ᠪᠤᠰᠤᠳ ᠤᠨ ᠲᠤᠰᠬᠠᠶ ᠠᠰᠢᠭ ᠢ ᠬᠠᠭᠤᠷᠮᠠᠭᠯᠠᠨ ᠬᠡᠷᠡᠭᠯᠡᠭᠰᠡᠨ ᠶᠠᠯ᠎ᠠ᠃ ︽ᠡᠷᠡᠭᠦᠦ ᠶᠢᠨ ᠬᠠᠤᠯᠢ︾ ᠶᠢᠨ ᠬᠤᠶᠠᠷ | ᠵᠠᠭᠤ ᠠᠷᠪᠠᠨ ᠵᠢᠷᠭᠤᠳᠤᠭᠠᠷ ᠵᠦᠢᠯ ᠢ ᠦᠨᠳᠦᠰᠦᠯᠡᠵᠦ᠂ ᠪᠤᠰᠤᠳ ᠤᠨ ᠲᠤᠰᠬᠠᠶ ᠠᠰᠢᠭ ᠢ ᠬᠠᠭᠤᠷᠮᠠᠭᠯᠠᠨ ᠬᠡᠷᠡᠭᠯᠡᠵᠦ᠂ | ᠤᠢᠢᠯᠠ ᠪᠠᠶᠢᠳᠠᠯ ᠨᠢ ᠬᠦᠨᠳᠦ ᠨᠣᠴᠢᠲᠠᠶ ᠪᠣᠯ᠂ ᠭᠤᠷᠪᠠᠨ ᠵᠢᠯ ᠠᠴᠠ ᠳᠤᠷᠤᠭᠰᠢ ᠬᠤᠭᠤᠴᠠᠭ᠎ᠠ ᠲᠠᠢ ᠬᠤᠷᠢᠬᠤ ᠪᠤᠶᠤ | ᠬᠤᠷᠢᠵᠤ ᠬᠥᠳᠡᠯᠮᠦᠷᠢᠯᠡᠭᠦᠯᠬᠦ ᠪᠠᠷ ᠰᠢᠢᠳᠭᠡᠨ᠎ᠡ᠂ ᠨᠡᠶᠢᠯᠡᠭᠦᠯᠦᠨ ᠰᠢᠢᠳᠭᠡᠬᠦ ᠪᠤᠶᠤ ᠲᠠᠩ ᠢᠶᠠᠷ ᠰᠢᠢᠳᠭᠡᠨ᠎ᠡ᠃ ᠠᠷᠠᠳ ᠤᠨ | ᠳᠡᠭᠡᠳᠦ ᠵᠡᠷᠭᠡ ᠶᠢᠨ ᠰᠢᠭᠦᠬᠦ ᠬᠤᠷᠢᠶ᠎ᠠ᠂ ᠠᠷᠠᠳ ᠤᠨ ᠳᠡᠭᠡᠳᠦ ᠵᠡᠷᠭᠡ ᠶᠢᠨ ᠪᠠᠶᠢᠴᠠᠭᠠᠬᠤ ᠬᠤᠷᠢᠶ᠎ᠠ ᠬᠠᠤᠯᠢ ᠪᠠᠷᠢᠬᠤ | ᠲᠠᠶᠢᠯᠪᠤᠷᠢᠯᠠᠯᠲᠠ ᠶᠢ ᠦᠨᠳᠦᠰᠦᠯᠡᠵᠦ ︽ᠦᠢᠯᠡ ᠪᠠᠶᠢᠳᠠᠯ ᠨᠢ ᠬᠦᠨᠳᠦ ᠨᠣᠴᠢᠲᠠᠶ︾ ᠪᠠᠶᠢᠳᠠᠯ ᠲᠠᠢ ᠪᠣᠯ᠄ ︵1︶ ᠬᠠᠤᠯᠢ | ᠪᠤᠰᠤ ᠪᠠᠷ ᠡᠵᠡᠩᠨᠡᠭᠰᠡᠨ ᠲᠤᠭ᠎ᠠ ᠨᠢ ᠬᠤᠷᠢᠨ ᠲᠦᠮᠡᠨ ᠲᠥᠭᠦᠷᠢᠭ ᠠᠴᠠ ᠳᠡᠭᠡᠭᠰᠢ ᠪᠤᠶᠤ ᠬᠠᠤᠯᠢ ᠶᠢ ᠵᠥᠷᠢᠴᠡᠵᠦ ᠣᠯᠤᠭᠰᠠᠨ | ᠠᠰᠢᠭ ᠣᠯᠵᠠᠪᠤᠷᠢ ᠶᠢᠨ ᠲᠤᠭ᠎ᠠ ᠨᠢ ᠠᠷᠪᠠᠨ ᠲᠦᠮᠡᠨ ᠲᠥᠭᠦᠷᠢᠭ ᠠᠴᠠ ᠳᠡᠭᠡᠭᠰᠢ ᠪᠠᠶᠢᠬᠤ︔ ︵2︶ ᠲᠤᠰᠬᠠᠶ ᠠᠰᠢᠭ ᠤᠨ | ᠡᠷᠬᠡᠲᠦ ᠬᠥᠮᠦᠨ ᠳᠤ ᠰᠢᠭᠤᠳ ᠤᠴᠠᠷᠠᠭᠤᠯᠤᠭᠰᠠᠨ ᠠᠵᠤ ᠠᠬᠤᠶ ᠶᠢᠨ ᠬᠤᠬᠢᠷᠠᠯ ᠨᠢ ᠲᠠᠪᠢᠨ ᠲᠦᠮᠡᠨ ᠲᠥᠭᠦᠷᠢᠭ ᠠᠴᠠ | ᠳᠡᠭᠡᠭᠰᠢ ᠪᠠᠶᠢᠬᠤ︔ ︵3︶ ᠪᠤᠰᠤᠳ ᠤᠨ ᠲᠤᠰᠬᠠᠢ ᠠᠰᠢᠭ ᠢ ᠬᠤᠶᠠᠷ ᠠᠴᠠ ᠳᠡᠭᠡᠭᠰᠢ ᠵᠦᠢᠯ ᠬᠠᠭᠤᠷᠮᠠᠭᠯᠠᠨ ᠬᠡᠷᠡᠭᠯᠡᠭᠰᠡᠨ᠂ | ᠬᠠᠤᠯᠢ ᠪᠤᠰᠤ ᠪᠠᠷ ᠡᠵᠡᠩᠨᠡᠭᠰᠡᠨ ᠲᠤᠭ᠎ᠠ ᠨᠢ ᠠᠷᠪᠠᠨ ᠲᠦᠮᠡᠨ ᠲᠥᠭᠦᠷᠢᠭ ᠠᠴᠠ ᠳᠡᠭᠡᠭᠰᠢ ᠪᠤᠶᠤ ᠬᠠᠤᠯᠢ ᠶᠢ ᠵᠥᠷᠢᠴᠡᠵᠦ | ᠣᠯᠤᠭᠰᠠᠨ ᠠᠰᠢᠭ ᠣᠯᠵᠠᠪᠤᠷᠢ ᠶᠢᠨ ᠲᠤᠭ᠎ᠠ ᠨᠢ ᠲᠠᠪᠤᠨ ᠲᠦᠮᠡᠨ ᠲᠥᠭᠦᠷᠢᠭ ᠠᠴᠠ ᠳᠡᠭᠡᠭᠰᠢ ᠪᠠᠶᠢᠬᠤ︔ ︵4︶ ᠦᠢᠯᠡ | ᠪᠠᠶᠢᠳᠠᠯ ᠨᠢ ᠬᠦᠨᠳᠦ ᠨᠣᠴᠢᠲᠠᠶ ᠪᠤᠰᠤᠳ ᠵᠦᠢᠯ ᠤᠳ ᠲᠤᠭᠠᠴᠠᠭᠳᠠᠨ᠎ᠠ᠃ |