠨ ᠤᠭᠤᠷᠠᠭ ᠤᠨ ᠢᠰᠭᠡᠭᠦᠷ ︵胰蛋白酶︶᠂ ᠵᠦᠯᠭᠡᠨ ᠴᠢᠮᠡᠭ ᠤᠨ ᠴᠢᠩᠬᠢ ︵龙胆酊︶ | ᠵᠡᠷᠭᠡ ᠶᠢ ᠬᠡᠷᠡᠭᠯᠡᠵᠦ ᠪᠣᠯᠣᠨ᠎ᠠ᠂ ᠶᠡᠷᠦ ᠳᠡᠭᠡᠨ ᠬᠤᠳᠤᠭᠤᠳᠤ ᠶᠢ ᠰᠠᠶᠢᠵᠢᠷᠠᠭᠤᠯᠤᠭᠰᠠᠨ ᠤ ᠳᠠᠷᠠᠭ᠎ᠠ ᠦᠬᠡᠷ ᠨᠢ ᠴᠤᠭ ᠰᠦᠯᠳᠡ ᠲᠠᠢ ᠪᠣᠯᠵᠤ᠂ | ᠢᠳᠡᠭᠡᠨ ᠤ ᠲᠤᠷᠠᠰᠢᠯ ᠨᠢ ᠨᠡᠮᠡᠭᠳᠡᠬᠦ ᠪᠣᠯᠣᠨ᠎ᠠ᠃ | ᠢᠳᠡᠰᠢᠨ ᠦᠬᠡᠷ ᠤᠨ ᠬᠤᠳᠤᠭᠤᠳᠤ ᠶᠢ ᠰᠠᠶᠢᠵᠢᠷᠠᠭᠤᠯᠬᠤ ᠠᠷᠭ᠎ᠠ ᠤᠯᠠᠨ ᠪᠤᠢ᠂ ᠡᠭᠦᠨ ᠳᠤ ᠦᠬᠡᠷ ᠪᠦᠷᠢ ᠳᠤ ᠬᠢᠮᠠᠯ ᠲᠠᠪᠤᠰᠦ ᠶᠢ | 60~100 ᠭᠷᠡᠮ ᠤᠤᠭᠤᠯᠭᠠᠬᠤ ᠪᠤᠶᠤ ᠬᠤᠳᠤᠭᠤᠳᠤ ᠰᠠᠶᠢᠵᠢᠷᠠᠭᠤᠯᠬᠤ ᠲᠠᠯᠬ᠎ᠠ ᠶᠢ 350~450 ᠭᠷᠡᠮ ᠢᠶᠠᠷ ᠡᠳᠤᠷ ᠪᠦᠷᠢ 1 ᠤᠳᠠᠭ᠎ᠠ᠂ | ᠦᠷᠬᠦᠯᠵᠢᠯᠡᠨ 2 ᠡᠳᠤᠷ ᠤᠤᠭᠤᠯᠭᠠᠵᠦ ᠪᠣᠯᠣᠨ᠎ᠠ᠃ ᠵᠠᠷᠢᠮ ᠡᠴᠡᠩᠬᠡᠢ ᠦᠬᠡᠷ ᠲᠤ ᠬᠤᠳᠤᠭᠤᠳᠤ ᠰᠠᠶᠢᠵᠢᠷᠠᠭᠤᠯᠬᠤ ᠲᠠᠯᠬ᠎ᠠ ᠶᠢ ᠴᠢᠳᠬᠤᠨ | ᠤᠤᠭᠤᠯᠭᠠᠭᠰᠠᠨ ᠤ ᠲᠠᠷᠠᠭ᠎ᠠ ᠳᠠᠬᠢᠨ ᠢᠰᠭᠡᠭᠴᠢ ᠨᠤᠨᠳᠠᠭ ︵酵母粉︶ ᠢ ᠡᠳᠤᠷ ᠪᠦᠷᠢ 1 ᠤᠳᠠᠭ᠎ᠠ᠂ ᠤᠳᠠᠭ᠎ᠠ ᠪᠦᠷᠢ 250 ᠭᠷᠡᠮ | ᠴᠢᠳᠬᠤᠨ ᠤᠤᠭᠤᠯᠭᠠᠵᠦ ᠪᠣᠯᠣᠨ᠎ᠠ᠂ ᠪᠠᠰᠠ 50~100 ᠢᠰᠭᠡᠭᠴᠢ ᠬᠠᠪᠲᠠᠭᠠᠢ ︵酵母片︶ ᠪᠠ ᠳ᠋ᠢ ᠪᠠᠢ ᠴᠦᠩ ᠢ ᠺᠢᠯᠤᠭ᠍ᠷᠡᠮ ᠪᠦᠷᠢ | ᠪᠡᠶ᠎ᠡ ᠶᠢᠨ ᠬᠦᠨᠳᠤ ᠳᠤ 0.05 ᠭᠷᠡᠮ ᠢᠶᠠᠷ ᠡᠳᠤᠷ ᠪᠦᠷᠢ 1 ᠤᠳᠠᠭ᠎ᠠ᠂ ᠦᠷᠬᠦᠯᠵᠢᠯᠡᠨ 2 ᠡᠳᠤᠷ ᠤᠤᠭᠤᠯᠭᠠᠵᠤ ᠪᠣᠯᠣᠨ᠎ᠠ᠃ ᠡᠭᠦᠨ ᠠᠴᠠ ᠭᠠᠳᠠᠨ᠎ᠠ | ᠂ ᠲᠦᠮᠦᠰᠦᠳᠤ ᠰᠠᠬᠠᠯ ᠡᠪᠡᠰᠦ 75 ᠭᠷᠡᠮ᠂ ᠵᠦᠷᠵᠢ ᠶᠢᠨ ᠬᠠᠯᠢᠰᠦ 50 ᠭᠷᠡᠮ᠂ ᠯᠤᠤᠪᠠᠩ ᠤᠨ ᠦᠷ᠎ᠡ 75 ᠭᠷᠡᠮ᠂ ᠶᠠᠰᠤᠯᠢᠭ ᠵᠦᠷᠵᠢ ᠶᠢᠨ ᠬᠠᠯᠢᠰᠦ | 75 ᠭᠷᠡᠮ᠂ ᠨᠠᠷᠠᠰᠦᠨ ᠮᠤᠳᠤᠨ ᠤ ᠦᠷ᠎ᠡ 5 ᠭᠷᠡᠮ᠂ ᠲᠤᠯᠤᠨᠤ 100 ᠭᠷᠡᠮ᠂ ᠬᠦᠷᠦᠩᠭᠡ 100 ᠭᠷᠡᠮ᠂ ᠬᠤᠶᠠᠭᠳᠤ ᠠᠷᠪᠠᠢ ᠶᠢᠨ ᠨᠠᠬᠢᠶ᠎ᠠ 100 | ᠭᠷᠡᠮ᠂ ᠪᠢᠩᠯᠠᠩ 50 ᠭᠷᠡᠮ᠂ ᠲᠠᠩᠬᠠᠢ 50 ᠭᠷᠡᠮ᠂ ᠬᠠᠷ᠎ᠠ ᠡᠮ 50 ᠭᠡᠷᠡᠮ᠂ ᠰᠢᠬᠢᠷ ᠡᠪᠡᠰᠦ 50 ᠭᠷᠡᠮ ᠢ ᠴᠢᠨᠠᠭᠠᠳ ᠨᠢᠭᠡ ᠤᠳᠠᠭ᠎ᠠ ᠳᠤ | ᠤᠤᠭᠤᠯᠭᠠᠨ᠎ᠠ᠂ ᠦᠬᠡᠷ ᠪᠦᠷᠢ ᠳᠤ ᠡᠳᠤᠷ ᠲᠤ ᠨᠢᠭᠡ ᠤᠳᠠᠭ᠎ᠠ᠂ ᠦᠷᠬᠦᠯᠵᠢᠯᠡᠨ 2 ᠡᠳᠤᠷ ᠤᠤᠭᠤᠯᠭᠠᠪᠠᠯ᠂ ᠢᠳᠡᠰᠢᠨ ᠦᠬᠡᠷ ᠤᠨ ᠢᠳᠡᠭᠡᠨ ᠤ | ᠲᠤᠷᠠᠰᠢᠯ ᠨᠢ ᠨᠡᠮᠡᠭᠳᠡᠬᠦ ᠪᠣᠯᠣᠨ᠎ᠠ᠃ | ᠬᠤᠳᠤᠭᠤᠳᠤ ᠶᠢ ᠰᠠᠶᠢᠵᠢᠷᠠᠭᠤᠯᠤᠭᠰᠠᠨ ᠤ ᠳᠠᠷᠠᠭ᠎ᠠ ᠢᠳᠡᠰᠢᠨ ᠦᠬᠡᠷ ᠨᠢ ᠴᠤᠭ ᠰᠦᠯᠳᠡ ᠲᠠᠢ ᠪᠣᠯᠵᠤ᠂ ᠢᠳᠡᠭᠡᠨ ᠤ ᠲᠤᠷᠠᠰᠢᠯ ᠨᠢ | ᠰᠠᠶᠢᠵᠢᠷᠠᠬᠤ ᠪᠣᠯᠣᠨ᠎ᠠ᠃ ᠬᠡᠷᠪᠡ ᠵᠠᠷᠢᠮ ᠢᠳᠡᠰᠢᠨ ᠦᠬᠡᠷ ᠤᠨ ᠢᠳᠡᠭᠡᠨ ᠤ ᠲᠤᠷᠠᠰᠢᠯ ᠨᠢ ᠮᠦᠨ ᠮᠠᠭᠤ ᠪᠠᠶᠢᠪᠡᠯ᠂ ᠦᠬᠡᠷ ᠪᠦᠷᠢ ᠳᠤ ᠬᠠᠭᠤᠷᠠᠢ | ᠢᠰᠭᠡᠭᠴᠢ ᠬᠠᠪᠲᠠᠭᠠᠢ ︵干酵母︶ ᠡᠮ ᠢ 50 ᠮᠦᠬᠦᠯᠢᠭ ᠢᠳᠡᠭᠦᠯᠦᠨ᠎ᠡ᠃ ᠬᠡᠷᠪᠡ ᠢᠳᠡᠰᠢᠨ ᠦᠬᠡᠷ ᠤᠨ ᠪᠠᠭᠠᠰᠦ ᠨᠢ ᠬᠠᠲᠠᠭᠤ ᠪᠠᠶᠢᠪᠠᠯ | ᠦᠬᠡᠷ ᠪᠦᠷᠢ ᠳᠤ 20~30 ᠭᠷᠡᠮ ᠨᠡᠶᠢᠯᠡᠮᠡᠯ ᠸᠢᠲ᠋ᠠᠮᠢᠨ ᠪᠠ ᠪᠠᠭ᠎ᠠ ᠬᠡᠮᠵᠢᠶᠡᠨ ᠤ ᠤᠷᠭᠤᠮᠠᠯ ᠤᠨ ᠲᠤᠰᠤ ᠢᠳᠡᠭᠦᠯᠦᠨ᠎ᠡ᠃ | |