| | ᠵᠠᠷᠢᠮ ᠮᠠᠰᠢᠨ ᠵᠢᠯᠤᠭᠤᠴᠢ ᠠᠴᠠ ᠲᠠᠷᠢᠶᠠᠯᠠᠩ ᠤᠨ ᠮᠠᠰᠢᠨ ᠢ ᠰᠡᠯᠪᠢᠨ ᠵᠠᠰᠠᠵᠤ᠂ ᠰᠡᠯᠪᠢᠭ ᠲᠤᠨᠤᠭ ᠢ ᠰᠤᠯᠢᠬᠤ ᠨᠢ ᠲᠦᠭᠦᠮ ᠶᠠᠪᠤᠳᠠᠯ | ᠪᠤᠯᠤᠨ᠎ᠠ᠂ ᠲᠠᠷᠤᠢ ᠰᠢᠨ᠎ᠡ ᠰᠡᠯᠪᠢᠭ ᠲᠤᠨᠤᠭ ᠢ ᠤᠭᠰᠠᠷᠠᠭᠤᠯᠤᠨ ᠳᠠᠭᠠᠷᠠᠭᠤᠯᠪᠠᠯ ᠪᠤᠯᠴᠢᠬᠠᠨ᠎ᠠ ᠭᠡᠵᠦ ᠦᠵᠡᠵᠦ ᠪᠤᠢ᠃ ᠭᠡᠪᠡᠴᠦ ᠪᠤᠳᠠᠳᠠᠢ ᠲᠡᠭᠡᠷ᠎ᠡ | ᠲᠠᠶᠢᠮᠤ ᠬᠢᠯᠪᠡᠷ ᠪᠢᠰᠢ᠂ ᠬᠡᠷᠪᠡ ᠰᠢᠨ᠎ᠡ ᠰᠡᠯᠪᠢᠭ ᠲᠤᠨᠤᠭ ᠢ ᠤᠭᠰᠠᠷᠠᠭᠰᠠᠨ ᠨᠢ ᠵᠤᠬᠢᠰ ᠦᠭᠡᠢ ᠪᠤᠯ ᠬᠦᠩᠭᠡᠨ ᠨᠢ ᠲᠠᠷᠢᠶᠠᠯᠠᠩ ᠤᠨ ᠮᠠᠰᠢᠨ ᠤ | ᠴᠢᠳᠠᠮᠵᠢ ᠶᠢ ᠪᠠᠭᠤᠷᠠᠭᠤᠯᠵᠦ᠂ ᠲᠤᠰᠤᠨ ᠤ ᠬᠤᠷᠤᠭᠳᠠᠯ ᠢ ᠨᠡᠮᠡᠭᠳᠡᠭᠦᠯᠵᠦ᠂ ᠨᠤᠴᠤᠭᠠᠬᠤ ᠳᠤ ᠬᠦᠴᠢᠷᠲᠠᠢ ᠪᠤᠯᠭᠠᠨ᠎ᠠ︔ ᠬᠦᠨᠳᠤ ᠨᠢ ᠮᠠᠰᠢᠨ ᠢ | ᠡᠪᠳᠡᠯᠵᠦ ᠮᠡᠳᠡᠨ᠎ᠡ᠃ ᠡᠶᠢᠮᠤ ᠠᠴᠠ᠂ ᠰᠢᠨ᠎ᠡ ᠰᠡᠯᠪᠢᠭ ᠲᠤᠨᠤᠭ ᠢ ᠰᠤᠯᠢᠵᠤ ᠤᠭᠰᠠᠷᠠᠬᠤ ᠳᠤ ᠲᠤᠤᠷᠠᠬᠢ ᠬᠡᠳᠤᠨ ᠲᠠᠯ᠎ᠠ ᠶᠢ ᠠᠩᠬᠠᠷᠬᠤ ᠬᠡᠷᠡᠭᠳᠡᠢ᠃ | 1. ᠰᠢᠨ᠎ᠡ ᠲᠤᠨᠤᠭ ᠢ ᠬᠤᠳᠠᠯᠳᠤᠨ ᠠᠪᠬᠤ ᠳᠤ ᠰᠡᠯᠪᠢᠭ ᠲᠤᠨᠤᠭ ᠤᠨ ᠴᠢᠨᠠᠷ ᠢ ᠠᠩᠬᠠᠷᠤᠨ᠎ᠠ᠃ ᠴᠢᠨᠠᠷ ᠮᠠᠭᠤᠲᠠᠢ ᠪᠠᠷᠠᠭ᠎ᠠ ᠶᠢ ᠬᠤᠳᠠᠯᠳᠤᠨ | ᠠᠪᠬᠤ ᠦᠭᠡᠢ᠂ ᠰᠡᠯᠪᠢᠭ ᠲᠤᠨᠤᠭ ᠨᠢ ᠵᠢᠪᠡ ᠶᠢᠨ ᠲᠤᠯᠪᠤ᠂ ᠴᠠᠪᠠ᠂ ᠳᠦᠷᠰᠦ ᠬᠤᠪᠢᠷᠠᠭᠰᠠᠨ ᠵᠡᠷᠭᠡ ᠲᠤᠳᠠᠭᠳᠠᠯ ᠪᠠᠶᠢᠬᠤ ᠡᠰᠡᠭᠦ ᠶᠢ ᠨᠠᠷᠢᠨ | ᠪᠠᠶᠢᠴᠠᠭᠠᠵᠤ᠂ ᠭᠠᠳᠠᠷᠭᠤ ᠶᠢᠨ ᠶᠡᠭᠡ ᠪᠠᠭ᠎ᠠ ᠶᠢᠨ ᠱᠠᠭᠠᠷᠳᠠᠯᠭ᠎ᠠ ᠳᠤ ᠨᠡᠶᠢᠴᠡᠬᠦ ᠡᠰᠡᠬᠦ ᠶᠢ ᠦᠵᠡᠨ᠎ᠡ᠃ | 2. ᠤᠭᠰᠠᠷᠠᠬᠤ ᠠᠴᠠ ᠡᠮᠤᠨ᠎ᠡ ᠰᠢᠨ᠎ᠡ ᠰᠡᠯᠪᠢᠭ ᠲᠤᠨᠤᠭ ᠤᠨ ᠭᠠᠳᠠᠷᠭᠤ ᠳᠡᠭᠡᠷᠡᠬᠢ ᠵᠢᠪᠡᠷᠡᠬᠦ ᠠᠴᠠ ᠰᠡᠷᠭᠡᠶᠢᠯᠡᠬᠦ ᠰᠢᠷ ᠢ ᠰᠠᠶᠢᠬᠠᠨ ᠠᠷᠴᠢᠨ᠎ᠠ᠃ | ᠢᠯᠠᠩᠭᠤᠶ᠎ᠠ ᠨᠠᠷᠢᠯᠢᠭ ᠬᠤᠤᠰᠮᠠᠭ ᠲᠤᠨᠤᠭ ᠢ ᠤᠭᠰᠠᠷᠠᠬᠤ ᠦᠶᠡᠰ ᠤᠨᠴᠠᠭᠠᠶᠢᠯᠠᠨ ᠠᠩᠬᠠᠷᠴᠤ᠂ ᠲᠠᠯᠳᠠ ᠠᠶᠤᠯ ᠭᠠᠷᠬᠤ ᠠᠴᠠ ᠰᠡᠷᠭᠡᠶᠢᠯᠡᠨ᠎ᠡ᠃ | 3. ᠵᠠᠷᠢᠮ ᠰᠡᠯᠪᠢᠭ ᠲᠤᠨᠤᠭ ᠢ ᠡᠷᠭᠡᠪᠰᠢ ᠬᠤᠤᠰ ᠢᠶᠠᠷ ᠨᠢ ᠰᠤᠯᠢᠨ᠎ᠠ᠃ ᠠᠷᠠᠭᠠᠳᠤ ᠬᠦᠷᠳᠤ ᠶᠢ ᠰᠤᠯᠢᠬᠤ ᠭᠡᠪᠡᠯ ᠵᠦᠪᠬᠡᠨ ᠬᠠᠮᠤᠭ ᠡᠯᠡᠭᠳᠡᠵᠦ | ᠪᠠᠷᠠᠭᠳᠠᠭᠰᠠᠨ ᠨᠢᠭᠡ ᠬᠡᠰᠡᠭ ᠢ ᠯᠠ ᠰᠤᠯᠢᠭᠠᠳ ᠪᠤᠯᠬᠤ ᠦᠭᠡᠢ︔ ᠲᠠᠮᠵᠢᠯᠭ᠎ᠠ ᠶᠢᠨ ᠬᠠᠶᠢᠷᠴᠠᠭ ᠲᠠᠬᠢ ᠬᠤᠶᠠᠷ ᠮᠦᠷ ᠬᠤᠩᠭᠢᠶᠠᠳᠤ ᠦᠩᠭᠦᠷᠢᠭᠦᠯ | ᠭᠢᠨᠵᠢ ᠶᠢ ᠰᠤᠯᠢᠬᠤ ᠳᠤ ᠪᠠᠰᠠ ᠭᠤᠤᠯ᠂ ᠬᠦᠳᠡᠯᠭᠡᠭᠳᠡᠬᠦ ᠬᠢᠨᠵᠢ ᠶᠢᠨ ᠬᠦᠷᠳᠦ ᠶᠢ ᠬᠤᠤᠰ ᠢᠶᠠᠷ ᠨᠢ ᠰᠤᠯᠢᠬᠤ ᠬᠡᠷᠡᠭᠳᠡᠢ︔ ᠤᠭᠤᠷ ᠤᠨ ᠲᠤᠭᠳᠤᠢ ᠶᠢ | ᠰᠤᠯᠢᠬᠤ ᠦᠶᠡᠰ᠂ ᠪᠦᠯᠢᠭᠦᠷ ᠪᠠ ᠪᠦᠯᠢᠭᠦᠷ ᠤᠨ ᠴᠠᠭᠠᠷᠢᠭ ᠢ ᠪᠠᠰᠠ ᠬᠠᠮᠳᠤ ᠳᠤᠨᠢ ᠰᠤᠯᠢᠪᠠᠯ ᠵᠤᠬᠢᠨ᠎ᠠ᠃ | 4. ᠠᠳᠠᠯᠢ ᠬᠡᠯᠪᠡᠷᠢ ᠮᠠᠶ᠋ᠢᠭ ᠤᠨ ᠪᠠᠷᠢᠮᠵᠢᠶᠡᠲᠦ ᠲᠤᠨᠤᠭ ᠪᠠ ᠶᠡᠬᠡᠰᠭᠡᠭᠰᠡᠨ ᠲᠤᠨᠤᠭ ᠢ ᠨᠡᠶᠢᠳᠡᠮ ᠬᠡᠷᠡᠭᠯᠡᠵᠦ ᠪᠣᠯᠬᠤ ᠦᠭᠡᠢ᠃ ᠦᠢᠯᠡᠳᠪᠤᠷᠢ | ᠠᠴᠠ ᠶᠡᠬᠡᠰᠭᠡᠭᠰᠡᠨ ᠰᠡᠯᠪᠢᠭ ᠲᠤᠨᠤᠭ ᠢ ᠦᠢᠯᠡᠳᠪᠤᠷᠢᠯᠡᠵᠦ ᠬᠡᠷᠡᠭᠯᠡᠭᠴᠢ ᠳᠤ ᠬᠠᠩᠭᠠᠨ ᠦᠭᠳᠡᠭ᠃ ᠡᠶᠢᠮᠤ ᠠᠴᠠ᠂ ᠰᠢᠨ᠎ᠡ ᠰᠡᠯᠪᠢᠭ ᠲᠤᠨᠤᠭ ᠢ | ᠬᠤᠲᠠᠯᠳᠤᠨ ᠠᠪᠬᠤ ᠦᠶᠡᠰ ᠡᠷᠬᠡᠪᠰᠢ ᠪᠠᠷᠢᠮᠵᠢᠶ᠎ᠡ ᠲᠤᠨᠤᠭ ᠪᠠ ᠶᠡᠬᠡᠰᠭᠡᠭᠰᠡᠨ ᠲᠤᠨᠤᠭ ᠪᠠᠶᠢᠬᠤ ᠡᠰᠡᠬᠦ ᠶᠢ ᠮᠠᠭᠠᠳᠯᠠᠨ ᠲᠤᠭᠲᠠᠭᠠᠭᠰᠠᠨ ᠪᠠᠶᠢᠬᠤ | ᠬᠡᠷᠡᠭᠳᠡᠢ᠃ ᠵᠢᠱᠢᠶᠡᠯᠡᠪᠡᠯ ᠲᠡᠩᠭᠡᠯᠢᠭ ᠤᠨ ᠬᠦᠵᠦᠭᠦᠦ ᠳᠤ ᠪᠣᠯ ᠵᠦᠪᠬᠡᠨ ᠪᠠᠷᠢᠮᠵᠢᠶ᠎ᠡ ᠮᠤᠷᠤᠢ ᠲᠡᠩᠭᠡᠯᠢᠭ ᠤᠨ ᠬᠦᠤᠰᠢᠩ ᠢ ᠰᠤᠩᠭᠤᠨ᠎ᠠ᠂ ᠡᠰᠡᠪᠡᠰᠦ᠂ | ᠬᠦᠤᠰᠢᠩ ᠢ ᠬᠤᠰᠤᠵᠤ ᠵᠠᠰᠠᠬᠤ ᠠᠵᠢᠯ ᠢ ᠨᠡᠮᠡᠭᠳᠡᠭᠦᠯᠵᠦ᠂ ᠴᠠᠭ ᠬᠤᠷᠤᠭᠳᠠᠭᠤᠯᠬᠤ ᠮᠦᠷᠳᠡᠭᠡᠨ ᠪᠠᠰᠠ ᠰᠡᠯᠪᠢᠨ ᠵᠠᠰᠠᠬᠤ ᠴᠢᠨᠠᠷ ᠢ ᠪᠠᠳᠤᠯᠠᠵᠤ ᠲᠡᠶᠢᠯᠬᠦ | ᠦᠭᠡᠢ ᠪᠤᠯᠵᠦ᠂ ᠰᠡᠯᠪᠢᠭ ᠲᠤᠨᠤᠭ ᠤᠨ ᠬᠡᠷᠡᠭᠯᠡᠬᠦ ᠬᠤᠭᠤᠴᠠᠭ᠎ᠠ ᠶᠢ ᠶᠡᠬᠡᠪᠡᠷ ᠪᠤᠭᠤᠨᠢᠰᠬᠠᠬᠤ ᠪᠣᠯᠣᠨ᠎ᠠ᠃ | 5. ᠰᠢᠨ᠎ᠡ ᠰᠡᠯᠪᠢᠭ ᠲᠤᠨᠤᠭ ᠢ ᠰᠤᠯᠢᠬᠤ ᠦᠶᠡᠰ᠂ ᠰᠢᠨ᠎ᠡ ᠬᠠᠭᠤᠴᠢᠨ ᠲᠤᠨᠤᠭ ᠤᠨ ᠬᠡᠯᠪᠡᠷᠢ ᠮᠠᠶ᠋ᠢᠭ ᠨᠢ ᠪᠦᠷᠢᠮᠤᠰᠦᠨ ᠠᠳᠠᠯᠢ ᠪᠠᠶᠢᠬᠤ | ᠬᠡᠷᠡᠭᠳᠡᠢ᠃ ᠰᠢᠨ᠎ᠡ ᠳᠤᠰᠤᠨ ᠰᠦᠷᠴᠢᠭᠦᠷ ᠢ ᠰᠤᠯᠢᠬᠤ ᠳᠠᠭᠠᠨ ᠤᠭ ᠤᠨ ᠳᠤᠰᠤᠨ ᠰᠦᠷᠴᠢᠬᠦᠷ ᠤᠨ ᠬᠡᠯᠪᠡᠷᠢ ᠮᠠᠶ᠋ᠢᠭ ᠢ ᠠᠩᠬᠠᠷᠬᠤ ᠦᠭᠡᠢ ᠪᠠᠷ | ᠵᠡᠭᠦᠯᠢᠭ ᠨᠡᠭᠡᠯᠡᠭᠡᠢ ᠶᠢᠨ ᠬᠤᠤᠰᠮᠠᠭ ᠳᠤᠨᠤᠭ ᠢ ᠪᠤᠷᠤᠭᠤ ᠬᠤᠳᠠᠯᠳᠤᠨ ᠠᠪᠤᠪᠠᠯ᠂ ᠬᠦᠩᠭᠡᠨ ᠳᠡᠭᠡᠨ ᠨᠤᠴᠤᠭᠠᠬᠤ ᠳᠤ ᠬᠦᠴᠢᠷᠳᠡᠵᠦ᠂ ᠬᠦᠨᠳᠤ ᠳᠡᠭᠡᠨ | ᠳᠤᠰᠤᠨ ᠰᠦᠷᠴᠢᠭᠦᠷ ᠪᠦᠭᠯᠡᠷᠡᠬᠦ ᠦᠵᠡᠭᠳᠡᠯ ᠭᠠᠷᠤᠨ᠎ᠠ᠃ | 6. ᠤᠭᠰᠠᠷᠠᠬᠤ ᠦᠶᠡᠰ ᠡᠷᠬᠡᠪᠰᠢ ᠴᠢᠭᠯᠡᠯ ᠢ ᠠᠩᠬᠠᠷᠬᠤ ᠬᠡᠷᠡᠭᠳᠡᠢ᠃ ᠵᠠᠷᠢᠮ ᠰᠡᠯᠪᠢᠭ ᠲᠤᠨᠤᠭ ᠨᠢ ᠴᠢᠭᠯᠡᠯᠳᠦ ᠴᠢᠨᠠᠷ ᠲᠠᠢ᠂ ᠬᠡᠷᠪᠡ ᠪᠤᠷᠤᠭᠤ | ᠤᠭᠰᠠᠷᠠᠪᠠᠯ ᠨᠤᠴᠤᠭᠠᠬᠤ ᠳᠤ ᠬᠦᠴᠢᠷᠳᠡᠨ᠂ ᠴᠢᠨᠠᠭᠰᠢᠯᠠᠪᠠᠯ ᠮᠠᠰᠢᠨ ᠢ ᠡᠪᠳᠡᠯᠵᠦ ᠮᠡᠳᠡᠨ᠎ᠡ᠃ | | |