| ᠦᠢᠯᠡᠳᠪᠦᠷᠢᠯᠡᠯ ᠤᠨ ᠶᠠᠪᠤᠴᠠ ᠳᠤ ᠣᠯᠠᠩᠬᠢ ᠲᠠᠷᠢᠶᠠᠴᠢᠨ ᠡᠷᠦᠭᠡ ᠪᠤᠷᠳᠤᠭᠤᠷ ᠢ ᠵᠣᠬᠢᠰ ᠦᠭᠡᠢ ᠬᠡᠷᠡᠭᠯᠡᠭᠰᠡᠨ ᠠᠴᠠ ᠪᠤᠷᠳᠤᠭᠤᠷ ᠤᠨ | ᠬᠦᠨᠦᠭᠡᠯ ᠡᠭᠦᠰᠴᠦ᠂ ᠳᠠᠷᠢᠮᠠᠯ ᠤᠨ ᠴᠢᠨᠠᠷ ᠮᠠᠭᠤᠲᠠᠭᠠᠳ᠂ ᠤᠨᠠᠯᠲᠠ ᠳᠤᠤᠷ᠎ᠠ ᠪᠤᠯᠵᠦ ᠪᠠᠶᠢᠨ᠎ᠠ᠃ ᠡᠶᠢᠮᠦ ᠠᠴᠠ ᠬᠦᠢᠴᠡᠳ ᠬᠦᠨᠳᠦᠳᠭᠡᠨ ᠦᠵᠡᠪᠡᠯ | ᠵᠤᠬᠢᠨ᠎ᠠ᠃ | ᠪᠤᠷᠳᠤᠭᠤᠷ ᠤᠨ ᠬᠦᠨᠦᠭᠡᠯ ᠡᠭᠦᠰᠬᠦ ᠰᠢᠯᠳᠠᠭᠠᠨ | 1. ᠪᠤᠷᠳᠤᠭᠤᠷ ᠤᠨ ᠦᠳᠭᠡᠴᠡ ᠶᠡᠭᠡᠳᠡᠬᠦ᠃ ᠨᠢᠭᠡ ᠤᠳᠠᠭ᠎ᠠ ᠳᠤ ᠬᠢᠮᠢ ᠶᠢᠨ ᠪᠤᠷᠳᠤᠭᠤᠷ ᠢ ᠬᠡᠲᠦᠷᠭᠡᠢ ᠠᠷᠪᠢᠨ ᠤᠷᠤᠭᠤᠯᠬᠤ ᠪᠤᠶᠤ ᠪᠤᠷᠳᠤᠭᠤᠷ | ᠣᠷᠣᠭᠤᠯᠤᠭᠰᠠᠨ ᠤ ᠰᠡᠭᠦᠯᠡᠷ ᠬᠦᠷᠦᠰᠦᠨ ᠳᠤ ᠤᠰᠤ ᠳᠤᠲᠠᠪᠠᠯ ᠬᠦᠷᠦᠰᠦᠨ ᠤ ᠠᠭᠤᠰᠤᠮᠠᠯ ᠨᠢ ᠬᠡᠲᠦᠷᠬᠡᠢ ᠦᠳᠭᠡᠨ ᠪᠤᠯᠵᠤ᠂ ᠳᠠᠷᠢᠮᠠᠯ ᠤᠨ | ᠦᠨᠳᠦᠰᠦᠨ ᠳᠤ ᠤᠰᠤ ᠰᠢᠩᠭᠡᠬᠦ ᠦᠭᠡᠢ ᠠᠴᠠ ᠤᠷᠭᠤᠮᠠᠯ ᠨᠢ ᠭᠤᠨᠢᠷᠠᠵᠤ ᠴᠢᠨᠠᠭᠰᠢᠯᠠᠪᠠᠯ ᠬᠠᠲᠠᠵᠤ ᠦᠬᠦᠬᠦ ᠪᠣᠯᠣᠨ᠎ᠠ᠃ ᠵᠢᠱᠢᠶᠡᠯᠡᠪᠡᠯ ᠬᠦᠷᠦᠰᠦᠨ ᠤ | ᠠᠭᠤᠰᠤᠮᠠᠯ ᠤᠨ ᠳᠠᠪᠤᠰᠤᠨ ᠤ ᠦᠳᠬᠡᠴᠡ ᠨᠢ 0.3% ᠳᠤ ᠬᠦᠷᠪᠡᠯ ᠨᠤᠭᠤᠭ᠎ᠠ ᠵᠡᠷᠭᠡ ᠳᠠᠷᠢᠮᠠᠯ ᠤᠨ ᠪᠤᠷᠳᠤᠭᠤᠷᠲᠦ ᠤᠰᠤ ᠶᠢ | ᠰᠢᠩᠭᠡᠭᠡᠬᠦ ᠳᠤ ᠰᠠᠭᠠᠳ ᠲᠠᠢ ᠪᠣᠯᠵᠤ᠂ ᠡᠰᠡᠷᠭᠦ ᠨᠡᠪᠴᠢᠬᠦ ᠢᠯᠡᠷᠡᠯ ᠲᠠᠢ ᠪᠣᠯᠣᠭᠠᠳ᠂ ᠦᠨᠳᠦᠰᠦᠨ ᠰᠢᠰᠲ᠋ᠧᠮ ᠤᠨ ᠦᠨᠳᠦᠰᠦᠨ ᠦᠷᠭᠡᠰᠦᠨ ᠤ | ᠡᠰ ᠤᠨ ᠤᠤᠭᠠᠨ ᠡᠳ᠋ ᠨᠢ ᠤᠰᠤ ᠠᠯᠳᠠᠭᠠᠳ᠂ ᠹᠢᠽᠢᠣᠯᠣᠭᠢ ᠶᠢᠨ ᠭᠠᠩᠳᠠᠯ ᠢ ᠡᠭᠦᠰᠬᠡᠬᠦ ᠪᠣᠯᠣᠨ᠎ᠠ᠃ ᠭᠡᠷᠪᠡ ᠠᠽᠣᠲ ᠪᠤᠷᠳᠤᠭᠤᠷ ᠢ | ᠤᠷᠤᠭᠤᠯᠤᠭᠰᠠᠨ ᠨᠢ ᠠᠬᠠᠳᠠᠪᠠᠯ᠂ ᠰᠢᠪᠲᠦᠷ ᠨᠢ ᠠᠭᠤᠷᠰᠢᠬᠤ ᠦᠶ᠎ᠡ ᠳᠤ ᠠᠭᠠᠷ ᠲᠠᠬᠢ ᠮᠠᠨᠠᠨ ᠪᠤᠯᠤᠨ ᠳᠠᠷᠢᠮᠠᠯ ᠤᠨ ᠨᠠᠪᠴᠢᠨ ᠳᠡᠭᠡᠷᠡᠬᠢ ᠤᠰᠤᠨ | ᠳᠤᠰᠤᠯ ᠲᠠᠢ ᠤᠴᠠᠷᠠᠵᠤ ᠠᠭᠤᠰᠤᠭᠠᠳ ᠱᠦᠯᠲᠦᠯᠢᠭ ᠮᠠᠨᠡᠠ ᠪᠤᠶᠤ ᠱᠦᠯᠲᠦᠯᠢᠭ ᠵᠢᠵᠢᠭ ᠤᠰᠤᠨ ᠳᠤᠰᠤᠯ ᠪᠤᠯᠵᠦ ᠳᠠᠷᠢᠮᠠᠯ ᠢ ᠰᠢᠲᠠᠭᠠᠵᠦ ᠬᠠᠲᠠᠵᠤ | ᠬᠤᠪᠠᠭ᠋ᠠᠶᠢᠷᠠᠭᠰᠠᠨ ᠳᠤᠯᠪᠤ ᠲᠠᠢ ᠪᠤᠯᠭᠠᠨ᠎ᠠ᠃ ᠳᠠᠷᠢᠮᠠᠯ ᠳᠤ ᠶᠠᠮᠠᠷ ᠨᠢᠭᠡ ᠵᠦᠢᠯ ᠤᠨ ᠰᠢᠮ᠎ᠡ ᠲᠡᠵᠢᠭᠡᠯᠲᠦ ᠡᠯᠧᠮᠧᠨ᠋ᠲ ᠢ ᠬᠡᠲᠦᠷᠡᠲᠡᠯ᠎ᠡ ᠭᠡᠷᠡᠭᠯᠡᠪᠡᠯ᠂ | ᠲᠠᠷᠢᠮᠠᠯ ᠢ ᠬᠦᠨᠦᠭᠡᠬᠦ ᠮᠦᠷᠳᠡᠭᠡᠨ ᠪᠠᠰᠠ ᠳᠠᠷᠢᠮᠠᠯ ᠤᠨ ᠪᠤᠰᠤᠳ ᠰᠢᠮ᠎ᠡ ᠲᠡᠵᠢᠭᠡᠯᠲᠦ ᠡᠯᠧᠮᠧᠨ᠋ᠲ ᠢ ᠰᠢᠩᠭᠡᠭᠡᠬᠦ ᠶᠢ ᠬᠠᠷᠰᠢᠯᠠᠵᠦ᠂ ᠰᠢᠮ᠎ᠡ ᠲᠡᠵᠢᠭᠡᠯᠲᠦ | ᠡᠯᠧᠮᠧᠨ᠋ᠲ ᠳᠣᠲᠠᠭᠳᠠᠬᠤ ᠭᠡᠮ ᠢ ᠡᠭᠦᠰᠭᠡᠬᠦ ᠪᠤᠯᠤᠨ᠎ᠠ᠃ ᠵᠢᠱᠢᠶᠠᠯᠠᠪᠠᠯ ᠠᠽᠣᠲ ᠬᠡᠲᠦᠷᠡᠲᠡᠯ᠎ᠡ ᠬᠡᠷᠡᠭᠯᠡᠪᠡᠯ ᠺᠠᠯᠼ ᠳᠤᠲᠠᠬᠤ ᠪᠤᠯᠭᠠᠵᠦ᠂ ᠠᠽᠣᠲ | ᠬᠦᠴᠢᠯ ᠤᠨ ᠳᠦᠯᠦᠪᠲᠦ ᠠᠽᠣᠲ ᠢ ᠢᠯᠡᠭᠦᠦ ᠬᠡᠷᠡᠭᠯᠡᠪᠡᠯ ᠮᠤᠯᠢᠪᠳᠧᠨ ᠳᠤᠲᠠᠭᠠᠳ ᠨᠤᠭᠤᠭᠠᠨ ᠦᠭᠡᠢ ᠪᠣᠯᠳᠠᠭ᠂ ᠺᠠᠯᠢ ᠠᠷᠪᠢᠳᠠᠪᠠᠯ ᠺᠠᠯᠼ᠂ ᠮᠠᠭᠨᠢ᠂ | ᠪᠤᠷ ᠤᠨ ᠠᠰᠢᠭᠲᠤ ᠴᠢᠨᠠᠷ ᠨᠢ ᠳᠤᠷᠤᠭᠰᠢᠯᠠᠨ᠂ ᠹᠤᠰᠹᠤᠷ ᠠᠷᠪᠢᠳᠠᠪᠠᠯ ᠺᠠᠯᠼ᠂ ᠴᠠᠶᠢᠷ᠂ ᠪᠤᠷ ᠤᠨ ᠠᠰᠢᠭᠲᠤ ᠴᠢᠨᠠᠷ ᠨᠢ ᠳᠤᠷᠤᠭᠰᠢᠯᠠᠬᠤ ᠪᠣᠯᠣᠨ᠎ᠠ᠃ | 2. ᠬᠤᠣᠷᠲᠤ ᠬᠡᠢ ᠶᠢᠨ ᠬᠦᠨᠦᠭᠡᠯ᠃ ᠵᠠᠷᠢᠮ ᠭᠠᠵᠠᠷ ᠤᠷᠤᠨ ᠳᠤ ᠠᠽᠣᠲ ᠪᠤᠷᠳᠤᠭᠤᠷ ᠢ ᠭᠡᠷᠡᠭᠯᠡᠬᠦ ᠭᠡᠮᠵᠢᠶ᠎ᠠ ᠨᠢ ᠶᠠᠪᠤᠬᠤ ᠳᠣᠲᠣᠮ | ᠠᠷᠪᠢᠳᠴᠤ᠂ ᠤᠨᠴᠠᠭᠠᠶᠢᠯᠠᠨ ᠤᠷᠤᠭᠤᠯᠤᠭᠰᠠᠨ ᠤ ᠰᠡᠭᠦᠯᠡᠷ ᠠᠮᠠᠷᠬᠠᠨ ᠳᠡᠭᠳᠡᠬᠦ ᠠᠽᠣᠲ ᠪᠤᠷᠳᠤᠭᠤᠷ᠂ ᠵᠢᠱᠢᠶᠡᠯᠡᠪᠡᠯ ᠠᠽᠣᠲ ᠬᠦᠴᠢᠯ ᠤᠨ ᠠᠮᠮᠤᠨᠢ᠂ | ᠰᠢᠪᠳᠦᠷ ᠤᠨ ᠤᠰᠤ ᠵᠡᠷᠭᠡ ᠨᠢ ᠳᠤᠩ ᠠᠮᠠᠷᠬᠠᠨ ᠰᠢᠪᠳᠦᠷ ᠤᠨ ᠬᠡᠢ ᠶᠢ ᠡᠭᠦᠰᠭᠡᠨ᠎ᠡ᠃ ᠭᠡᠷᠪᠡ ᠭᠤᠸ᠎ᠠ ᠶᠢᠨ ᠵᠦᠢᠯ ᠤᠨ ᠴᠢᠬᠢ ᠶᠢᠨ ᠬᠠᠰᠢᠯᠭ᠎ᠠ ᠪᠤᠶᠤ | ᠬᠦᠯᠡᠮᠵᠢ ᠶᠢᠨ ᠲᠠᠷᠢᠶᠠᠨ ᠳᠤ ᠬᠠᠭᠤᠷᠠᠢ ᠠᠽᠣᠲ ᠬᠦᠴᠢᠯ ᠤᠨ ᠠᠮᠮᠤᠨᠢ᠂ ᠰᠢᠭᠡᠰᠦᠯᠢᠭ ᠡᠳ᠋ ᠢ ᠣᠷᠣᠭᠤᠯᠪᠠᠯ ᠪᠦᠷ ᠰᠢᠪᠳᠤᠷ ᠤᠨ ᠬᠡᠢ ᠳᠤ | ᠬᠤᠤᠷᠳᠠᠭᠳᠠᠬᠤ ᠪᠠᠶᠢᠳᠠᠯ ᠡᠭᠦᠰᠦᠨ᠎ᠡ᠃ ᠡᠭᠦᠨ ᠤ ᠰᠢᠯᠲᠠᠭᠠᠨ ᠨᠢ᠂ ᠰᠢᠪᠳᠦᠷ ᠤᠨ ᠢᠶᠤᠨ ᠨᠢ ᠳᠤᠲᠠᠭᠤ ᠨᠢᠲᠷᠦᠵᠢᠭᠤᠯᠬᠤ ᠪᠠᠺᠲ᠋ᠧᠷᠢ ᠶᠢᠨ | ᠦᠢᠯᠡᠳᠦᠯ ᠳᠤᠤᠷ᠎ᠠ ᠳᠤᠲᠠᠭᠤ ᠠᠽᠣᠲ ᠬᠦᠴᠢᠯ ᠪᠤᠯᠵᠦ ᠬᠤᠪᠢᠷᠠᠨ᠂ ᠳᠤᠲᠠᠭᠤ ᠠᠽᠣᠲ ᠬᠦᠴᠢᠯ ᠠᠴᠠ ᠡᠭᠦᠰᠦᠭᠰᠡᠨ ᠠᠽᠣᠲ ᠤᠨ ᠳᠠᠪᠬᠤᠷ | ᠢᠰᠦᠯ ᠤᠨ ᠬᠡᠢ ᠨᠢ ᠳᠠᠷᠢᠮᠠᠯ ᠢ ᠬᠤᠣᠷᠳᠠᠭᠤᠯᠵᠤ᠂ ᠳᠠᠷᠢᠮᠠᠯ ᠤᠨ ᠨᠠᠪᠴᠢᠨ ᠳᠡᠭᠡᠷ᠎ᠡ ᠤᠰᠤ ᠬᠡᠯᠪᠡᠷᠢ ᠶᠢᠨ ᠵᠢᠭᠳᠡ ᠪᠤᠰᠤ ᠳᠤᠯᠪᠤ ᠢᠯᠡᠷᠡᠭᠡᠳ᠂ ᠨᠠᠪᠴᠢᠨ | ᠰᠤᠳᠠᠯ ᠢ ᠢᠳᠡᠭ ᠢᠳᠡᠭ ᠢᠶᠠᠷ ᠴᠠᠶᠢᠷᠠᠭᠤᠯᠬᠤ ᠪᠣᠯᠣᠨ᠎ᠠ᠃ | 3. ᠢᠯᠵᠠᠷᠠᠵᠦ ᠪᠣᠯᠪᠠᠰᠤᠷᠠᠭᠰᠠᠨ ᠦᠭᠡᠢ ᠪᠤᠷᠳᠤᠭᠤᠷ ᠤᠨ ᠬᠠᠯᠠᠭᠤᠨ ᠬᠦᠨᠦᠭᠡᠯ᠃ ᠦᠬᠡᠷ ᠬᠤᠨᠢ ᠶᠢᠨ ᠪᠠᠭᠠᠰᠤ᠂ ᠳᠠᠬᠢᠶ᠎ᠠ ᠨᠤᠭᠤᠰᠤᠨ ᠤ | ᠪᠠᠭᠠᠰᠤ ᠪᠤᠯᠤᠨ ᠨᠤᠭᠤᠭᠠᠨ ᠪᠤᠷᠳᠤᠭᠤᠷ ᠢ ᠭᠦᠢᠴᠡᠳ ᠪᠣᠯᠪᠠᠰᠤᠷᠠᠭᠰᠠᠨ ᠦᠭᠡᠢ ᠪᠠᠷ ᠰᠢᠭᠤᠳ ᠬᠡᠷᠡᠭᠯᠡᠬᠦ ᠪᠠ ᠬᠡᠷᠡᠭᠯᠡᠭᠰᠡᠨ ᠭᠡᠮᠵᠢᠶ᠎ᠠ ᠨᠢ ᠶᠡᠭᠡ ᠪᠣᠯ | ᠪᠤᠷᠳᠤᠭᠤᠷ ᠨᠢ ᠵᠠᠳᠠᠷᠠᠬᠤ ᠶᠠᠪᠤᠴᠠ ᠳᠤ ᠤᠷᠭᠠᠨᠢᠭ ᠬᠦᠴᠢᠯ ᠪᠤᠯᠤᠨ ᠢᠯᠴᠢ ᠡᠭᠦᠰᠬᠡᠬᠦ ᠶᠢᠨ ᠤᠯᠠᠮ ᠠᠴᠠ ᠳᠠᠷᠢᠮᠠᠯ ᠤᠨ ᠦᠨᠳᠦᠰᠦᠨ ᠰᠢᠰᠲ᠋ᠧᠮ ᠢ | ᠬᠦᠨᠦᠭᠡᠵᠦ ᠪᠤᠷᠳᠤᠭᠤᠷ ᠤᠨ ᠬᠦᠨᠦᠭᠡᠯ ᠢ ᠡᠭᠦᠰᠭᠡᠬᠦ ᠪᠣᠯᠣᠨ᠎ᠠ᠃ | 4. ᠦᠨᠳᠦᠰᠦᠨ ᠰᠢᠰᠲ᠋ᠧᠮ ᠤᠨ ᠤᠢᠢᠷᠠᠯᠴᠠᠭ᠎ᠠ ᠪᠤᠷᠳᠤᠭᠤᠷ ᠣᠷᠣᠭᠤᠯᠬᠤ᠃ ᠪᠤᠷᠳᠤᠭᠤᠷ ᠣᠷᠣᠭᠤᠯᠬᠤ ᠦᠶ᠎ᠡ ᠳᠤ ᠵᠠᠷᠢᠮ ᠬᠦᠮᠦᠨ | ᠪᠤᠷᠳᠤᠭᠤᠷ ᠢ ᠳᠠᠷᠢᠮᠠᠯ ᠤᠨ ᠦᠨᠳᠦᠰᠦᠨ ᠰᠢᠰᠲ᠋ᠧᠮ ᠠᠴᠠ ᠬᠡᠳᠦᠢ ᠤᠶᠢᠷᠠᠯᠴᠠᠭ᠎ᠠ ᠪᠠᠶᠢᠯᠭᠠᠪᠠᠯ ᠰᠢᠩᠭᠡᠬᠦ ᠨᠢ ᠲᠡᠳᠦᠢ ᠲᠦᠷᠭᠡᠨ᠂ ᠦᠷ᠎ᠡ ᠳ᠋ᠦᠩ ᠨᠢ | ᠲᠡᠳᠦᠢ ᠰᠠᠶᠢᠨ ᠭᠡᠵᠦ ᠦᠵᠡᠭᠡᠳ᠂ ᠪᠤᠷᠳᠤᠭᠤᠷ ᠢ ᠦᠷᠭᠦᠯᠵᠢ ᠳᠠᠷᠢᠮᠠᠯ ᠤᠨ ᠦᠨᠳᠦᠰᠦᠨ ᠤ ᠬᠠᠵᠠᠭᠤ ᠳᠤ ᠭᠤᠤ ᠭᠠᠷᠭᠠᠵᠤ ᠤᠷᠤᠭᠤᠯᠤᠭᠰᠠᠨ ᠠᠴᠠ | ᠦᠨᠳᠦᠰᠦᠨ ᠰᠢᠰᠲ᠋ᠧᠮ ᠤᠨ ᠳᠠᠪᠬᠤᠷᠭ᠎ᠠ ᠶᠢ ᠡᠪᠳᠡᠵᠦ᠂ ᠲᠡᠭᠦᠨ ᠤ ᠪᠣᠷᠳᠣᠭᠤᠷᠳᠤ ᠤᠰᠤ ᠶᠢ ᠰᠢᠩᠭᠡᠭᠡᠬᠦ ᠴᠢᠳᠠᠪᠤᠷᠢ ᠶᠢ ᠠᠯᠳᠠᠭᠤᠯᠣᠭᠠᠳ᠂ ᠳᠠᠷᠢᠮᠠᠯ ᠢ | ᠭᠠᠳᠠᠷ ᠪᠤᠶᠤ ᠳᠣᠲᠣᠷ ᠰᠢᠷᠬ᠎ᠠ ᠲᠠᠢ ᠪᠤᠯᠭᠠᠵᠦ ᠪᠤᠢ᠃ | ᠰᠡᠷᠭᠡᠶᠢᠯᠡᠨ ᠵᠠᠰᠠᠬᠤ ᠠᠷᠭ᠎ᠠ | 1. ᠤᠷᠭᠠᠨᠢᠭ ᠪᠤᠷᠳᠤᠭᠤᠷ ᠤᠨ ᠭᠡᠮᠵᠢᠶ᠎ᠠ ᠶᠢ ᠨᠡᠮᠡᠭᠳᠡᠭᠦᠯᠵᠦ᠂ ᠬᠦᠷᠦᠰᠦᠨ ᠤ ᠨᠠᠮᠬᠠᠳᠬᠠᠬᠤ ᠴᠢᠳᠠᠪᠤᠷᠢ ᠶᠢ ᠳᠡᠭᠡᠭᠰᠢᠯᠡᠭᠦᠯᠦᠨ᠎ᠡ᠃ ᠤᠷᠭᠠᠨᠢᠭ | ᠴᠠᠪᠠᠤᠯᠢᠭ ᠪᠠᠶ᠎ᠡ ᠶᠢ ᠠᠰᠢᠭᠯᠠᠵᠤ ᠪᠠᠶᠢᠭᠠᠳ ᠬᠢᠮᠢ ᠶᠢᠨ ᠪᠤᠷᠳᠤᠭᠤᠷ ᠤᠨ ᠠᠷᠭ᠎ᠠ ᠢᠶᠤᠨ ᠢ ᠰᠣᠷᠣᠵᠤ᠂ ᠬᠦᠷᠦᠰᠦᠨ ᠤ ᠠᠭᠤᠰᠤᠮᠠᠯ ᠤᠨ ᠥᠳᠬᠡᠴᠡ ᠶᠢ | ᠪᠠᠭᠤᠷᠠᠭᠤᠯᠤᠨ᠂ ᠬᠦᠷᠦᠰᠦᠨ ᠤ ᠰᠢᠮ᠎ᠡ ᠳᠡᠵᠢᠭᠡᠯ ᠢ ᠨᠠᠮᠬᠠᠳᠬᠠᠬᠤ ᠴᠢᠳᠠᠪᠤᠷᠢ ᠶᠢ ᠳᠡᠭᠡᠭᠰᠢᠯᠡᠭᠦᠯᠪᠡᠯ ᠪᠤᠷᠳᠤᠭᠤᠷ ᠤᠨ ᠬᠦᠨᠦᠭᠡᠯ ᠢ ᠬᠦᠴᠦᠨ ᠲᠠᠢ | ᠪᠠᠭᠠᠰᠬᠠᠬᠤ ᠪᠠ ᠵᠠᠶᠢᠯᠠᠰᠬᠢᠵᠦ ᠴᠢᠳᠠᠨ᠎ᠠ᠃ | 2. ᠪᠦᠬᠦ ᠳᠠᠪᠬᠤᠷᠭ᠎ᠠ ᠳᠤ ᠪᠤᠷᠳᠤᠭᠤᠷ ᠢ ᠭᠦᠨ ᠤᠷᠤᠭᠤᠯᠤᠨ᠎ᠠ᠃ ᠪᠦᠬᠦ ᠳᠠᠪᠬᠤᠷᠭ᠎ᠠ ᠳᠤ ᠪᠤᠷᠳᠤᠭᠤᠷ ᠢ ᠭᠦᠨ ᠤᠷᠤᠭᠤᠯᠪᠠᠯ᠂ ᠪᠤᠷᠳᠤᠭᠤᠷ | ᠨᠢ ᠪᠦᠬᠦ ᠲᠠᠷᠢᠶᠠᠯᠠᠯ ᠤᠨ ᠳᠠᠪᠬᠤᠷᠭ᠎ᠠ ᠳᠤ ᠵᠢᠭᠳᠡ ᠲᠠᠷᠬᠠᠵᠦ᠂ ᠬᠦᠷᠦᠰᠦᠨ ᠳᠤ ᠰᠢᠩᠭᠡᠬᠦ ᠠᠷᠭ᠎ᠠ ᠢᠶᠤᠨ ᠤ ᠲᠤᠭ᠎ᠠ ᠬᠠᠷᠢᠴᠠᠩᠭᠤᠢ ᠨᠡᠮᠡᠭᠳᠡᠵᠦ᠂ | ᠬᠦᠷᠦᠰᠦᠨ ᠤ ᠠᠭᠤᠰᠤᠮᠠᠯ ᠬᠡᠲᠦᠷᠬᠡᠢ ᠦᠳᠭᠡᠷᠡᠬᠦ ᠦᠭᠡᠢ ᠪᠠᠶᠢᠬᠤ ᠶᠢᠨ ᠤᠯᠠᠮ ᠠᠴᠠ ᠲᠡᠷᠢᠮᠠᠯ ᠤᠨ ᠬᠦᠨᠦᠭᠡᠯ ᠠᠴᠠ ᠵᠠᠶᠢᠯᠠᠰᠬᠢᠵᠦ ᠴᠢᠳᠠᠨ᠎ᠠ᠃ | 3. ᠢᠯᠵᠠᠷᠠᠵᠦ ᠪᠣᠯᠪᠠᠰᠤᠷᠠᠭᠰᠠᠨ ᠦᠭᠡᠢ ᠪᠤᠷᠳᠤᠭᠤᠷ ᠢ ᠤᠷᠤᠭᠤᠯᠬᠤ ᠦᠭᠡᠢ᠃ ᠬᠠᠭᠤᠷᠠᠢ ᠲᠠᠷᠢᠶᠠᠨ ᠳᠤ ᠢᠯᠵᠡᠷᠡᠵᠦ ᠪᠣᠯᠪᠠᠰᠤᠷᠠᠭᠰᠠᠨ ᠦᠭᠡᠢ | ᠪᠤᠷᠳᠤᠭᠤᠷ ᠢ ᠤᠷᠤᠭᠤᠯᠪᠠᠯ ᠦᠨᠳᠦᠰᠦ ᠶᠢ ᠳᠤᠩ ᠠᠮᠠᠷᠬᠠᠨ ᠰᠢᠲᠠᠭᠠᠬᠤ ᠪᠣᠯᠣᠨ᠎ᠠ᠂ ᠤᠰᠤᠨ ᠲᠠᠷᠢᠶᠠᠨ ᠳᠤ ᠢᠯᠵᠠᠷᠠᠵᠦ ᠪᠣᠯᠪᠠᠰᠤᠷᠠᠭᠰᠠᠨ ᠦᠭᠡᠢ | ᠨᠤᠭᠤᠭᠠᠨ ᠪᠤᠷᠳᠤᠭᠤᠷ᠂ ᠬᠠᠷ᠎ᠠ ᠪᠤᠷᠳᠤᠭᠤᠷ᠂ ᠰᠢᠬᠠᠳᠠᠰᠤ ᠪᠤᠷᠳᠤᠭᠤᠷ ᠢ ᠤᠷᠤᠭᠤᠯᠪᠠᠯ᠂ ᠵᠠᠳᠠᠷᠠᠬᠤ ᠶᠠᠪᠤᠴᠠ ᠳᠤ ᠶᠡᠭᠡ ᠭᠡᠮᠵᠢᠶᠠᠨ ᠤ ᠳᠤᠲᠠᠭᠤ | ᠲᠡᠮᠦᠷ᠂ ᠬᠦᠬᠦᠷᠲᠦ ᠤᠰᠤᠳᠦ᠋ᠷᠦᠭᠴᠢ ᠵᠡᠷᠭᠡ ᠬᠤᠣᠷᠲᠤ ᠪᠤᠳᠠᠰ ᠢ ᠡᠭᠦᠰᠭᠡᠵᠦ᠂ ᠴᠡᠴᠡᠭ ᠤᠨ ᠬᠡᠯᠪᠡᠷᠢᠲᠠᠢ ᠪᠤᠯᠠᠩᠭᠢᠷᠲᠤ ᠪᠤᠳᠠᠰ ᠢᠯᠡᠷᠡᠭᠡᠳ᠂ ᠤᠰᠤᠨ | ᠳᠤᠳᠤᠷᠭ᠎ᠠ ᠶᠢᠨ ᠰᠤᠯᠢᠯᠴᠠᠭ᠎ᠠ ᠶᠢ ᠰᠢᠭᠤᠳ ᠪᠤᠶᠤ ᠳᠠᠮ ᠢᠶᠠᠷ ᠬᠤᠷᠢᠭᠯᠠᠵᠤ ᠤᠷᠭᠤᠯᠲᠠ ᠶᠢ ᠨᠦᠯᠦᠭᠡᠯᠡᠬᠦ ᠪᠤᠯᠤᠨ᠎ᠠ᠃ | 4. ᠬᠢᠮᠢ ᠶᠢᠨ ᠪᠤᠷᠳᠤᠭᠤᠷ ᠢ ᠭᠡᠮᠵᠢᠶ᠎ᠠ ᠲᠠᠢ ᠤᠷᠤᠭᠤᠯᠬᠤ᠃ ᠬᠢᠮᠢ ᠶᠢᠨ ᠪᠤᠷᠳᠤᠭᠤᠷ ᠢ ᠨᠢᠭᠡ ᠯᠠ ᠤᠳᠠᠭ᠎ᠠ ᠳᠤ ᠬᠡᠲᠦᠷᠬᠡᠢ ᠠᠷᠪᠢᠨ | ᠤᠷᠤᠭᠤᠯᠬᠤ ᠨᠢ ᠰᠢᠨᠵᠢᠯᠡᠬᠦ ᠤᠬᠠᠭᠠᠨᠴᠢ ᠪᠢᠰᠢ ᠮᠦᠷᠳᠡᠭᠡᠨ ᠠᠶᠤᠯ ᠲᠠᠢ ᠪᠠᠶᠢᠳᠠᠭ᠂ ᠮᠦ ᠪᠦᠷᠢ ᠳᠤ ᠪᠤᠷᠳᠤᠭᠤᠷ ᠢ ᠨᠢᠭᠡ ᠯᠠ ᠤᠳᠠᠭ᠎ᠠ ᠳᠤ | ᠤᠷᠤᠭᠤᠯᠬᠤ ᠭᠡᠪᠡᠯ ᠤᠷᠤᠭᠤᠯᠬᠤ ᠭᠡᠮᠵᠢᠶ᠎ᠠ ᠶᠢ ᠬᠦᠷᠦᠰᠦᠨ ᠤ ᠰᠢᠮ᠎ᠡ᠂ ᠴᠢᠬᠢ ᠶᠢᠨ ᠪᠠᠶᠢᠳᠠᠯ ᠪᠠ ᠬᠦᠷᠦᠰᠦᠨ ᠤ ᠴᠢᠨᠠᠷ ᠢᠶᠠᠷ ᠲᠣᠭᠲᠠᠭᠠᠨ᠎ᠠ᠂ ᠶᠡᠷᠦ | ᠳᠡᠭᠡᠨ ᠮᠦ ᠪᠦᠷᠢ ᠳᠤ ᠠᠽᠣᠲ ᠬᠦᠴᠢᠯ ᠤᠨ ᠠᠮᠮᠤᠨᠢ ᠶᠢ 60 ᠺᠢᠯᠣᠭ᠍ᠷᠠᠮ ᠠᠴᠠ ᠬᠡᠲᠦᠷᠡᠭᠦᠯᠬᠦ ᠦᠭᠡᠢ᠂ ᠾᠯᠤᠷᠳᠦ ᠠᠮᠮᠤᠨᠢ ᠶᠢ 40 ᠺᠢᠯᠣᠭ᠍ᠷᠠᠮ ᠠᠴᠠ | ᠬᠡᠲᠦᠷᠡᠭᠦᠯᠬᠦ ᠦᠭᠡᠢ᠂ ᠰᠢᠭᠡᠰᠦᠯᠢᠭ ᠡᠳ᠋ ᠢ 20 ᠺᠢᠯᠣᠭ᠍ᠷᠠᠮ ᠠᠴᠠ ᠬᠡᠲᠦᠷᠡᠭᠦᠯᠬᠦ ᠦᠭᠡᠢ ᠪᠠᠶᠢᠪᠠᠯ ᠵᠣᠬᠢᠰᠲᠠᠢ᠃ ᠪᠤᠷᠳᠤᠭᠤᠷ ᠲᠤ ᠳᠠᠭᠠᠭᠠᠴᠠ ᠦᠭᠡᠢ | ᠳᠠᠷᠢᠮᠠᠯ ᠪᠤᠯᠤᠨ ᠨᠢᠯᠬ᠎ᠠ ᠴᠢᠬᠢ ᠳᠤ ᠤᠷᠤᠭᠤᠯᠬᠤ ᠬᠡᠮᠵᠢᠶ᠎ᠡ ᠶᠢ ᠨᠡᠩ ᠪᠠᠭ᠎ᠠ ᠪᠠᠶᠢᠯᠭᠠᠵᠦ᠂ ᠡᠯᠡᠰᠦᠷᠬᠡᠭ ᠭᠠᠵᠠᠷ ᠲᠤ ᠪᠣᠯ ︽ᠪᠠᠭ᠎ᠠ ᠪᠠᠭ᠎ᠠ ᠪᠠᠷ ᠤᠯᠠᠨ | ᠤᠳᠠᠭ᠎ᠠ ᠤᠷᠤᠭᠤᠯᠤᠨ︾᠂ ᠣᠷᠬᠢᠭᠳᠠᠭᠤᠯᠵᠤ ᠤᠷᠤᠭᠤᠯᠬᠤ ᠠᠴᠠ ᠵᠠᠶᠢᠯᠠᠰᠬᠢᠨ᠎ᠠ᠃ | 5. ᠵᠠᠢ ᠶᠢ ᠲᠤᠭᠲᠠᠭᠠᠵᠤ ᠨᠦᠬᠡᠯᠡᠠ ᠪᠣᠷᠳᠣᠭᠤᠷ ᠣᠷᠣᠭᠤᠯᠬᠤ᠃ ᠨᠦᠬᠡᠯᠡᠨ ᠪᠣᠷᠳᠣᠭᠤᠷ ᠣᠷᠣᠭᠤᠯᠬᠤ᠂ ᠰᠤᠪᠠᠭᠯᠠᠨ ᠪᠣᠷᠳᠣᠭᠤᠷ ᠣᠷᠣᠭᠤᠯᠬᠤ | ᠳᠤ ᠦᠨᠳᠦᠰᠦᠨ ᠤ ᠭᠡᠰᠡᠭ ᠠᠴᠠ ᠳᠡᠩᠳᠡᠭᠦᠤ ᠣᠶᠢᠷᠠᠬᠠᠨ ᠪᠠᠶᠢᠯᠭᠠᠵᠦ ᠪᠣᠯᠬᠤ ᠦᠭᠡᠢ᠂ ᠨᠡᠩ ᠴᠦ ᠦᠨᠳᠦᠰᠦ ᠶᠢ ᠳᠠᠭᠠᠭᠤᠯᠤᠨ ᠣᠷᠣᠭᠤᠯᠵᠤ ᠪᠣᠯᠬᠤ | ᠦᠭᠡᠢ᠂ ᠶᠡᠷᠦ ᠳᠡᠭᠡᠨ ᠭᠦᠶᠦᠬᠡᠨ ᠦᠨᠳᠦᠰᠦᠯᠡᠬᠦ ᠳᠠᠷᠢᠮᠠᠯ ᠪᠤᠯᠤᠨ ᠨᠢᠯᠬ᠎ᠠ ᠴᠢᠬᠢ ᠳᠤ ᠪᠤᠷᠳᠤᠭᠤᠷ ᠤᠷᠤᠭᠤᠯᠬᠤ ᠳᠤ ᠦᠨᠳᠦᠰᠦᠨ ᠠᠴᠠ ᠨᠢ | 10~15 ᠰᠠᠨᠲ᠋ᠢᠮᠧᠲᠷ ᠵᠠᠶᠢᠲᠠᠢ ᠪᠠᠶᠢᠯᠭᠠᠵᠤ᠂ ᠭᠦᠨ ᠦᠨᠳᠦᠰᠦᠯᠡᠬᠦ ᠳᠠᠷᠢᠮᠠᠯ ᠪᠣᠯᠣᠨ ᠳᠤᠮᠲᠠ᠂ ᠲᠣᠮᠣ ᠴᠢᠬᠢ ᠳᠤ ᠪᠤᠷᠳᠤᠭᠤᠷ ᠣᠷᠣᠭᠤᠯᠬᠤ ᠳᠤ | ᠦᠨᠳᠦᠰᠦᠨ ᠠᠴᠠ ᠨᠢ 18~25 ᠰᠠᠨᠲ᠋ᠢᠮᠧᠲᠷ ᠵᠠᠶᠢᠳᠠᠢ ᠪᠠᠶᠢᠯᠭᠠᠵᠦ᠂ ᠦᠨᠳᠦᠰᠦᠨ ᠰᠢᠰᠲ᠋ᠧᠮ ᠢ ᠬᠦᠨᠦᠭᠡᠵᠦ ᠴᠢᠬᠢ ᠶᠢᠨ ᠦᠬᠦᠬᠦ ᠠᠴᠠ | ᠵᠠᠶᠢᠯᠠᠰᠭᠢᠨ᠎ᠡ᠃ | 6. ᠴᠢᠬᠢ ᠶᠢᠨ ᠬᠠᠰᠢᠯᠭ᠎ᠠ ᠪᠤᠯᠤᠨ ᠬᠠᠮᠠᠭᠠᠯᠠᠯᠲᠠ ᠶᠢᠨ ᠲᠠᠷᠢᠶᠠᠨ ᠳᠤ ᠪᠤᠷᠳᠤᠭᠤᠷ ᠣᠷᠣᠭᠤᠯᠬᠤ᠃ ᠳᠡᠭᠡᠷ᠎ᠡ ᠳᠤᠷᠠᠳᠤᠭᠰᠠᠨ ᠪᠤᠷᠳᠤᠭᠤᠷ | ᠣᠷᠣᠭᠤᠯᠬᠤ ᠱᠠᠭᠠᠷᠳᠠᠯᠭ᠎ᠠ ᠠᠴᠠ ᠭᠠᠳᠠᠨ᠎ᠠ᠂ ᠪᠠᠰᠠ ᠴᠣᠩᠬᠤ ᠶᠢ ᠵᠤᠬᠢᠰᠲᠠᠢ ᠨᠡᠭᠡᠭᠡᠵᠦ ᠠᠭᠠᠷ ᠰᠤᠯᠢᠯᠴᠠᠭᠤᠯᠤᠨ᠂ ᠰᠢᠪᠳᠦᠷ ᠬᠡᠢ ᠶᠢᠨ ᠬᠤᠷᠠᠮᠳᠤᠬᠤ | ᠠᠴᠠ ᠰᠡᠷᠭᠡᠶᠢᠯᠡᠨ᠎ᠡ᠂ ᠵᠤᠬᠢᠰᠲᠠᠢ ᠤᠰᠤᠯᠠᠵᠦ ᠬᠦᠷᠦᠰᠦ ᠶᠢ ᠴᠢᠭᠢᠭᠯᠢᠭ ᠪᠠᠶᠢᠯᠭᠠᠵᠦ ᠬᠦᠷᠦᠰᠦᠨ ᠤ ᠠᠭᠤᠰᠤᠮᠠᠯ ᠤᠨ ᠥᠳᠬᠡᠴᠡ ᠶᠢ ᠪᠠᠭᠤᠷᠠᠭᠤᠯᠤᠨ᠂ | ᠥᠳᠬᠡᠴᠡ ᠦᠨᠳᠦᠷᠵᠢᠭᠰᠡᠨ ᠠᠴᠠ ᠪᠣᠯᠵᠤ ᠬᠦᠨᠦᠭᠡᠯ ᠡᠬᠦᠰᠬᠦ ᠠᠴᠠ ᠵᠠᠶᠢᠯᠠᠰᠭᠢᠨ᠎ᠡ᠃ | |