ᠨᠠᠮᠤᠷ ᠤᠨ ᠤᠯᠠᠷᠢᠯ ᠳᠤ ᠠᠭᠤᠷ ᠠᠮᠢᠰᠬᠤᠯ ᠬᠠᠭᠤᠷᠠᠢ᠂ ᠤᠯᠠᠩᠭᠢ ᠬᠦᠮᠦᠨ ᠨᠢᠮᠪᠡᠭᠡ ᠶᠢᠨ ᠴᠠᠢ᠂ ᠴᠢᠨ᠋ᠸ᠎ᠠ ᠶᠢᠨ ᠬᠠᠷᠮᠠᠭ ᠤᠨ ᠴᠠᠢ᠂ ᠰᠠᠷᠭᠠᠢ | ᠴᠡᠴᠡᠭ ᠤᠨ ᠴᠠᠢ ᠤᠤᠭᠤᠬᠤ ᠪᠠᠷ ᠲᠠᠮᠵᠢᠨ ᠪᠡᠶ᠎ᠠ ᠰᠤᠪᠢᠯᠠᠳᠠᠭ᠂ ᠭᠡᠳᠡᠯ᠎ᠠ ᠠᠳᠠᠯᠢ ᠪᠤᠰᠤ ᠴᠠᠢ ᠶᠢᠨ ᠴᠢᠨᠠᠷ᠂ ᠠᠮᠳᠠ ᠨᠢ ᠪᠦᠷ ᠠᠳᠠᠯᠢ ᠦᠭᠡᠢ ᠪᠤᠯᠬᠤᠷ | ᠨᠢᠭᠡ ᠯᠡ ᠬᠡᠪ ᠢᠶᠠᠷ ᠤᠤᠭᠤᠬᠤ ᠨᠢ ᠵᠤᠬᠢᠰ ᠦᠭᠡᠢ᠃ ᠲᠤᠤᠷ᠎ᠠ ᠲᠤᠰᠬᠠᠢ ᠮᠡᠷᠭᠡᠵᠢᠯᠳᠡᠨ ᠤ ᠵᠠᠳᠠᠯᠤᠭᠰᠠᠨ ᠴᠠᠢ ᠤᠤᠭᠤᠵᠤ ᠪᠡᠶ᠎ᠠ ᠰᠤᠪᠢᠯᠠᠬᠤ ᠲᠤᠮᠳᠠᠬᠢ | ᠠᠳᠡᠭᠦᠷᠡᠯ ᠤᠨ ᠲᠤᠬᠠᠢ ᠲᠠᠨᠢᠯᠴᠠᠭᠤᠯᠤᠶ᠎ᠠ᠃ | ᠤᠳᠪᠠᠯᠠ ᠴᠡᠴᠡᠭ ᠢ ᠠᠷᠪᠢᠨ ᠬᠢᠵᠦ ᠴᠢᠢᠯᠡᠪᠡᠯ ᠬᠠᠯᠠᠭᠤᠨ ᠢ ᠲᠠᠷᠤᠬᠤ ᠨᠢ ᠤᠯᠠᠮ ᠰᠠᠶᠢᠨ ᠦᠦ︖ | | | ᠤᠳᠪᠠᠯᠠ ᠴᠡᠴᠡᠭ ᠰᠢᠬᠢᠷᠯᠢᠭ ᠭᠠᠰᠢᠭᠤᠨ ᠠᠮᠳᠠᠳᠠᠢ᠂ ᠬᠦᠢᠳᠡᠨ ᠰᠡᠷᠢᠭᠦᠨ ᠴᠢᠨᠠᠷᠳᠠᠢ ᠪᠤᠯᠬᠤᠷ ᠬᠠᠯᠠᠭᠤᠨ ᠢ ᠬᠦᠭᠡᠭᠡᠵᠦ᠂ ᠡᠯᠢᠭᠡᠨ | ᠬᠠᠯᠠᠭᠤᠨ ᠢ ᠠᠷᠢᠯᠭᠠᠵᠤ᠂ ᠬᠠᠷᠠᠭ᠎ᠠ ᠶᠢ ᠲᠤᠳᠤᠷᠠᠭᠤᠯᠬᠤ ᠦᠢᠯᠡᠳᠦᠯ ᠲᠠᠢ᠂ ᠤᠯᠠᠩᠭᠢ ᠲᠤᠳᠤᠷ ᠬᠠᠯᠠᠭᠤᠨ ᠲᠠᠢ ᠬᠦᠮᠦᠰ ᠤᠳᠪᠠᠯᠠ ᠴᠡᠴᠡᠭ ᠤᠨ ᠴᠠᠢ | ᠤᠤᠭᠤᠵᠤ ᠬᠠᠯᠠᠭᠤᠨ ᠢ ᠬᠦᠭᠡᠭᠡᠳᠡᠭ᠃ ᠭᠡᠳᠡᠯ᠎ᠠ ᠲᠤᠰᠬᠠᠢ ᠮᠡᠷᠭᠡᠵᠢᠯᠳᠡᠨ ᠤ ᠰᠠᠨᠠᠭᠤᠯᠬᠤ ᠪᠠᠷ᠂ ᠲᠡᠯᠢᠭᠦᠦ ᠶᠢᠨ ᠲᠠᠮᠢᠷ ᠮᠠᠭᠤᠳᠠᠭᠰᠠᠨ᠂ ᠬᠤᠳᠤᠭᠤᠳᠤ | ᠰᠡᠷᠢᠭᠦᠳᠡᠭᠰᠡᠨ ᠬᠦᠮᠦᠨ ᠤᠤᠭᠤᠬᠤ ᠳᠤ ᠲᠤᠬᠢᠷᠠᠬᠤ ᠦᠭᠡᠢ᠂ ᠤᠳᠪᠠᠯᠠ ᠴᠡᠴᠡᠭ ᠤᠨ ᠴᠠᠢ ᠴᠢᠰᠤᠨ ᠲᠠᠷᠤᠯᠳᠠ ᠶᠢ ᠪᠠᠭᠤᠷᠠᠭᠤᠯᠬᠤ ᠦᠢᠯᠡᠳᠦᠯ ᠲᠠᠢ᠂ | ᠴᠢᠰᠤᠨ ᠲᠠᠷᠤᠯᠳᠠ ᠬᠡᠪ ᠤᠨ ᠪᠠ ᠴᠢᠰᠤᠨ ᠲᠠᠷᠤᠯᠳᠠ ᠲᠤᠤᠷ᠎ᠠ ᠬᠦᠮᠦᠰ ᠡᠳᠦᠷ ᠪᠦᠷᠢ ᠤᠳᠪᠠᠯᠠ ᠴᠡᠴᠡᠭ ᠤᠨ ᠴᠠᠢ ᠤᠤᠭᠤᠪᠠᠯ ᠲᠤᠬᠢᠷᠠᠬᠤ ᠦᠭᠡᠢ᠂ | ᠤᠤᠭᠤᠬᠤ ᠳ᠋ᠤ᠋ ᠬᠦᠷᠪᠡᠯ ᠤᠳᠠᠭ᠎ᠠ ᠪᠦᠷᠢ 3 ᠨᠠᠪᠴᠢ ᠠᠴᠠ ᠬᠡᠳᠦᠷᠡᠭᠦᠯᠵᠦ ᠪᠤᠯᠬᠤ ᠦᠭᠡᠢ᠃ | ᠬᠤᠭᠤᠯᠠᠢ ᠵᠢᠮᠢᠰ ᠢ ᠡᠳᠦᠷ ᠡᠳᠦᠷ ᠲᠡᠪᠳᠦᠭᠡᠨ ᠤᠤᠭᠤᠵᠤ ᠪᠤᠯᠤᠨ᠎ᠠ ᠦᠦ︖ | | | | ᠤᠯᠠᠩᠭᠢ ᠬᠦᠮᠦᠨ ᠬᠤᠭᠤᠯᠠᠢ ᠨᠢ ᠰᠦᠭᠡᠩᠭᠢᠷᠡᠪᠡᠯ ᠬᠠᠮᠤᠭ ᠤᠨ ᠲᠦᠷᠦᠭᠦᠨ ᠳᠤ ᠬᠤᠭᠤᠯᠠᠢ ᠵᠢᠮᠢᠰ ᠢ ᠲᠡᠪᠳᠦᠭᠡᠵᠦ ᠤᠤᠭᠤᠬᠤ ᠶᠢ ᠪᠤᠳᠤᠵᠤ | ᠤᠯᠳᠠᠭ᠃ ᠬᠢᠳᠠᠳ ᠡᠮᠴᠢ ᠶᠢᠨ ᠦᠵᠡᠬᠦ ᠪᠠᠷ᠂ ᠬᠤᠭᠤᠯᠠᠢ ᠵᠢᠮᠢᠰ ᠬᠦᠢᠳᠡᠨ ᠴᠢᠨᠠᠷᠳᠠᠢ ᠰᠢᠬᠢᠷᠯᠢᠭ ᠠᠮᠳᠠᠳᠠᠢ᠂ ᠬᠤᠭᠤᠯᠠᠢ ᠳᠤ ᠲᠤᠰᠠᠳᠠᠢ᠃ ᠭᠡᠳᠡᠯ᠎ᠠ | ᠬᠤᠭᠤᠯᠠᠢ ᠵᠢᠮᠢᠰ ᠰᠡᠷᠢᠭᠦᠨ ᠴᠢᠨᠠᠷᠳᠠᠢ ᠪᠤᠯᠬᠤᠷ ᠬᠤᠳᠤᠭᠤᠳᠤ ᠲᠡᠯᠢᠭᠦᠦ ᠶᠢᠨ ᠴᠢᠳᠠᠮᠵᠢ ᠲᠤᠷᠤᠢ ᠪᠠ ᠴᠢᠴᠠᠭ᠎ᠠ ᠠᠯᠳᠠᠭᠰᠠᠳ ᠤᠤᠭᠤᠪᠠᠯ ᠲᠤᠬᠢᠷᠠᠬᠤ | ᠦᠭᠡᠢ᠃ ᠲᠤᠰᠬᠠᠢ ᠮᠡᠷᠭᠡᠵᠢᠯᠳᠡᠨ ᠤ ᠰᠠᠨᠠᠭᠤᠯᠬᠤ ᠪᠠᠷ᠂ ᠬᠤᠭᠤᠯᠠᠢ ᠵᠢᠮᠢᠰ ᠪᠤᠯ ᠪᠠᠶᠢᠩᠭᠤ ᠤᠤᠭᠤᠬᠤ ᠤᠮᠳᠠᠭᠠᠨ ᠪᠢᠰᠢ᠂ ᠬᠡᠮᠵᠢᠶᠡᠳᠡᠢ ᠤᠤᠭᠤᠪᠠᠯ | ᠵᠤᠬᠢᠨ᠎ᠠ᠂ ᠬᠤᠶᠠᠷ ᠭᠤᠷᠪᠠᠨ ᠡᠳᠦᠷ ᠤᠤᠭᠤᠵᠤ ᠡᠪᠡᠳᠴᠢᠨ ᠤ ᠪᠠᠶᠢᠳᠠᠯ ᠢᠯᠡᠷᠢᠰᠢᠪᠡᠯ ᠤᠤᠭᠤᠬᠤ ᠪᠠᠨ ᠵᠤᠭᠰᠤᠭᠠᠷᠠᠢ᠃ ᠬᠡᠷᠪᠡ ᠡᠪᠡᠳᠴᠢᠨ ᠤ | ᠪᠠᠶᠢᠳᠠᠯ ᠨᠠᠮᠳᠠᠭᠰᠠᠨ ᠦᠭᠡᠢ ᠪᠤᠯ ᠬᠡᠳᠦᠨ ᠡᠳᠦᠷ ᠠᠯᠤᠰᠯᠠᠭᠠᠳ ᠲᠠᠬᠢᠵᠤ ᠤᠤᠭᠤᠭᠠᠷᠠᠢ᠃ ᠬᠤᠭᠤᠯᠠᠢ ᠵᠢᠮᠢᠰ ᠢ ᠬᠡᠳᠦᠷᠭᠡᠢ ᠠᠷᠪᠢᠨ ᠲᠡᠪᠳᠦᠭᠡᠵᠦ | ᠤᠤᠭᠤᠪᠠᠯ ᠴᠢᠰᠤᠨ ᠰᠢᠬᠢᠷ ᠢ ᠦᠨᠳᠦᠷᠵᠢᠭᠦᠯᠳᠡᠭ ᠪᠤᠯᠬᠤᠷ ᠰᠢᠬᠢᠷ ᠰᠢᠵᠢᠩ ᠡᠪᠡᠳᠴᠢᠳᠡᠨ ᠪᠤᠯᠭᠤᠮᠵᠢᠳᠠᠢ ᠤᠤᠭᠤᠭᠠᠷᠠᠢ᠃ | ᠴᠢᠨ᠋ᠸ᠎ᠠ ᠶᠢᠨ ᠬᠠᠷᠮᠠᠭ ᠤᠨ ᠤᠰᠤ ᠨᠢᠳᠦ ᠶᠢ ᠬᠠᠮᠠᠭᠠᠯᠠᠳᠠᠭ ᠦᠦ︖ | | | ᠴᠢᠨ᠋ᠸ᠎ᠠ ᠶᠢᠨ ᠬᠠᠷᠮᠠᠭ ᠲᠤᠳᠤᠷ᠎ᠠ ᠬᠤᠤ ᠯᠤᠤᠪᠠᠩ ᠤᠨ ᠡᠳ᠋᠂ ᠡᠷᠳᠡᠨᠢ ᠰᠢᠰᠢ ᠶᠢᠨ ᠰᠢᠷ᠎ᠠ ᠡᠳ᠋ ᠡᠯᠪᠡᠭ ᠠᠭᠤᠯᠤᠭᠳᠠᠵᠤ᠂ ︽ᠨᠢᠳᠦ ᠶᠢ | ᠲᠤᠩᠭᠠᠯᠬᠠᠵᠢᠭᠤᠯᠤᠭᠴᠢ︾ ᠴᠤᠯᠠ ᠲᠠᠢ᠃ ᠭᠡᠳᠡᠯ᠎ᠠ ᠲᠤᠰᠬᠠᠢ ᠮᠡᠷᠭᠡᠵᠢᠯᠳᠡᠨ ᠤ ᠰᠠᠨᠠᠭᠤᠯᠬᠤ ᠪᠠᠷ᠂ ᠡᠷᠳᠡᠨᠢ ᠰᠢᠰᠢ ᠶᠢᠨ ᠰᠢᠷ᠎ᠠ ᠡᠳ᠋ ᠨᠢ ᠤᠰᠤᠨ ᠳᠤ | ᠠᠭᠤᠰᠬᠤ ᠦᠭᠡᠢ᠂ ᠲᠦᠭᠦᠮᠭᠡᠨ ᠴᠢᠢᠯᠡᠵᠦ ᠤᠤᠭᠤᠬᠤ ᠨᠢ ᠴᠢᠨ᠋ᠸ᠎ᠠ ᠶᠢᠨ ᠬᠠᠷᠮᠠᠭ ᠲᠠᠬᠢ ᠰᠢᠮ᠎ᠠ ᠲᠡᠵᠢᠭᠡᠯᠳᠦ ᠪᠤᠳᠠᠰ ᠢ ᠭᠠᠷᠭᠠᠨ ᠠᠪᠴᠤ ᠲᠡᠶᠢᠯᠬᠦ | ᠦᠭᠡᠢ᠃ ᠰᠠᠨᠠᠭᠤᠯᠬᠤ ᠨᠢ ᠬᠤᠭᠤᠯᠠ ᠬᠢᠬᠦ ᠦᠶᠡᠰ᠂ ᠴᠢᠨ᠋ᠸ᠎ᠠ ᠶᠢᠨ ᠬᠠᠷᠮᠠᠭ ᠢᠶᠠᠷ ᠮᠠᠲ᠋ᠧᠷᠢᠶᠠᠯ ᠪᠤᠯᠭᠠᠵᠤ ᠰᠢᠩᠭᠡᠨ ᠪᠤᠳᠠᠭ᠎ᠠ᠂ ᠨᠤᠭᠤᠭ᠎ᠠ | ᠵᠠᠭᠤᠰᠢᠨ ᠳᠠᠭᠠᠨ ᠬᠢᠵᠦ᠂ ᠰᠠᠶᠢᠳᠤᠷ ᠵᠠᠵᠢᠯᠵᠤ ᠢᠳᠡᠪᠡᠯ ᠵᠤᠬᠢᠨ᠎ᠠ᠃ ᠴᠢᠨ᠋ᠸ᠎ᠠ ᠶᠢᠨ ᠬᠠᠷᠮᠠᠭ ᠤᠨ ᠤᠰᠤ ᠤᠤᠭᠤᠬᠤ ᠲᠤᠷᠠᠳᠠᠢ ᠬᠦᠮᠦᠰ ᠤᠰᠤᠨ ᠳᠤ | ᠲᠡᠪᠳᠦᠭᠡᠬᠦ ᠶᠢᠨ ᠵᠡᠷᠭᠡᠪᠡᠷ ᠵᠠᠵᠢᠯᠵᠤ ᠢᠳᠡᠪᠡᠯ ᠵᠤᠬᠢᠨ᠎ᠠ᠃ ᠲᠤᠳᠤᠷ ᠬᠠᠯᠠᠭᠤᠨ ᠲᠠᠢ ᠬᠦᠮᠦᠨ ᠬᠡᠮᠵᠢᠶᠡᠳᠡᠢ ᠢᠳᠡᠪᠡᠯ ᠵᠤᠬᠢᠨ᠎ᠠ᠃ | ᠨᠢᠮᠪᠡᠭᠡ ᠶᠢᠨ ᠤᠰᠤ ᠸᠢᠲ᠋ᠠᠮᠢᠨ C ᠢᠯᠡᠭᠦᠦ ᠨᠦᠬᠦᠳᠡᠭ ᠦᠦ︖ | | | ᠰᠢᠨ᠎ᠠ ᠰᠤᠷᠭᠤᠭ ᠨᠢᠮᠪᠡᠭᠡ ᠳᠤ ᠸᠢᠲ᠋ᠠᠮᠢᠨ C ᠵᠡᠷᠭᠡ ᠪᠤᠳᠠᠰ ᠠᠭᠤᠯᠤᠭᠳᠠᠵᠤ ᠪᠠᠶᠢᠳᠠᠭ᠂ ᠴᠢᠰᠤᠨ ᠲᠠᠷᠤᠯᠳᠠ ᠦᠨᠳᠦᠷ ᠡᠪᠡᠳᠴᠢᠳᠡᠨ ᠪᠠ | ᠵᠢᠷᠦᠭᠡ ᠴᠢᠰᠤᠨ ᠰᠤᠳᠠᠯ ᠤᠨ ᠡᠪᠡᠳᠴᠢᠳᠡᠨ ᠤᠷᠳᠤ ᠬᠤᠭᠤᠴᠠᠭ᠎ᠠ ᠤᠤᠭᠤᠪᠠᠯ ᠪᠡᠶ᠎ᠠ ᠮᠠᠬᠠᠪᠤᠳ ᠤᠨ ᠡᠷᠡᠭᠦᠯᠵᠢᠯ ᠳᠤ ᠲᠤᠰᠠᠳᠠᠢ᠃ ᠭᠡᠳᠡᠯ᠎ᠠ ᠰᠢᠨ᠎ᠠ | ᠰᠤᠷᠭᠤᠭ ᠨᠢᠮᠪᠡᠭᠡ ᠶᠢ ᠨᠢᠮᠭᠡᠨ ᠵᠦᠰᠦᠵᠦ᠂ ᠨᠢᠭᠡ ᠴᠤᠮᠤ ᠤᠰᠤᠨ ᠳᠤ ᠨᠢᠭᠡ ᠬᠤᠶᠠᠷ ᠬᠡᠰᠡᠭ ᠢ ᠯᠡ ᠬᠢᠵᠦ ᠨᠢᠮᠪᠡᠭᠡ ᠶᠢᠨ ᠤᠰᠤ ᠶᠢ ᠤᠤᠭᠤᠬᠤ ᠪᠠᠷ | ᠲᠠᠮᠵᠢᠨ ᠸᠢᠲ᠋ᠠᠮᠢᠨ C ᠨᠦᠬᠦᠬᠦ ᠭᠡᠳᠡᠭ ᠨᠡᠯᠢᠶᠡᠳ ᠬᠦᠴᠢᠷᠳᠡᠢ᠃ ︽ᠡᠪᠡᠰᠦᠨ ᠡᠮ ᠤᠨ ᠠᠩᠭᠢᠯᠡᠯ︾ ᠳᠤ ᠲᠡᠮᠳᠡᠭᠯᠡᠭᠰᠡᠨ ᠢᠶᠠᠷ᠄ ︽ᠨᠢᠮᠪᠡᠭᠡ ᠨᠢ | ᠰᠢᠯᠦᠰᠦ ᠲᠦᠷᠦᠭᠦᠯᠬᠦ᠂ ᠤᠮᠳᠠ ᠲᠠᠷᠤᠬᠤ᠂ ᠬᠠᠯᠠᠭᠤᠨ ᠢ ᠬᠦᠭᠡᠭᠡᠬᠦ ᠵᠡᠷᠭᠡ ᠦᠢᠯᠡᠳᠦᠯ ᠲᠠᠢ︾᠃ ᠨᠢᠮᠪᠡᠭᠡ ᠨᠢ ᠬᠤᠳᠤᠭᠤᠳᠤᠨ ᠬᠦᠴᠢᠯ | ᠢᠯᠭᠠᠷᠠᠭᠤᠯᠬᠤ᠂ ᠢᠳᠡᠭᠡᠨ ᠤ ᠲᠤᠷᠠᠰᠢᠯ ᠢ ᠨᠡᠮᠡᠭᠳᠡᠭᠦᠯᠬᠦ᠂ ᠰᠢᠩᠭᠡᠭᠡᠯᠳᠡ ᠶᠢ ᠰᠠᠶᠢᠵᠢᠷᠠᠭᠤᠯᠬᠤ ᠲᠠᠯ᠎ᠠ ᠪᠠᠷ ᠪᠦᠳᠦᠮᠵᠢᠳᠡᠢ ᠰᠡᠳᠡᠯᠳᠡ ᠦᠭᠳᠡᠭ᠃ | ᠲᠤᠰᠬᠠᠢ ᠮᠡᠷᠭᠡᠵᠢᠯᠳᠡᠨ ᠤ ᠰᠠᠨᠠᠭᠤᠯᠬᠤ ᠪᠠᠷ᠄ ᠠᠯᠢ ᠴᠢᠳᠠᠬᠤ ᠪᠠᠷ ᠰᠢᠨ᠎ᠠ ᠰᠤᠷᠭᠤᠭ ᠨᠢᠮᠪᠡᠭᠡ ᠶᠢ ᠰᠤᠩᠭᠤᠵᠤ ᠪᠦᠯᠢᠶᠡᠨ ᠤᠰᠤᠨ ᠳᠤ ᠲᠡᠪᠳᠦᠭᠡᠵᠦ | ᠤᠤᠭᠤᠪᠠᠯ ᠰᠢᠮ᠎ᠠ ᠲᠡᠵᠢᠭᠡᠯᠳᠦ ᠪᠤᠳᠠᠰ ᠢ ᠬᠠᠳᠠᠭᠠᠯᠠᠬᠤ ᠨᠢ ᠠᠷᠪᠢᠨ᠃ ᠬᠤᠳᠤᠭᠤᠳᠤ ᠭᠡᠳᠡᠰᠤᠨ ᠤ ᠴᠢᠳᠠᠮᠵᠢ ᠲᠤᠷᠤᠢ ᠬᠦᠮᠦᠨ ᠦᠷᠭᠦᠯᠵᠢ | ᠤᠤᠭᠤᠪᠠᠯ ᠰᠢᠷ᠎ᠠ ᠬᠤᠰᠤᠨ᠎ᠠ᠂ ᠬᠤᠭᠤᠯᠠᠨ ᠤ ᠲᠠᠷᠠᠭ᠎ᠠ ᠤᠤᠭᠤᠬᠤ ᠪᠤᠶᠤ ᠪᠠᠭ᠎ᠠ ᠤᠤᠭᠤᠪᠠᠯ ᠵᠤᠬᠢᠨ᠎ᠠ᠃ | ᠰᠠᠷᠭᠠᠢ ᠴᠡᠴᠡᠭ ᠤᠨ ᠴᠠᠢ ᠤᠤᠭᠤᠪᠠᠯ ᠵᠢᠰᠦ ᠭᠤᠶᠤᠵᠢᠭᠤᠯᠤᠨ᠎ᠠ ᠦᠦ︖ | | | | ᠰᠠᠷᠭᠠᠢ ᠴᠡᠴᠡᠭ ᠲᠤ ᠠᠩᠭᠢᠯᠤᠮ᠎ᠠ ᠦᠨᠦᠷ ᠲᠠᠢ ᠠᠯᠺᠤᠤᠯ᠂ ᠹᠧᠨᠤᠯ ᠪᠠ ᠦᠨᠦᠷ ᠤᠨ ᠤᠬᠢ ᠠᠭᠤᠯᠤᠭᠰᠠᠨ ᠦᠭᠡᠬᠦ ᠵᠡᠷᠭᠡ 300 ᠭᠠᠷᠤᠢ | ᠵᠦᠢᠯ ᠤᠨ ᠬᠢᠮᠢ ᠶᠢᠨ ᠪᠦᠷᠢᠯᠳᠦᠭᠦᠨ ᠠᠭᠤᠯᠵᠤ᠂ ᠲᠡᠭᠦᠨ ᠤ ᠠᠩᠭᠢᠯᠤᠮ᠎ᠠ ᠦᠨᠦᠷ ᠨᠢ ᠲᠠᠷᠤᠭᠠᠰᠤ ᠶᠢ ᠬᠦᠩᠭᠡᠯᠡᠨ᠂ ᠰᠡᠳᠭᠢᠯ ᠰᠠᠨᠠᠭ᠎ᠠ ᠶᠢ | ᠲᠠᠶᠢᠪᠤᠰᠢᠷᠠᠭᠤᠯᠵᠤ᠂ ᠦᠩᠭᠡ ᠵᠢᠰᠦ ᠶᠢ ᠭᠤᠶᠤᠵᠢᠭᠤᠯᠬᠤ ᠳᠤ ᠵᠤᠬᠢᠬᠤ ᠦᠢᠯᠡᠳᠦᠯ ᠲᠠᠢ᠃ ᠲᠤᠰᠬᠠᠢ ᠮᠡᠷᠭᠡᠵᠢᠯᠳᠡᠨ ᠤ ᠦᠵᠡᠬᠦ ᠪᠠᠷ᠂ ᠤᠳᠤᠬᠠᠨ | ᠳᠤ ᠲᠡᠪᠳᠦᠭᠡᠵᠦ ᠤᠤᠭᠤᠵᠤ ᠪᠠᠶᠢᠭ᠎ᠠ ᠨᠢ ᠪᠦᠷ ᠬᠠᠳᠠᠭᠰᠠᠨ ᠨᠠᠪᠴᠢ ᠪᠤᠯᠤᠨ᠎ᠠ᠂ ᠰᠠᠷᠭᠠᠢ ᠴᠡᠴᠡᠭ ᠢ ᠨᠠᠷᠠᠨ ᠳᠤ ᠬᠠᠳᠠᠭᠠᠪᠠᠯ ᠰᠢᠮ᠎ᠠ ᠲᠡᠵᠢᠭᠡᠯᠳᠦ | ᠪᠤᠳᠠᠰ ᠨᠢ ᠠᠯᠳᠠᠭᠳᠠᠨ᠎ᠠ᠂ ᠰᠦᠯᠵᠢᠶ᠎ᠠ ᠪᠠᠷ ᠱᠤᠤᠭᠢᠵᠤ ᠪᠠᠶᠢᠭ᠎ᠠ ᠰᠢᠭ᠋ ᠠᠷᠠᠰᠤᠨ ᠳᠤ ᠰᠢᠭᠤᠳ ᠰᠢᠮ᠎ᠠ ᠲᠡᠵᠢᠭᠡᠯ ᠬᠠᠩᠭᠠᠵᠤ ᠲᠡᠶᠢᠯᠬᠦ ᠦᠭᠡᠢ᠃ | ᠰᠢᠨ᠎ᠠ ᠰᠤᠷᠭᠤᠭ ᠰᠠᠷᠭᠠᠢ ᠴᠡᠴᠡᠭ ᠤᠨ ᠨᠠᠪᠴᠢ ᠶᠢ ᠲᠡᠪᠳᠦᠭᠡᠵᠦ ᠤᠤᠭᠤᠪᠠᠯ ᠠᠮᠳᠠ ᠨᠢ ᠨᠡᠩ ᠰᠠᠶᠢᠨ᠃ ᠡᠭᠦᠨ ᠠᠴᠠ ᠭᠠᠳᠠᠨ᠎ᠠ᠂ ᠰᠠᠷᠭᠠᠢ | ᠴᠡᠴᠡᠭ ᠤᠨ ᠴᠠᠢ ᠨᠢ ᠴᠢᠰᠤᠨ ᠤ ᠬᠦᠶᠦᠳᠡᠯ ᠢ ᠰᠠᠶᠢᠵᠢᠷᠠᠭᠤᠯᠳᠠᠭ ᠪᠤᠯᠬᠤᠷ ᠰᠠᠷ᠎ᠠ ᠶᠢᠨ ᠭᠬᠢᠷ ᠤᠨ ᠬᠤᠭᠤᠴᠠᠭᠠᠨ ᠳᠤ ᠴᠢᠰᠤ ᠠᠷᠪᠢᠨ ᠪᠠᠭᠤᠳᠠᠭ | ᠡᠮᠡᠭᠳᠡᠢ ᠰᠠᠷᠭᠠᠢ ᠴᠡᠴᠡᠭ ᠤᠨ ᠴᠠᠢ ᠪᠠᠭ᠎ᠠ ᠤᠤᠭᠤᠪᠠᠯ ᠵᠤᠬᠢᠨ᠎ᠠ᠃ | |