| | ᠡᠪᠡᠰᠦ ᠮᠣᠳᠣᠨ ᠤ ᠦᠨᠡᠰᠦ ᠪᠠᠷ ᠬᠤᠷᠤᠬᠠᠢ ᠠᠯᠠᠬᠤ ᠡᠪᠡᠰᠦ ᠮᠣᠳᠣᠨ ᠤ ᠦᠨᠡᠰᠦ ᠪᠠᠷ ᠰᠣᠩᠭᠢᠨ᠎ᠠ ᠶᠢᠨ ᠢᠯᠠᠭ᠎ᠠ᠂ ᠦᠨᠳᠦᠰᠦᠨ ᠤ | ᠥᠳᠥ᠂ ᠪᠠᠭᠠᠷᠠᠩ ᠬᠤᠷᠤᠬᠠᠢ᠂ ᠴᠣᠬᠤ ᠵᠡᠷᠭᠡ ᠬᠤᠷᠤᠬᠠᠢ ᠶᠢ ᠰᠡᠷᠭᠡᠶᠢᠯᠡᠬᠦ ᠳᠤ ᠬᠡᠷᠡᠭᠯᠡᠨ᠎ᠡ᠃ ᠡᠭᠦᠨ ᠳᠤ ᠭᠤᠷᠪᠠᠨ ᠵᠦᠢᠯ ᠤᠨ ᠠᠷᠭ᠎ᠠ ᠪᠤᠢ᠄ ᠨᠢᠭᠡ | ᠳᠤ᠂ ᠬᠥᠷᠥᠰᠦᠨ ᠳᠤ ᠤᠷᠤᠭᠤᠯᠤᠨ᠎ᠠ᠂ ᠮᠦ ᠪᠦᠷᠢ ᠳᠤ 60~80 ᠵᠢᠩ ᠡᠪᠡᠰᠦ ᠮᠣᠳᠣᠨ ᠤ ᠦᠨᠡᠰᠦ ᠶᠢ ᠲᠠᠷᠢᠬᠤ ᠰᠤᠪᠠᠭ ᠲᠤ ᠣᠷᠣᠭᠤᠯᠪᠠᠯ | ᠦᠨᠳᠦᠰᠦᠨ ᠤ ᠬᠥᠨᠥᠭᠡᠯᠲᠦ ᠬᠤᠷᠤᠬᠠᠢ ᠠᠴᠠ ᠰᠡᠷᠭᠡᠶᠢᠯᠡᠵᠦ ᠳᠡᠶᠢᠯᠦᠨ᠎ᠡ︔ ᠬᠤᠶᠠᠷ ᠲᠤ᠂ ᠰᠢᠭᠤᠳ ᠰᠠᠴᠤᠨ᠎ᠠ᠂ ᠡᠪᠡᠰᠦ ᠮᠣᠳᠣᠨ ᠤ ᠦᠨᠡᠰᠦ ᠶᠢ | ᠨᠤᠨᠳᠠᠭᠯᠠᠵᠤ ᠥᠷᠯᠥᠭᠡ ᠰᠢᠭᠦᠳᠡᠷᠢ ᠬᠠᠲᠠᠬᠤ ᠠᠴᠠ ᠡᠮᠦᠨ᠎ᠡ ᠬᠤᠷᠤᠬᠠᠶᠢᠳᠤᠭᠰᠠᠨ ᠭᠡᠰᠡᠭ ᠲᠤ ᠰᠦᠷᠴᠢᠨ᠎ᠡ᠂ ᠮᠦ ᠪᠦᠷᠢ ᠳᠤ 2~4 ᠵᠢᠩ ᠡᠪᠡᠰᠦ | ᠮᠣᠳᠣᠨ ᠤ ᠦᠨᠡᠰᠦ ᠶᠢ ᠬᠡᠷᠡᠭᠯᠡᠨ᠎ᠡ᠃ | ᠨᠠᠪᠴᠢᠨ ᠲᠠᠮᠠᠬᠢ ᠪᠠᠷ ᠬᠤᠷᠤᠬᠠᠢ ᠠᠯᠠᠬᠤ ᠨᠠᠪᠴᠢᠨ ᠲᠠᠮᠠᠬᠢ ᠪᠠᠷ ᠬᠤᠷᠤᠬᠠᠢ ᠠᠯᠠᠬᠤ ᠳᠤ ᠡᠩ ᠲᠡᠷᠢᠭᠦᠨ ᠳᠤ ᠪᠠᠭᠠᠷᠠᠩ ᠬᠤᠷᠤᠬᠠᠢ᠂ | ᠦᠮᠡᠭᠡᠢ ᠪᠢᠰ᠂ ᠢᠯᠠᠭᠠᠨ ᠤ ᠥᠲᠥ ᠵᠡᠷᠭᠡ ᠶᠢ ᠰᠡᠷᠭᠡᠶᠢᠯᠡᠬᠦ ᠪᠠ ᠵᠠᠰᠠᠬᠤ ᠳᠤ ᠬᠡᠷᠡᠭᠯᠡᠨ᠎ᠡ᠃ ᠨᠠᠶᠢᠷᠠᠭᠤᠯᠬᠤ ᠠᠴᠠ ᠡᠮᠦᠨ᠎ᠡ ᠬᠠᠶᠠᠭᠳᠠᠮᠠᠯ ᠨᠠᠪᠴᠢᠨ | ᠲᠠᠮᠠᠬᠢ ᠪᠤᠯᠤᠨ ᠤᠰᠤ ᠶᠢ 1᠄ 40 ᠶᠢᠨ ᠬᠠᠷᠢᠴᠠᠯ ᠢᠶᠠᠷ ᠬᠡᠮᠵᠢᠵᠦ ᠪᠡᠯᠡᠳᠭᠡᠨ᠂ ᠤᠷᠢᠳᠠᠪᠠᠷ ᠲᠠᠮᠠᠬᠢᠨ ᠤ ᠨᠠᠪᠴᠢ ᠶᠢ ᠤᠷᠠᠵᠤ ᠬᠡᠮᠬᠡᠯᠦᠭᠡᠳ ᠳᠡᠭᠡᠷ᠎ᠡ | ᠨᠢ 10 ᠬᠤᠪᠢ ᠶᠢᠨ ᠪᠤᠴᠠᠯᠤᠭᠰᠠᠨ ᠤᠰᠤ ᠬᠢᠵᠦ ᠳᠡᠪᠲᠦᠭᠡᠨ᠂ ᠤᠰᠤ ᠨᠢ ᠨᠡᠯᠢᠶᠡᠳ ᠰᠢᠩᠭᠡᠵᠦ ᠥᠳᠬᠡᠨ ᠰᠢᠬᠦᠰᠦ ᠦᠭᠡᠢ ᠪᠤᠯᠬᠤ ᠦᠶᠡᠰ ᠳᠠᠬᠢᠨ | ᠲᠠᠮᠠᠬᠢᠨ ᠤ ᠨᠠᠪᠴᠢ ᠶᠢ ᠰᠢᠭᠦᠵᠦ ᠭᠠᠷᠭᠠᠨ᠂ 4 ᠤᠳᠠᠭ᠎ᠠ ᠤᠰᠤ ᠬᠤᠯᠢᠵᠤ ᠱᠦᠷᠭᠦᠭᠡᠵᠦ ᠤᠬᠢᠶᠠᠭᠰᠠᠨ ᠤ ᠳᠠᠷᠠᠭ᠎ᠠ ᠰᠢᠭᠠᠷᠤ ᠪᠠ ᠲᠠᠮᠠᠬᠢ ᠶᠢ ᠨᠢ | ᠰᠢᠭᠦᠵᠦ ᠭᠠᠷᠭᠠᠨ᠂ ᠳᠠᠬᠢᠨ ᠲᠤᠭ᠎ᠠ ᠶᠣᠰᠣ ᠪᠠᠷ ᠬᠤᠯᠢᠵᠦ ᠳᠠᠷᠢᠶᠠᠨ ᠭᠠᠵᠠᠷ ᠲᠤ ᠰᠦᠷᠴᠢᠵᠦ ᠬᠤᠷᠤᠬᠠᠢ ᠶᠢ ᠰᠠᠷᠭᠡᠶᠢᠯᠡᠬᠦ ᠳᠤ ᠬᠡᠷᠡᠭᠯᠡᠨ᠎ᠡ᠂ ᠮᠦ ᠪᠦᠷᠢ | ᠳᠤ ᠪᠠᠷᠤᠭ 100 ᠵᠢᠩ ᠰᠦᠷᠴᠢᠨ᠎ᠡ᠃ | ᠯᠠᠵᠤᠤ ᠪᠠᠷ ᠬᠤᠷᠤᠬᠠᠢ ᠠᠯᠠᠬᠤ 1 ᠵᠢᠩ ᠰᠢᠨ᠎ᠡ ᠰᠣᠷᠭᠤᠭ ᠯᠠᠵᠤᠤ ︵ᠬᠡᠳᠦᠢ ᠭᠤᠱᠤᠭᠤᠨ ᠪᠣᠯ ᠲᠡᠳᠦᠢ ᠰᠠᠶᠢᠨ︶ ᠳᠡᠭᠡᠷ᠎ᠡ 30~40 | ᠵᠢᠩ ᠤᠰᠤ ᠨᠡᠮᠡᠵᠦ 10~15 ᠮᠢᠨᠦ᠋ᠲ ᠴᠢᠨᠠᠭᠠᠳ᠂ ᠰᠢᠭᠠᠷᠤ ᠶᠢ ᠨᠢ ᠰᠢᠭᠦᠵᠦ ᠭᠠᠷᠭᠠᠨ ᠰᠢᠭᠦᠰᠦ ᠶᠢ ᠨᠢ ᠦᠯᠡᠳᠡᠭᠡᠵᠦ᠂ ᠬᠠᠯᠠᠭᠤᠨ ᠳᠡᠭᠡᠷ᠎ᠡ ᠨᠢ | 0.2 ᠵᠢᠩ ᠬᠤᠪᠴᠠᠰᠤ ᠤᠭᠢᠶᠠᠬᠤ ᠨᠤᠨᠳᠠᠭ ᠨᠡᠮᠡᠵᠦ᠂ ᠭᠦᠷᠦᠭᠰᠡᠨ ᠤ ᠰᠡᠭᠦᠯᠡᠷ ᠳᠠᠬᠢᠨ 2 ᠤᠭᠤᠲᠠ ᠵᠢᠶ᠋ᠨ ᠮᠸᠢ ᠶᠢᠨ ᠳ᠋ᠢᠶᠠᠨ ︵嘉美金点 | ︶ ᠲᠤᠬᠢᠷᠠᠭᠤᠯᠤᠭᠴᠢ ᠪᠠ 100 ᠵᠢᠩ ᠤᠰᠤ ᠨᠡᠮᠡᠵᠦ ᠵᠢᠭᠳᠡ ᠬᠤᠯᠢᠭᠠᠳ ᠰᠦᠷᠴᠢᠨ᠎ᠡ᠃ ᠡᠨᠡᠬᠦ ᠠᠷᠭ᠎ᠠ ᠨᠢ ᠡᠷᠳᠡᠨᠢ ᠰᠢᠰᠢ ᠶᠢᠨ ᠮᠢᠩ ᠬᠤᠷᠣᠬᠠᠢ᠂ | ᠲᠡᠯᠡᠭᠴᠢ ᠬᠤᠷᠤᠬᠠᠢ᠂ ᠭᠤᠷᠪᠠᠨ ᠭᠤᠤᠵᠢᠯᠳᠠᠳᠤ ᠮᠢᠩ ᠡᠷᠪᠡᠭᠡᠢ᠂ ᠨᠠᠪᠴᠢᠨ ᠬᠤᠮᠢᠭᠤᠷ ᠬᠤᠷᠤᠬᠠᠢ᠂ ᠪᠠᠭᠠᠷᠠᠩ ᠬᠤᠷᠤᠬᠠᠢ᠂ ᠤᠯᠠᠭᠠᠨ ᠠᠭᠠᠯᠵᠢ᠂ | ᠰᠢᠷᠦᠢ ᠶᠢᠨ ᠬᠦᠷᠢ ᠵᠡᠷᠭᠡ ᠡᠯ᠎ᠡ ᠵᠦᠢᠯ ᠤᠨ ᠬᠥᠨᠥᠭᠡᠯᠲᠦ ᠬᠤᠷᠤᠬᠠᠢ ᠶᠢ ᠬᠦᠴᠦᠨ ᠲᠠᠢ ᠰᠡᠷᠭᠡᠶᠢᠯᠡᠬᠦ ᠪᠠ ᠠᠯᠠᠵᠤ ᠳᠡᠶᠢᠯᠦᠨ᠎ᠡ᠃ | ᠰᠣᠩᠭᠢᠨ᠎ᠠ ᠰᠠᠷᠢᠮᠰᠠᠭ ᠢᠶᠠᠷ ᠬᠤᠷᠤᠬᠠᠢ ᠠᠯᠠᠬᠤ ᠰᠠᠷᠢᠮᠰᠠᠭ ᠪᠠ ᠪᠥᠭᠡᠷᠡᠩᠬᠡᠢ ᠰᠣᠩᠭᠢᠨ᠎ᠠ ᠶᠢ ᠲᠤᠰ ᠲᠤᠰ 20 ᠭᠷᠡᠮ ᠬᠤᠯᠢᠵᠦ ᠨᠢᠴᠠᠯᠤᠨ᠂ | ᠰᠡᠶᠢᠮᠡᠭᠡᠢ ᠪᠥᠰ ᠢᠶᠠᠷ ᠪᠠᠭᠯᠠᠵᠤ᠂ 20 ᠵᠢᠩ ᠤᠰᠤᠨ ᠳᠤ 24 ᠴᠠᠭ ᠳᠡᠪᠳᠦᠭᠡᠭᠰᠡᠡ ᠤ ᠰᠡᠭᠦᠯᠡᠷ ᠳᠠᠬᠢᠨ ᠰᠡᠶᠢᠮᠡᠬᠡᠢ ᠪᠥᠰ ᠢ ᠠᠪᠴᠦ ᠭᠠᠷᠭᠠᠨ᠎ᠠ᠂ | ᠲᠤᠰ ᠡᠮ ᠤᠨ ᠰᠢᠩᠭᠡᠨ ᠢᠶᠠᠷ ᠴᠣᠬᠤ᠂ ᠪᠠᠭᠠᠷᠠᠩ ᠬᠤᠷᠤᠬᠠᠢ᠂ ᠤᠯᠠᠭᠠᠨ ᠠᠭᠠᠯᠵᠢ ᠵᠡᠷᠭᠡ ᠬᠦᠨᠦᠭᠡᠯᠲᠦ ᠬᠤᠷᠣᠬᠠᠢ ᠶᠢ ᠰᠡᠷᠭᠡᠶᠢᠯᠡᠬᠦ ᠪᠠ ᠠᠯᠠᠬᠤ ᠳᠤ | ᠬᠡᠷᠡᠭᠯᠡᠵᠦ ᠪᠣᠯᠣᠨ᠎ᠠ᠃ | ᠭᠤᠯᠢᠷ ᠢᠶᠠᠷ ᠬᠤᠷᠤᠬᠠᠢ ᠠᠯᠠᠬᠤ 250 ᠭᠷᠡᠮ ᠪᠤᠭᠤᠳᠠᠢ ᠶᠢᠨ ᠭᠤᠯᠢᠷ ᠲᠤ 15~16 ᠵᠢᠩ ᠤᠰᠤ ᠨᠡᠮᠡᠵᠦ ᠵᠢᠭᠤᠷᠠᠭᠠᠳ᠂ ᠭᠤᠣᠯ | ᠦᠳᠡ ᠶᠢᠨ 12 ᠴᠠᠭ ᠤᠨ ᠦᠶ᠎ᠡ ᠪᠠᠷ ᠤᠯᠠᠭᠠᠨ ᠠᠭᠠᠯᠵᠢ ᠶᠢᠨ ᠬᠦᠨᠦᠭᠡᠯ ᠲᠠᠢ ᠨᠠᠪᠴᠢᠨ ᠤ ᠠᠷᠤ ᠳᠤ ᠵᠢᠭᠳᠡ ᠰᠦᠷᠴᠢᠨ᠎ᠡ᠃ 10 ᠮᠢᠨᠦ᠋ᠲ ᠤᠨ | ᠳᠠᠷᠠᠭ᠎ᠠ ᠤᠯᠠᠭᠠᠨ ᠠᠭᠠᠯᠵᠢ ᠶᠢᠨ ᠬᠥᠯ ᠨᠢ ᠭᠤᠯᠢᠷ ᠲᠠᠢ ᠨᠠᠭᠠᠯᠳᠤᠵᠤ ᠨᠠᠪᠴᠢᠨ ᠤ ᠠᠷᠤ ᠳᠤ ᠬᠠᠳᠠᠵᠤ ᠦᠬᠦᠬᠦ ᠪᠣᠯᠣᠨ᠎ᠠ᠃ ᠲᠤᠰ ᠠᠷᠭ᠎ᠠ ᠶᠢ | ᠢᠳᠡᠰᠢᠨ ᠨᠤᠭᠤᠭ᠎ᠠ᠂ ᠵᠢᠮᠢᠰ ᠤᠨ ᠮᠤᠳᠤ᠂ ᠬᠥᠪᠦᠩ ᠵᠡᠷᠭᠡ ᠳᠠᠷᠢᠮᠠᠯ ᠳᠤ ᠠᠳᠠᠯᠢᠬᠠᠨ ᠭᠡᠷᠡᠭᠯᠡᠵᠦ ᠲᠤᠬᠢᠷᠠᠨ᠎ᠠ᠃ | ᠪᠠᠭ᠎ᠠ ᠰᠤᠳᠠ ᠪᠠᠷ ᠭᠡᠮ ᠬᠤᠷᠣᠬᠠᠢ ᠶᠢ ᠰᠡᠷᠭᠡᠶᠢᠯᠡᠬᠦ 0.2% ᠥᠳᠬᠡᠴᠡ ᠲᠠᠢ ᠪᠠᠭ᠎ᠠ ᠰᠤᠳᠠ ᠶᠢᠨ ᠠᠭᠤᠰᠤᠮᠠᠯ᠂ ᠳᠠᠷᠤᠢ 0.2 ᠵᠢᠩ | ᠪᠠᠭ᠎ᠠ ᠰᠤᠳᠠ ᠳᠡᠭᠡᠷ᠎ᠡ 100 ᠵᠢᠩ ᠤᠰᠤ ᠬᠤᠯᠢᠵᠤ ᠵᠢᠭᠤᠷᠠᠭᠠᠳ ᠰᠦᠷᠴᠢᠨ᠎ᠡ᠂ ᠲᠤᠰ ᠨᠠᠶᠢᠷᠠᠯᠭ᠎ᠠ ᠨᠢ ᠥᠷᠭᠡᠰᠦᠳᠦ ᠬᠡᠮᠭᠡ᠂ ᠴᠠᠭᠠᠨ | ᠨᠤᠭᠤᠭ᠎ᠠ ᠶᠢᠨ ᠴᠠᠭᠠᠨ ᠲᠣᠭᠤᠰᠣᠲᠤ ᠭᠡᠮ᠂ ᠪᠤᠳᠤ ᠭᠡᠮ᠂ ᠴᠠᠭᠠᠨ ᠬᠦᠭᠡᠴᠦ ᠭᠡᠮ ᠵᠡᠷᠭᠡ ᠳᠤ ᠪᠦᠷ ᠨᠡᠯᠢᠶᠡᠳ ᠰᠠᠶᠢᠨ ᠦᠢᠯᠡᠳᠦᠯ ᠲᠠᠢ ᠪᠠᠶᠢᠵᠤ᠂ | ᠰᠡᠷᠭᠡᠶᠢᠯᠡᠬᠦ ᠦᠷ᠎ᠡ ᠳ᠋ᠦᠩ ᠨᠢ 93.1% ᠳᠤ ᠬᠦᠷᠦᠨ᠎ᠡ᠃ ᠪᠠᠰᠠ ᠳᠤᠳᠤᠷᠭᠠᠨ ᠤ ᠬᠠᠯᠠᠭᠤᠨ ᠭᠡᠮ ᠢ ᠭᠤᠣᠯᠯᠠᠨ ᠵᠠᠰᠠᠵᠦ ᠳᠡᠶᠢᠯᠦᠨ᠎ᠡ᠂ | ᠳᠤᠳᠤᠷᠭ᠎ᠠ ᠶᠢᠨ ᠬᠢᠵᠢᠭᠰᠡᠷᠬᠦ ᠲᠠᠯᠬ᠎ᠠ ︵稻瘟灵︶᠂ ᠭᠤᠷᠪᠠᠨ ᠴᠠᠭᠠᠷᠢᠭᠲᠤ ᠢᠮᠢᠳᠠᠽᠤᠯ ᠵᠡᠷᠭᠡ ᠲᠠᠢ ᠬᠤᠯᠢᠵᠦ ᠭᠡᠷᠡᠭᠯᠡᠪᠡᠯ ᠦᠢᠯᠡᠳᠦᠯ ᠨᠢ | ᠨᠡᠮᠡᠭᠳᠡᠬᠦ ᠪᠣᠯᠣᠨ᠎ᠠ᠃ ᠭᠡᠪᠡᠴᠦ ᠬᠦᠴᠢᠯᠯᠢᠭ ᠳᠠᠷᠢᠶᠠᠨ ᠡᠮ ᠲᠠᠢ ᠬᠤᠯᠢᠵᠦ ᠭᠡᠷᠡᠭᠯᠡᠵᠦ ᠪᠣᠯᠬᠤ ᠦᠭᠡᠢ᠃ |