| | 1. ᠭᠡᠮ ᠤᠨ ᠬᠥᠨᠥᠭᠡᠯ ᠠᠴᠠ ᠪᠣᠯᠵᠤ ᠦᠬᠦᠬᠦ | ᠰᠢᠯᠲᠠᠭᠠᠨ᠄ ᠭᠤᠣᠯᠳᠠᠭᠤ ᠲᠠᠷᠢᠬᠤ ᠠᠴᠠ ᠡᠮᠦᠨ᠎ᠡ ᠴᠢᠬᠢ ᠶᠢᠨ ᠬᠠᠰᠢᠯᠭ᠎ᠠ᠂ ᠲᠡᠵᠢᠭᠡᠯᠲᠦ ᠬᠦᠷᠦᠰᠦ ᠶᠢ ᠠᠷᠢᠭᠤᠳᠬᠠᠭᠰᠠᠨ ᠦᠭᠡᠢ ᠪᠤᠶᠤ | ᠠᠷᠢᠭᠤᠳᠬᠠᠭᠰᠠᠨ ᠨᠢ ᠲᠦᠢᠯᠪᠤᠷᠢᠲᠠᠢ ᠪᠤᠰᠤ᠂ ᠴᠢᠬᠢᠯᠡᠭᠰᠡᠨ ᠤ ᠳᠠᠷᠠᠭ᠎ᠠ ᠳᠠᠷᠤᠢ ᠳᠤᠨᠢ ᠡᠮ ᠰᠦᠷᠴᠢᠭᠰᠡᠨ ᠦᠭᠡᠢ᠂ ᠴᠢᠬᠢ ᠶᠢᠨ ᠬᠠᠰᠢᠯᠭ᠎ᠠ ᠶᠢᠨ | ᠳᠤᠯᠠᠭᠠᠨ᠂ ᠴᠢᠬᠢᠭ ᠤᠨ ᠬᠠᠮᠢᠶᠠᠷᠤᠯᠳᠠ ᠵᠣᠬᠢᠰ ᠦᠭᠡᠢ ᠵᠡᠷᠭᠡ ᠠᠴᠠ ᠦᠨᠳᠦᠰᠦ ᠢᠯᠵᠠᠷᠠᠬᠤ ᠭᠡᠮ᠂ ᠬᠤᠪᠠᠭ᠋ᠠᠶᠢᠷᠠᠬᠤ ᠭᠡᠮ ᠡᠭᠦᠰᠬᠦ ᠪᠤᠯᠤᠨ᠎ᠠ᠃ | ᠰᠡᠷᠭᠡᠶᠢᠯᠡᠬᠦ ᠠᠷᠭ᠎ᠠ᠄ ① ᠲᠡᠭᠰᠢ ᠳᠥᠷᠪᠡᠯᠵᠢᠨ ᠮᠧᠲᠷ ᠪᠦᠷᠢ ᠴᠢᠬᠢ ᠶᠢᠨ ᠬᠠᠰᠢᠯᠭ᠎ᠠ ᠳᠤ 8~10 ᠭᠷᠡᠮ 50% ᠶᠢᠨ ᠳ᠋ᠦᠸᠧ ᠵᠢᠶᠦ᠋ᠨ | ᠯᠢᠩ ︵多菌灵︶ ᠪᠤᠶᠤ 1 ᠭᠷᠡᠮ ᠯᠢᠦᠢ ᠾᠧᠩ ᠨᠢᠭᠡᠳᠦᠭᠡᠷ ᠨᠤᠮᠧᠷ ︵绿亨一号︶ ᠢ ᠵᠣᠬᠢᠬᠤ ᠨᠠᠷᠢᠨ ᠬᠠᠭᠤᠷᠠᠢ ᠰᠢᠷᠣᠢ ᠲᠠᠢ | ᠬᠤᠯᠢᠵᠦ ᠲᠠᠲᠠᠭᠠᠯ ᠳᠡᠭᠡᠷ᠎ᠡ ᠵᠢᠭᠳᠡ ᠰᠠᠴᠤᠵᠦ᠂ ᠬᠦᠷᠦᠰᠦ ᠶᠢ ᠤᠷᠪᠠᠭᠤᠯᠤᠨ ᠵᠢᠭᠳᠡ ᠬᠤᠯᠢᠭᠰᠠᠨ ᠤ ᠳᠠᠷᠠᠭ᠎ᠠ ᠲᠠᠷᠢᠨ᠎ᠠ᠃ ᠲᠡᠵᠢᠭᠡᠯᠳᠦ ᠬᠦᠷᠦᠰᠦ ᠶᠢ | ᠨᠠᠶᠢᠷᠠᠭᠤᠯᠬᠤ ᠦᠶᠡᠰ᠂ ᠲᠡᠭᠰᠢ ᠲᠦᠷᠪᠡᠯᠵᠢᠨ ᠮᠧᠲᠷ ᠪᠦᠷᠢ ᠲᠡᠵᠢᠭᠡᠯᠳᠦ ᠬᠦᠷᠦᠰᠦᠨ ᠳᠤ 80~100 ᠭᠷᠡᠮ 50% ᠶᠢᠨ ᠳ᠋ᠦᠸᠧ ᠵᠢᠶᠦ᠋ᠨ ᠯᠢᠩ | ᠪᠤᠶᠤ 5 ᠭᠷᠡᠮ ᠯᠢᠦᠢ ᠾᠧᠩ ᠨᠢᠭᠡᠳᠦᠭᠡᠷ ᠨᠣᠮᠧᠷ ᠢ ᠨᠡᠮᠡᠵᠦ᠂ ᠵᠢᠭᠳᠡ ᠬᠤᠯᠢᠭᠰᠠᠨ ᠤ ᠳᠠᠷᠠᠭ᠎ᠠ ᠲᠡᠵᠢᠭᠡᠯ ᠤᠨ ᠤᠭᠤᠷ ᠲᠤ ᠰᠠᠪᠠᠯᠠᠨ᠎ᠠ᠃ ② 75% | ᠶᠢᠨ ᠴᠢᠬᠢ ᠬᠦᠷᠦᠰᠦᠨ ᠠᠴᠠ ᠰᠣᠶᠣᠭᠠᠯᠠᠨ ᠭᠠᠷᠤᠭᠰᠠᠨ ᠤ ᠳᠠᠷᠠᠭ᠎ᠠ᠂ 50% ᠶᠢᠨ ᠳ᠋ᠦᠸᠧ ᠵᠢᠶᠦ᠋ᠨ ᠯᠢᠩ ᠢ 500 ᠳᠠᠬᠢᠨ ᠰᠢᠩᠭᠡᠯᠡᠨ ᠰᠦᠷᠴᠢᠵᠦ | ᠪᠠᠺᠲ᠋ᠧᠷᠢ ᠶᠢ ᠠᠯᠠᠵᠤ ᠭᠡᠮ ᠤᠨ ᠬᠦᠨᠦᠭᠡᠯ ᠠᠴᠠ ᠰᠡᠷᠭᠡᠶᠢᠯᠡᠨ᠎ᠡ᠂ ᠳᠠᠷᠠᠭ᠎ᠠ ᠪᠠᠷ 7~10 ᠡᠳᠦᠷ ᠲᠤ ᠨᠢᠭᠡ ᠤᠳᠠᠭ᠎ᠠ ᠰᠦᠷᠴᠢᠵᠦ᠂ ᠴᠠᠭ ᠲᠤᠬᠠᠢ | ᠳᠤᠨᠢ ᠰᠠᠯᠬᠢ ᠨᠡᠪᠲᠡᠷᠡᠭᠦᠯᠦᠨ ᠠᠭᠠᠷ ᠰᠣᠯᠢᠯᠴᠠᠭᠤᠯᠵᠤ᠂ ᠴᠢᠬᠢ ᠶᠢᠨ ᠬᠠᠰᠢᠯᠭ᠎ᠠ ᠴᠢᠬᠢᠭᠲᠦᠵᠦ᠂ ᠴᠢᠬᠢᠭ ᠶᠡᠬᠡᠲᠦᠵᠦ ᠭᠡᠮ ᠤᠨ ᠬᠦᠨᠦᠭᠡᠯ ᠡᠭᠦᠰᠬᠦ ᠠᠴᠠ | ᠰᠡᠷᠭᠡᠶᠢᠯᠡᠨ᠎ᠡ᠃ | 2. ᠬᠤᠷᠣᠬᠠᠢ ᠶᠢᠨ ᠬᠦᠨᠦᠭᠡᠯ ᠠᠴᠠ ᠪᠣᠯᠵᠤ ᠦᠬᠦᠬᠦ | ᠰᠢᠯᠲᠠᠭᠠᠨ᠄ ᠴᠢᠬᠢ ᠶᠢᠨ ᠬᠠᠰᠢᠯᠭ᠎ᠠ ᠶᠢᠨ ᠬᠦᠷᠦᠰᠦᠨ ᠳᠤ ᠦᠳᠦᠭ ᠬᠤᠷᠣᠬᠠᠢ᠂ ᠯᠠᠭᠤ᠂ ᠴᠢᠬᠢᠭ ᠤᠨ ᠤᠯᠠᠭᠠᠨ ᠬᠤᠷᠣᠬᠠᠢ ᠵᠡᠷᠭᠡ ᠭᠠᠵᠠᠷ | ᠳᠤᠤᠷᠠᠭᠢ ᠬᠥᠨᠥᠭᠡᠯᠲᠦ ᠬᠤᠷᠣᠬᠠᠢ ᠶᠡᠬᠡᠪᠡᠷ ᠡᠭᠦᠰᠪᠡᠯ ᠴᠢᠬᠢ ᠦᠬᠦᠬᠦ ᠪᠣᠯᠣᠨ᠎ᠠ᠃ | ᠰᠡᠷᠭᠡᠶᠢᠯᠡᠬᠦ ᠠᠷᠭ᠎ᠠ᠄ 80% ᠶᠢᠨ ᠳ᠋ᠢ ᠳ᠋ᠢ ᠸᠧᠢ ︵敌敌畏︶ ᠶᠢᠨ ᠴᠠᠶᠢᠳᠡᠮᠯᠢᠭ ᠰᠢᠩᠭᠡᠨ ᠢ 1000 ᠲᠠᠬᠢᠨ ᠰᠢᠩᠭᠡᠯᠡᠨ ᠴᠢᠬᠢ ᠶᠢᠨ | ᠬᠠᠰᠢᠯᠭ᠎ᠠ ᠳᠤ ᠰᠦᠷᠴᠢᠵᠦ᠂ ᠦᠳᠦᠭ ᠬᠤᠷᠣᠬᠠᠢ ᠠᠴᠠ ᠰᠡᠷᠭᠡᠶᠢᠯᠡᠨ᠎ᠡ︔ 80% ᠶᠢᠨ ᠳ᠋ᠢ ᠳ᠋ᠢ ᠸᠧᠢ ᠶᠢᠨ ᠴᠠᠶᠢᠳᠡᠮᠯᠢᠭ ᠰᠢᠩᠭᠡᠨ ᠢ 100 ᠲᠠᠬᠢᠨ | ᠰᠢᠩᠭᠡᠯᠡᠬᠦ ᠪᠤᠶᠤ 50% ᠶᠢᠨ ᠣᠺᠲ᠋ᠠ ᠬᠦᠬᠦᠷᠲᠦ ᠹᠤᠰᠹᠤᠷ ︵辛硫磷︶ ᠤᠨ ᠴᠠᠶᠢᠳᠡᠮᠯᠢᠭ ᠰᠢᠩᠭᠡᠨ ᠢ 50 ᠳᠠᠬᠢᠨ ᠰᠢᠩᠭᠡᠯᠡᠵᠦ | ᠬᠠᠭᠤᠷᠠᠭᠰᠠᠨ ᠳ᠋ᠸᠤᠪᠢᠩ᠂ ᠬᠡᠪᠡᠭ ᠵᠡᠷᠭᠡ ᠲᠠᠢ ᠬᠤᠯᠢᠵᠦ ᠬᠤᠣᠷᠲᠤ ᠥᠭᠶᠥᠭᠡ ᠪᠤᠯᠭᠠᠭᠠᠳ ᠴᠢᠬᠢ ᠶᠢᠨ ᠬᠠᠰᠢᠯᠭ᠎ᠠ ᠶᠢᠨ ᠭᠠᠳᠠᠷᠭᠤ ᠳᠤ ᠰᠠᠴᠤᠪᠠᠯ | ᠯᠠᠭᠤ ᠶᠢ ᠠᠯᠠᠵᠦ ᠴᠢᠳᠠᠨ᠎ᠠ︔ 50% ᠶᠢᠨ ᠤᠺᠠᠲ᠋ᠠ ᠬᠦᠬᠦᠷᠲᠦ ᠹᠤᠰᠹᠤᠷ ᠤᠨ ᠴᠠᠶᠢᠳᠡᠮᠯᠢᠭ ᠰᠢᠩᠭᠡᠨ ᠢ 1000 ᠳᠠᠬᠢᠨ ᠰᠢᠩᠭᠡᠯᠡᠬᠦ ᠪᠤᠶᠤ | 48% ᠶᠢᠨ ᠯᠠ ᠰᠧ ᠪᠧᠨ ︵乐斯本︶ ᠢ 2000 ᠳᠠᠬᠢᠨ ᠰᠢᠩᠭᠡᠯᠡᠵᠦ ᠴᠢᠬᠢ ᠶᠢᠨ ᠬᠠᠰᠢᠯᠭ᠎ᠠ ᠶᠢᠨ ᠬᠦᠷᠦᠰᠦᠨ ᠳᠡᠭᠡᠷ᠎ᠡ ᠰᠦᠷᠴᠢᠪᠡᠯ᠂ | ᠴᠢᠬᠢᠭ ᠤᠨ ᠤᠯᠠᠭᠠᠨ ᠬᠤᠷᠣᠬᠠᠢ ᠶᠢᠨ ᠬᠥᠨᠥᠭᠡᠯ ᠢ ᠠᠰᠢᠭᠳᠠᠢ ᠬᠤᠷᠢᠭᠯᠠᠵᠤ ᠳᠡᠶᠢᠯᠦᠨ᠎ᠡ᠃ | 3. ᠡᠮ ᠤᠨ ᠬᠤᠣᠷᠳᠠᠯ ᠠᠴᠠ ᠪᠣᠯᠵᠤ ᠦᠬᠦᠬᠦ | ᠰᠢᠯᠲᠠᠭᠠᠨ᠄ ᠴᠢᠬᠢ ᠶᠢᠨ ᠬᠠᠰᠢᠯᠭ᠎ᠠ ᠶᠢᠨ ᠬᠥᠷᠥᠰᠥ ᠶᠢ ᠠᠷᠢᠭᠤᠳᠬᠠᠬᠤ ᠦᠶᠡᠰ ᠭᠡᠷᠡᠭᠯᠡᠬᠦ ᠡᠮ ᠤᠨ ᠬᠡᠮᠵᠢᠶ᠎ᠡ ᠶᠢ ᠬᠡᠲᠦᠷᠡᠭᠦᠯᠬᠦ᠂ ᠲᠠᠷᠢᠭᠰᠠᠨ ᠤ | ᠳᠠᠷᠠᠭ᠎ᠠ ᠴᠢᠬᠢ ᠶᠢᠨ ᠬᠠᠰᠢᠯᠭ᠎ᠠ ᠶᠢᠨ ᠬᠥᠷᠥᠰᠥ ᠶᠢ ᠬᠡᠲᠦᠷᠭᠡᠢ ᠬᠠᠭᠤᠷᠠᠢ ᠪᠠᠶᠢᠯᠭᠠᠬᠤ ᠪᠠ ᠴᠢᠬᠢᠯᠡᠭᠰᠡᠨ ᠤ ᠳᠠᠷᠠᠭ᠎ᠠ ᠰᠦᠷᠴᠢᠭᠰᠡᠨ ᠡᠮ ᠤᠨ ᠦᠳᠭᠡᠴᠨ | ᠶᠢ ᠬᠡᠲᠦᠷᠬᠡᠢ ᠥᠨᠳᠥᠷ ᠪᠠᠶᠢᠯᠭᠠᠬᠤ ᠨᠢ ᠪᠦᠷ ᠠᠮᠠᠷᠬᠠᠨ ᠡᠮ ᠤᠨ ᠬᠤᠣᠷᠳᠠᠯ ᠢ ᠡᠭᠦᠰᠭᠡᠬᠦ ᠪᠤᠯᠤᠨ᠎ᠠ᠃ | ᠰᠡᠷᠭᠡᠶᠢᠯᠡᠬᠦ ᠠᠷᠭ᠎ᠠ᠄ ᠴᠢᠬᠢ ᠶᠢᠨ ᠬᠠᠰᠢᠯᠭ᠎ᠠ ᠶᠢ ᠠᠷᠢᠭᠤᠳᠬᠠᠬᠤ ᠦᠶᠡᠰ ᠬᠡᠷᠡᠭᠯᠡᠬᠦ ᠡᠮ ᠤᠨ ᠬᠡᠮᠵᠢᠶ᠎ᠡ ᠶᠢ ᠬᠡᠲᠦᠷᠡᠭᠦᠯᠵᠦ ᠪᠣᠯᠬᠤ ᠦᠭᠡᠢ︔ | ᠡᠮ ᠢᠶᠠᠷ ᠰᠢᠢᠳᠪᠦᠷᠢᠯᠡᠭᠰᠡᠨ ᠤ ᠰᠡᠭᠦᠯᠡᠷᠬᠢ ᠴᠢᠬᠢ ᠶᠢᠨ ᠬᠠᠰᠢᠯᠭ᠎ᠠ ᠶᠢᠨ ᠬᠦᠷᠦᠰᠦ ᠶᠢ ᠵᠤᠭᠢᠬᠤ ᠴᠢᠭᠢᠭᠯᠢᠭ ᠪᠠᠶᠢᠯᠭᠠᠨ᠎ᠠ᠂ ᠭᠡᠪᠡᠴᠦ ᠤᠳᠠᠭ᠎ᠠ ᠪᠦᠷᠢ ᠶᠢᠨ | ᠰᠦᠷᠴᠢᠬᠦ ᠤᠰᠤᠨ ᠤ ᠬᠡᠮᠵᠢᠶ᠎ᠡ ᠶᠢ ᠬᠡᠲᠦᠷᠡᠭᠦᠯᠵᠦ ᠪᠣᠯᠬᠤ ᠦᠭᠡᠢ᠂ ᠬᠡᠲᠦᠷᠬᠡᠢ ᠴᠢᠬᠢᠭᠲᠦᠬᠦ ᠠᠴᠠ ᠰᠡᠷᠭᠡᠶᠢᠯᠡᠨ᠎ᠡ᠃ ᠦᠨᠳᠦᠰᠦ ᠨᠢ ᠢᠯᠵᠡᠷᠡᠬᠦ ᠪᠠᠶᠢᠳᠠᠯ | ᠢᠯᠡᠷᠡᠪᠡᠯ᠂ ᠴᠠᠭ ᠲᠤᠬᠠᠢ ᠳᠤᠨᠢ ᠰᠠᠯᠬᠢ ᠨᠡᠪᠲᠡᠷᠡᠭᠦᠯᠦᠨ ᠴᠢᠬᠢᠭ ᠢ ᠭᠠᠳᠠᠭᠰᠢᠯᠠᠭᠤᠯᠵᠤ᠂ ᠤᠰᠤᠨ ᠤ ᠠᠭᠤᠷᠰᠢᠯᠲᠠ ᠶᠢ ᠠᠬᠢᠭᠤᠯᠤᠨ᠎ᠠ᠃ ᠪᠦᠷᠬᠦᠭ | ᠪᠤᠷᠤᠭᠠᠨ ᠲᠠᠢ ᠡᠳᠦᠷ ᠴᠢᠬᠢ ᠶᠢᠨ ᠬᠠᠰᠢᠯᠭ᠎ᠠ ᠶᠢᠨ ᠬᠦᠷᠦᠰᠦᠨ ᠳᠡᠭᠡᠷ᠎ᠡ ᠬᠠᠭᠤᠷᠠᠢ ᠨᠠᠷᠢᠨ ᠰᠢᠷᠤᠢ ᠪᠤᠶᠤ ᠡᠪᠡᠰᠦ ᠮᠣᠳᠣᠨ ᠤ ᠦᠨᠡᠰᠦ ᠰᠠᠴᠤᠵᠤ | ᠴᠢᠬᠢᠭ ᠢ ᠨᠢ ᠰᠤᠷᠤᠨ᠎ᠠ᠃ | 4. ᠪᠣᠷᠳᠣᠭᠤᠷ ᠤᠨ ᠬᠥᠨᠥᠭᠡᠯ ᠠᠴᠠ ᠪᠣᠯᠵᠤ ᠦᠬᠦᠬᠦ | ᠰᠢᠯᠲᠠᠭᠠᠨ᠄ ᠴᠢᠬᠢ ᠶᠢᠨ ᠬᠠᠰᠢᠯᠭ᠎ᠠ ᠶᠢᠨ ᠬᠦᠷᠦᠰᠦᠨ ᠳᠤ ᠢᠯᠵᠠᠷᠠᠭᠰᠠᠨ ᠦᠭᠡᠢ ᠤᠷᠭᠠᠨᠢᠭ ᠪᠤᠷᠳᠤᠭᠤᠷ ᠢ ᠬᠤᠯᠢᠬᠤ ᠪᠣᠶᠤ ᠪᠣᠷᠳᠣᠭᠤᠷ | ᠤᠷᠤᠭᠤᠯᠤᠭᠰᠠᠨ ᠨᠢ ᠵᠢᠭᠳᠡ ᠦᠭᠡᠢ ᠪᠤᠯ ᠦᠨᠳᠦᠰᠦ ᠨᠢ ᠰᠢᠲᠠᠵᠤ ᠴᠢᠬᠢ ᠦᠬᠦᠬᠦ ᠪᠣᠯᠣᠨ᠎ᠠ᠃ | ᠰᠡᠷᠭᠡᠶᠢᠯᠡᠬᠦ ᠠᠷᠭ᠎ᠠ᠄ ᠴᠢᠬᠢ ᠶᠢᠨ ᠬᠠᠰᠢᠯᠭ᠎ᠠ ᠶᠢᠨ ᠬᠥᠷᠥᠰᠥᠨ ᠳᠤ ᠤᠷᠭᠠᠨᠢᠭ ᠪᠣᠷᠳᠣᠭᠤᠷ ᠤᠷᠤᠭᠤᠯᠬᠤ ᠳᠤ ᠵᠠᠪᠠᠯ ᠭᠦᠢᠴᠡᠳ ᠢᠰᠬᠡᠨ | ᠪᠤᠯᠪᠠᠰᠤᠷᠠᠭᠤᠯᠵᠤ᠂ ᠴᠢᠬᠢ ᠶᠢᠨ ᠬᠠᠰᠢᠯᠭ᠎ᠠ ᠶᠢᠨ ᠬᠦᠷᠦᠰᠦᠨ ᠳᠤ ᠵᠢᠭᠳᠡ ᠬᠤᠯᠢᠨ᠎ᠠ᠃ ᠴᠢᠬᠢ ᠰᠠᠯᠭᠠᠬᠤ ᠦᠶᠡᠰ ᠰᠢᠷᠣᠢ ᠶᠢ ᠰᠠᠶᠢᠳᠤᠷ ᠳᠠᠷᠤᠵᠦ | ᠲᠠᠭᠰᠢᠷᠠᠭᠤᠯᠤᠨ᠂ ᠳᠡᠵᠢᠭᠡᠯ ᠤᠨ ᠤᠭᠤᠷ ᠢ ᠨᠡᠪᠳᠡᠷᠡᠳᠡᠯ᠎ᠡ ᠤᠰᠤᠯᠠᠨ᠎ᠠ᠃ | 5. ᠬᠥᠯᠳᠡᠭᠦᠤ ᠶᠢᠨ ᠬᠦᠨᠦᠭᠡᠯ ᠠᠴᠠ ᠪᠣᠯᠵᠤ ᠦᠬᠦᠬᠦ | ᠰᠢᠯᠳᠠᠭᠠᠨ᠄ ᠬᠦᠢᠲᠡᠨ ᠤᠷᠤᠰᠬᠠᠯ᠂ ᠳᠣᠣᠷ᠎ᠠ ᠳᠤᠯᠠᠭᠠᠨ ᠤ ᠳᠠᠭᠠᠷᠢᠯᠲᠠ ᠳᠤ ᠴᠠᠭ ᠲᠤᠬᠠᠢ ᠳᠤᠨᠢ ᠬᠦᠢᠲᠡᠨ ᠠᠴᠠ ᠰᠡᠷᠭᠡᠶᠢᠯᠡᠬᠦ ᠠᠷᠭ᠎ᠠ | ᠬᠡᠮᠵᠢᠶ᠎ᠡ ᠠᠪᠬᠤ ᠦᠭᠡᠢ ᠪᠤᠯ ᠴᠢᠬᠢ ᠬᠥᠯᠳᠡᠵᠦ ᠦᠬᠦᠬᠦ ᠪᠤᠯᠤᠨ᠎ᠠ᠃ ᠡᠰᠡᠭᠦᠯ᠎ᠡ ᠴᠢᠬᠢ ᠰᠠᠯᠭᠠᠭᠰᠠᠨ ᠴᠠᠭ ᠨᠢ ᠵᠣᠬᠢᠰ ᠦᠭᠡᠢ᠂ ᠴᠢᠬᠢ ᠰᠠᠯᠭᠠᠬᠤ | ᠴᠢᠬᠢ ᠶᠢᠨ ᠬᠠᠰᠢᠯᠭ᠎ᠠ ᠶᠢᠨ ᠬᠦᠷᠦᠰᠦᠨ ᠤ ᠳᠤᠯᠠᠭᠠᠨ ᠨᠢ ᠬᠡᠲᠦᠷᠬᠡᠢ ᠳᠣᠣᠷ᠎ᠠ ᠠᠴᠠ ᠨᠢᠯᠬ᠎ᠠ ᠴᠢᠬᠢ ᠶᠢ ᠴᠢᠬᠢ ᠶᠢᠨ ᠬᠠᠰᠢᠯᠭ᠎ᠠ ᠶᠢᠨ ᠬᠦᠷᠦᠰᠦᠨ ᠳᠤ | ᠰᠠᠭᠤᠯᠭᠠᠭᠰᠠᠨ ᠤ ᠳᠠᠷᠠᠭ᠎ᠠ ᠤᠳᠠᠲᠠᠯ᠎ᠠ ᠦᠨᠳᠦᠰᠦᠯᠡᠬᠦ ᠦᠭᠡᠢ ᠪᠣᠯᠵᠤ ᠦᠬᠦᠬᠦ ᠪᠤᠯᠤᠨ᠎ᠠ᠃ | ᠰᠡᠷᠭᠡᠶᠢᠯᠡᠬᠦ ᠠᠷᠭ᠎ᠠ᠄ ① ᠴᠢᠬᠢ ᠪᠤᠶᠢᠵᠢᠭᠤᠯᠬᠤ ᠬᠤᠭᠤᠴᠠᠭᠠᠨ ᠳᠤ ᠴᠠᠭ ᠠᠭᠤᠷ ᠤᠨ ᠪᠠᠶᠢᠳᠠᠯ ᠢ ᠠᠩᠬᠠᠷᠴᠤ᠂ ᠬᠦᠢᠲᠡᠨ ᠤᠷᠤᠰᠬᠠᠯ᠂ | ᠳᠣᠣᠷ᠎ᠠ ᠳᠤᠯᠠᠭᠠᠨ ᠢᠷᠡᠬᠦ ᠦᠶᠡᠰ ᠴᠠᠭ ᠲᠤᠬᠠᠢ ᠳᠤᠨᠢ ᠪᠦᠷᠬᠦᠬᠦᠯ ᠨᠡᠮᠡᠵᠦ ᠬᠤᠴᠢᠨ᠂ ᠬᠠᠭᠤᠷᠠᠢ ᠪᠠᠶᠢᠯᠭᠠᠵᠤ᠂ ᠪᠤᠷᠤᠭᠠᠨ ᠴᠠᠰᠤᠨ ᠳᠤ ᠨᠤᠷᠠᠭᠳᠠᠵᠤ᠂ | ᠳᠤᠯᠠᠭᠠᠨ ᠤ ᠬᠡᠮᠵᠢᠶ᠎ᠡ ᠶᠢᠨ ᠪᠠᠭᠤᠷᠠᠬᠤ ᠠᠴᠠ ᠰᠡᠷᠭᠡᠶᠢᠯᠡᠨ᠎ᠡ᠃ ᠨᠥᠬᠦᠴᠡᠯ ᠲᠠᠢ ᠪᠣᠯ ᠲᠦᠷ ᠴᠠᠭ ᠤᠨ ᠳᠤᠯᠠᠭᠠᠯᠠᠬᠤ ᠠᠷᠭ᠎ᠠ ᠬᠡᠮᠵᠢᠶ᠎ᠡ ᠠᠪᠤᠨ᠎ᠠ᠃ | ② ᠬᠥᠮᠥᠨ ᠤ ᠬᠦᠴᠦ ᠪᠠᠷ ᠳᠤᠯᠠᠭᠠᠯᠠᠵᠦ ᠴᠢᠬᠢ ᠪᠤᠶᠢᠵᠢᠭᠤᠯᠤᠨ᠎ᠠ᠂ ᠵᠢᠱᠢᠶᠡᠯᠡᠪᠡᠯ ᠴᠠᠬᠢᠯᠭᠠᠨ ᠬᠠᠯᠠᠭᠠᠬᠤ ᠤᠲᠠᠰᠤ ᠲᠠᠢ ᠬᠦᠯᠡᠮᠵᠢ ᠳᠤ ᠴᠢᠬᠢ | ᠪᠤᠶᠢᠵᠢᠭᠤᠯᠵᠦ ᠴᠢᠬᠢ ᠰᠠᠯᠭᠠᠨ᠎ᠠ᠃ ③ ᠭᠡᠷᠡᠯ ᠤᠨ ᠳᠤᠰᠤᠯᠲᠠ ᠶᠢ ᠵᠣᠬᠢᠰᠲᠠᠢ ᠨᠡᠮᠡᠭᠳᠡᠭᠦᠯᠵᠦ᠂ ᠭᠡᠷᠡᠯ ᠤᠨ ᠨᠡᠶᠢᠯᠡᠯᠭᠡ ᠪᠠ ᠲᠡᠵᠢᠭᠡᠯ ᠤᠨ | ᠬᠤᠷᠠᠮᠳᠤᠯ ᠢ ᠠᠬᠢᠭᠤᠯᠤᠨ᠂ ᠤᠰᠤᠯᠠᠬᠤ ᠶᠢ ᠬᠢᠵᠠᠭᠠᠷᠯᠠᠵᠦ᠂ ᠹᠣᠰᠹᠣᠷ᠂ ᠺᠠᠯᠢ ᠵᠡᠷᠭᠡ ᠪᠣᠷᠳᠣᠭᠤᠷ ᠢ ᠵᠣᠬᠢᠰᠲᠠᠢ ᠨᠡᠮᠡᠭᠳᠡᠭᠦᠯᠦᠨ᠂ ᠴᠢᠬᠢ ᠶᠢᠨ | ᠬᠠᠰᠢᠯᠭ᠎ᠠ ᠶᠢᠨ ᠬᠦᠷᠦᠰᠦᠨ ᠤ ᠳᠤᠯᠠᠭᠠᠨ ᠢ ᠨᠡᠮᠡᠭᠳᠡᠭᠦᠯᠵᠦ᠂ ᠴᠢᠬᠢ ᠶᠢᠨ ᠳᠤᠯᠠᠭᠠᠨ ᠪᠠᠶᠢᠬᠤ ᠶᠢ ᠪᠠᠲᠤᠯᠠᠵᠤ᠂ ᠬᠦᠢᠲᠡᠨ ᠢ ᠲᠡᠰᠪᠦᠷᠢᠯᠡᠬᠦ ᠴᠢᠳᠠᠪᠤᠷᠢ ᠶᠢ | ᠳᠡᠭᠡᠭᠰᠢᠯᠡᠭᠦᠯᠦᠨ᠎ᠡ᠃ | 6. ᠰᠠᠯᠬᠢᠨ ᠳᠤ ᠬᠠᠲᠠᠵᠤ ᠦᠬᠦᠬᠦ | ᠰᠢᠯᠲᠠᠭᠠᠨ᠄ ᠰᠠᠯᠬᠢ ᠨᠡᠪᠳᠡᠷᠡᠭᠦᠯᠳᠡ ᠶᠢ ᠳᠠᠮᠵᠢᠭᠰᠠᠨ ᠦᠭᠡᠢ ᠴᠢᠬᠢ ᠨᠢ ᠤᠷᠲᠤ ᠬᠤᠭᠤᠴᠠᠭ᠎ᠠ ᠴᠢᠬᠢᠭ ᠶᠡᠬᠡᠲᠡᠢ ᠣᠷᠴᠢᠨ ᠳᠤ ᠪᠠᠶᠢᠵᠤ᠂ | ᠴᠢᠬᠢ ᠶᠢᠨ ᠬᠠᠰᠢᠯᠭ᠎ᠠ ᠳᠤ ᠰᠠᠯᠬᠢ ᠨᠡᠪᠲᠡᠷᠡᠭᠦᠯᠬᠦ ᠦᠶᠡᠰ᠂ ᠬᠦᠢᠲᠡᠨ ᠠᠭᠠᠷ ᠨᠢ ᠰᠢᠭᠤᠳ ᠰᠣᠯᠢᠭ ᠤᠷᠤᠰᠬᠠᠯ ᠪᠣᠯᠬᠤ᠂ ᠡᠰᠡᠭᠦᠯ᠎ᠠ ᠪᠦᠷᠬᠦᠬᠦᠯ ᠢ | ᠭᠡᠨᠡᠳᠲᠡ ᠪᠠᠷ ᠰᠡᠭᠦᠵᠦ᠂ ᠰᠠᠯᠬᠢ ᠵᠢᠪᠠᠷ ᠦᠵᠡᠭᠦᠯᠬᠦ ᠪᠠ ᠪᠦᠷᠬᠦᠬᠦᠯ ᠨᠢ ᠶᠡᠭᠡ ᠰᠠᠯᠬᠢᠨ ᠳᠤ ᠦᠯᠢᠶᠡᠭᠳᠡᠬᠦ ᠨᠢ ᠪᠦᠷ ᠴᠢᠬᠢ ᠶᠢᠨ ᠬᠠᠰᠢᠯᠭ᠎ᠠ ᠶᠢᠨ | ᠳᠤᠲᠣᠷ ᠭᠠᠳᠠᠨᠠᠬᠢ ᠬᠦᠢᠲᠡᠨ ᠬᠠᠯᠠᠭᠤᠨ ᠠᠭᠠᠷ ᠤᠨ ᠰᠤᠯᠢᠯᠴᠠᠭ᠎ᠠ ᠶᠢ ᠬᠡᠳᠦ ᠰᠢᠷᠦᠭᠦᠨ ᠮᠦᠷᠳᠡᠭᠡᠨ ᠲᠦᠷᠭᠡᠨ ᠪᠤᠯᠭᠠᠵᠤ᠂ ᠠᠭᠠᠷ ᠤᠨ ᠳᠤᠯᠠᠭᠠᠨ᠂ | ᠴᠢᠬᠢᠭ ᠤᠨ ᠬᠡᠮᠵᠢᠶ᠎ᠡ ᠭᠡᠨᠡᠳᠳᠠ ᠳᠣᠷᠣᠭᠰᠢᠯᠠᠵᠤ ᠨᠢᠯᠬ᠎ᠠ ᠴᠢᠬᠢ ᠨᠢ ᠤᠰᠤ ᠠᠯᠳᠠᠵᠦ ᠬᠠᠳᠠᠵᠤ ᠭᠤᠨᠢᠷᠠᠭᠠᠳ᠂ ᠴᠠᠭ ᠨᠢ ᠤᠳᠠᠪᠠᠯ ᠨᠡᠪᠴᠢ ᠨᠢ | ᠰᠡᠷᠭᠦᠬᠦ ᠦᠭᠡᠢ ᠪᠣᠯᠵᠤ᠂ ᠡᠴᠦᠰ ᠲᠡᠭᠡᠨ ᠨᠣᠭᠤᠭᠠᠨ ᠢᠶᠠᠷ ᠢᠶᠠᠨ ᠬᠠᠲᠠᠬᠤ ᠪᠣᠯᠤᠨ᠎ᠠ᠂ ᠡᠨᠡᠬᠦ ᠦᠵᠡᠭᠳᠡᠯ ᠢ ᠰᠠᠯᠬᠢᠨ ᠳᠤ ᠬᠠᠲᠠᠬᠤ ᠭᠡᠳᠡᠭ᠃ | ᠰᠡᠷᠭᠡᠶᠢᠯᠡᠬᠦ ᠠᠷᠭ᠎ᠠ᠄ ᠴᠢᠬᠢ ᠶᠢᠨ ᠬᠠᠰᠢᠯᠭ᠎ᠠ ᠳᠤ ᠰᠠᠯᠬᠢ ᠨᠡᠪᠲᠡᠷᠡᠭᠦᠯᠬᠦ ᠦᠶᠡᠰ᠂ ᠰᠠᠯᠬᠢᠨ ᠳᠠᠯᠳᠠ ᠭᠡᠰᠡᠭ ᠲᠤ ᠰᠠᠯᠬᠢ ᠨᠡᠪᠲᠡᠷᠡᠭᠦᠯᠬᠦ ᠨᠦᠬᠡ | ᠭᠠᠷᠭᠠᠵᠦ᠂ ᠰᠠᠯᠬᠢᠨ ᠤ ᠬᠡᠮᠵᠢᠶ᠎ᠡ ᠶᠢ ᠢᠳᠡᠭ ᠢᠳᠡᠭ ᠢᠶᠠᠷ ᠨᠡᠮᠡᠭᠳᠡᠭᠦᠯᠦᠨ᠂ ᠴᠢᠬᠢ ᠳᠤ ᠨᠢᠭᠡᠨ ᠵᠤᠭᠢᠴᠠᠬᠤ ᠶᠠᠪᠤᠴᠠ ᠦᠯᠡᠳᠡᠭᠡᠨ᠎ᠡ᠂ ᠶᠡᠭᠡ ᠰᠠᠯᠬᠢᠨ | ᠲᠠᠢ ᠡᠳᠦᠷ ᠪᠣᠯ ᠪᠦᠷᠬᠦᠬᠦᠯ ᠢ ᠴᠢᠩᠭ᠎ᠠ ᠳᠠᠷᠤᠵᠤ᠂ ᠰᠠᠯᠬᠢᠨ ᠳᠤ ᠦᠯᠢᠶᠡᠭᠳᠡᠨ ᠰᠡᠭᠦᠭᠦ ᠠᠴᠠ ᠰᠡᠷᠭᠡᠶᠢᠯᠡᠨ᠎ᠡ᠃ | 7. ᠴᠢᠬᠢ ᠰᠤᠭᠤᠯᠤᠭᠰᠠᠨ ᠨᠢ ᠵᠣᠬᠢᠰ ᠦᠭᠡᠢ ᠠᠴᠠ ᠪᠣᠯᠵᠤ ᠦᠬᠦᠬᠦ | ᠰᠢᠯᠲᠠᠭᠠᠨ᠄ ᠴᠢᠬᠢ ᠰᠠᠯᠭᠠᠬᠤ ᠳᠤ ᠨᠢᠭᠡ ᠯᠠ ᠳᠣᠣᠷ᠎ᠠ ᠬᠡᠲᠦᠷᠬᠡᠢ ᠠᠷᠪᠢᠨ ᠴᠢᠬᠢ ᠰᠤᠭᠤᠯᠵᠦ᠂ ᠳᠤᠤᠷ᠎ᠠ ᠨᠢ ᠰᠠᠭᠤᠯᠭᠠᠵᠦ ᠠᠮᠵᠢᠭᠰᠠᠨ | ᠦᠭᠡᠢ ᠠᠴᠠ ᠨᠢᠯᠬ᠎ᠠ ᠴᠢᠬᠢ ᠨᠢ ᠤᠰᠤ ᠠᠷᠪᠢᠨ ᠠᠯᠳᠠᠵᠤ᠂ ᠴᠢᠬᠢ ᠰᠠᠭᠤᠯᠭᠠᠭᠰᠠᠨ ᠤ ᠰᠡᠭᠦᠯᠡᠷ ᠰᠡᠷᠭᠦᠬᠦ ᠦᠭᠡᠢ ᠦᠬᠦᠬᠦ ᠪᠤᠯᠤᠨ᠎ᠠ︔ ᠨᠢᠯᠬ᠎ᠠ ᠴᠢᠬᠢ | ᠶᠢᠨ ᠴᠢᠬᠢ ᠰᠠᠯᠭᠠᠬᠤ ᠠᠴᠠ ᠡᠮᠦᠨᠡᠬᠢ ᠤᠷᠭᠤᠴᠠ ᠰᠠᠶᠢᠨ ᠪᠢᠰᠢ᠂ ᠦᠨᠳᠦᠰᠦᠨ ᠰᠢᠰᠲ᠋ᠧᠮ ᠨᠢ ᠬᠦᠭᠵᠢᠩᠬᠦᠢ ᠪᠤᠰᠤ ᠪᠠ ᠳᠡᠩᠳᠡᠭᠦᠤ ᠤᠷᠤᠢ ᠴᠢᠬᠢ | ᠰᠠᠯᠭᠠᠪᠠᠯ ᠦᠨᠳᠦᠰᠦ ᠶᠢ ᠨᠢ ᠭᠡᠮᠲᠦᠭᠡᠨ᠂ ᠤᠰᠤ ᠰᠤᠷᠤᠬᠤ ᠴᠢᠳᠠᠪᠤᠷᠢ ᠨᠢ ᠮᠠᠭᠤᠲᠠᠬᠤ ᠠᠴᠠ ᠪᠤᠯᠵᠤ ᠴᠢᠬᠢ ᠦᠬᠦᠬᠦ ᠪᠣᠯᠣᠨ᠎ᠠ᠃ | ᠰᠡᠷᠭᠡᠶᠢᠯᠡᠬᠦ ᠠᠷᠭ᠎ᠠ᠄ ᠴᠢᠬᠢ ᠰᠤᠭᠤᠯᠬᠤ ᠳᠤ ᠦᠨᠳᠦᠰᠦ ᠶᠢ ᠨᠢ ᠠᠷᠪᠢᠨ ᠭᠡᠮᠲᠦᠭᠡᠬᠦ ᠠᠴᠠ ᠬᠢᠴᠢᠶᠡᠨ᠂ ᠬᠠᠭᠤᠴᠢᠨ ᠬᠦᠷᠦᠰᠦ ᠶᠢ ᠢᠯᠡᠭᠦᠦ | ᠳᠠᠭᠠᠭᠤᠯᠵᠦ᠂ ᠳᠠᠷᠤᠢ ᠳᠤᠨᠢ ᠰᠠᠯᠭᠠᠨ ᠳᠠᠷᠤᠢ ᠳᠤᠨᠢ ᠰᠠᠭᠤᠯᠭᠠᠵᠤ᠂ ᠨᠢᠭᠡ ᠯᠠ ᠳᠤᠤᠷ᠎ᠠ ᠬᠡᠲᠦᠷᠭᠡᠢ ᠠᠷᠪᠢᠨ ᠰᠤᠭᠤᠯᠬᠤ ᠦᠭᠡᠢ᠃ ᠰᠤᠭᠤᠯᠤᠭᠰᠠᠨ | ᠴᠢᠬᠢ ᠶᠢ ᠨᠦᠢᠲᠠᠨ ᠪᠥᠰ ᠢᠶᠠᠷ ᠪᠠᠭᠯᠠᠵᠤ᠂ ᠤᠰᠤ ᠠᠷᠪᠢᠨ ᠠᠯᠳᠠᠬᠤ ᠠᠴᠠ ᠰᠡᠷᠭᠡᠶᠢᠯᠡᠨ᠎ᠡ᠃ ᠴᠢᠬᠢ ᠰᠤᠭᠤᠯᠬᠤ ᠶᠠᠪᠤᠴᠠ ᠳᠤ᠂ ᠦᠨᠳᠦᠰᠦ ᠨᠢ | ᠴᠦᠬᠡᠨ᠂ ᠲᠠᠰᠤᠷᠠᠵᠤ ᠬᠤᠭᠤᠷᠠᠭᠰᠠᠨ᠂ ᠭᠡᠮ ᠬᠦᠨᠦᠭᠡᠯ ᠲᠠᠢ ᠪᠠ ᠵᠡᠷᠡᠮᠳᠡᠭ ᠨᠢᠯᠬ᠎ᠠ ᠴᠢᠬᠢ ᠶᠢ ᠰᠤᠩᠭᠤᠵᠦ ᠭᠠᠷᠭᠠᠨ᠎ᠠ︔ ᠴᠢᠬᠢ ᠰᠠᠯᠭᠠᠬᠤ ᠳᠤ | ᠨᠢᠯᠬ᠎ᠠ ᠳᠡᠭᠡᠷ᠎ᠡ ᠨᠢ ᠰᠠᠯᠭᠠᠪᠠᠯ ᠰᠠᠶ᠋ᠢ ᠡᠳᠡᠭᠡᠷᠡᠯᠲᠡ ᠶᠢᠨ ᠨᠣᠷᠮ᠎ᠠ ᠶᠢ ᠳᠡᠭᠡᠭᠰᠢᠯᠡᠭᠦᠯᠵᠦ ᠴᠢᠳᠠᠨ᠎ᠠ᠃ ᠶᠡᠷᠦ ᠳᠡᠭᠡᠨ ᠲᠦᠷᠦᠭᠦᠦ ᠤᠳᠠᠭ᠎ᠠ ᠴᠢᠬᠢ | ᠰᠠᠯᠭᠠᠬᠤ ᠳᠤ᠂ ᠬᠠᠰᠢ ᠵᠢᠮᠢᠰ ᠤᠨ ᠲᠥᠷᠥᠯ ᠤᠨ ᠨᠢᠯᠬ᠎ᠠ ᠴᠢᠬᠢ ᠶᠢ ᠪᠣᠯ ᠬᠤᠶᠠᠷ ᠨᠠᠪᠴᠢ ᠨᠢᠭᠡ ᠭᠤᠣᠯ ᠲᠠᠢ ᠦᠶ᠎ᠡ ᠳᠤ ᠰᠠᠯᠭᠠᠵᠤ᠂ ᠪᠦᠭᠡᠷᠡᠩᠬᠡᠢ | ᠡᠰᠢᠲᠦ ᠨᠤᠭᠤᠭᠠᠨ ᠤ ᠲᠦᠷᠦᠯ ᠤᠨ ᠨᠢᠯᠬ᠎ᠠ ᠴᠢᠬᠢ ᠶᠢ ᠪᠣᠯ ᠭᠤᠷᠪᠠᠨ ᠨᠠᠪᠴᠢ ᠨᠢᠭᠡ ᠭᠤᠣᠯ ᠲᠠᠢ ᠦᠶ᠎ᠡ ᠳᠤ ᠰᠠᠯᠭᠠᠵᠤ᠂ ᠦᠷᠭᠡᠰᠦᠳᠦ ᠬᠡᠮᠬᠡ ᠶᠢᠨ | ᠨᠢᠯᠬ᠎ᠠ ᠴᠢᠬᠢ ᠶᠢ ᠪᠣᠯ ᠨᠠᠪᠴᠢ ᠨᠢ ᠳᠡᠯᠭᠡᠭᠳᠡᠬᠦ ᠠᠴᠠ ᠡᠮᠦᠨ᠎ᠡ ᠰᠠᠯᠭᠠᠨ᠎ᠠ︔ ᠴᠢᠬᠢ ᠰᠠᠯᠭᠠᠬᠤ ᠳᠤ ᠲᠤᠩᠭᠠᠯᠠᠭ ᠡᠳᠦᠷ ᠢ ᠰᠣᠩᠭᠤᠨ᠎ᠠ᠂ ᠬᠦᠯᠡᠮᠵᠢ ᠶᠢᠨ | ᠭᠡᠷᠡᠯ ᠤᠨ ᠳᠤᠰᠤᠯᠲᠠ ᠴᠢᠩᠭ᠎ᠠ ᠦᠶᠡᠰ᠂ ᠶᠡᠭᠡ ᠬᠦᠯᠡᠮᠵᠢ ᠶᠢᠨ ᠳᠣᠲᠣᠷ᠎ᠠ ᠪᠠᠶᠢᠭ᠎ᠠ ᠪᠠᠭ᠎ᠠ ᠬᠦᠯᠡᠮᠵᠢ ᠶᠢᠨ ᠴᠢᠬᠢ ᠶᠢᠨ ᠳᠡᠭᠡᠷ᠎ᠡ ᠲᠠᠯ᠎ᠠ ᠳᠤ ᠬᠡᠰᠡᠭ ᠵᠠᠢ | ᠦᠯᠡᠳᠡᠭᠡᠨ ᠡᠪᠡᠰᠦᠨ ᠭᠦᠷᠦᠮᠡᠯ ᠪᠤᠶᠤ ᠨᠠᠷᠠᠨ ᠤ ᠭᠡᠷᠡᠯ ᠢ ᠬᠠᠯᠬᠠᠯᠠᠬᠤ ᠲᠣᠣᠷ ᠲᠠᠯᠪᠢᠵᠤ᠂ ᠰᠠᠶ᠋ᠢᠬᠠᠨ ᠰᠠᠯᠭᠠᠭᠰᠠᠨ ᠴᠢᠬᠢ ᠳᠡᠭᠡᠷ᠎ᠡ ᠨᠠᠷᠠᠨ ᠤ ᠭᠡᠷᠡᠯ | ᠰᠢᠭᠤᠳ ᠲᠤᠰᠴᠤ᠂ ᠤᠰᠤ ᠠᠯᠳᠠᠨ᠂ ᠭᠤᠨᠢᠷᠠᠵᠦ᠂ ᠬᠠᠲᠠᠵᠦ ᠦᠬᠦᠬᠦ ᠠᠴᠠ ᠰᠡᠷᠭᠡᠶᠢᠯᠡᠨ᠎ᠡ᠃ | |