ᠢᠮᠠᠭ᠎ᠠ ᠶᠢ ᠭᠥᠢᠰᠥ ᠴᠢᠨᠠᠷ ᠢᠶᠠᠷ ᠨᠢ ᠢᠯᠭᠠᠨ ᠨᠠᠷᠠᠯᠡᠭᠦ
ᠵᠣᠬᠢᠶᠠᠭᠴᠢ᠄ 
     ᠢᠮᠠᠭ᠎ᠠ ᠶᠢ ᠭᠥᠢᠰᠥ ᠴᠢᠨᠠᠷ ᠢᠶᠠᠷ ᠨᠢ ᠤᠬᠤᠨ᠎ᠠ᠂ ᠡᠷ᠎ᠠ ᠢᠮᠠᠭ᠎ᠠ᠂ ᠡᠮ᠎ᠠ ᠢᠮᠠᠭ᠎ᠠ ᠭᠡᠵᠥ ᠢᠯᠭᠠᠳᠠᠭ᠃ ᠬᠤᠶᠠᠷ ᠨᠠᠰᠥᠨ ᠠᠴᠠ ᠲᠡᠭᠡᠭᠰᠢᠭᠢ ᠥᠷ᠎ᠠ ᠶᠢᠨ ᠢᠮᠠᠭ᠎ᠠ ᠶᠢ ᠶᠠᠷᠥᠩᠭᠡᠶᠢᠯᠡᠨ ᠤᠬᠤᠨ᠎ᠠ ᠭᠡᠵᠥ᠂ ᠬᠤᠶᠠᠷ ᠨᠠᠰᠥᠨ ‍ᠠᠴᠠ ᠲᠡᠭᠡᠭᠰᠢᠭᠢ ᠴᠠᠭᠠᠯᠠᠭᠰᠠᠨ ᠡᠷ᠎ᠠ ᠭᠥᠢᠰᠥᠳᠥ ᠢᠮᠠᠭ᠎ᠠ ᠶᠢ ᠡᠷ᠎ᠠ ᠢᠮᠠᠭ᠎ᠠ ᠭᠡᠵᠥ ᠨᠠᠷᠠᠯᠡᠭᠡᠳ᠂ ᠬᠤᠶᠠᠷ ᠨᠠᠰᠥᠳᠠᠢ ᠶᠢ ᠨᠢ ᠡᠷ᠎ᠠ ᠰᠢᠳᠥᠯᠡᠩ᠂ ᠭᠤᠷᠪᠠᠨ ᠨᠠᠰᠥᠳᠠᠢ ᠶᠢ ᠨᠢ ᠭᠢᠵᠠᠯᠡᠩ ᠡᠷ᠎ᠠ ᠢᠮᠠᠭ᠎ᠠ᠂ ᠲᠥᠷᠪᠡᠨ ᠨᠠᠰᠥᠳᠠᠢ ᠶᠢ ᠨᠢ ᠰᠤᠶᠤᠯᠡᠩ ᠡᠷ᠎ᠠ ᠢᠮᠠᠭ᠎ᠠ ᠭᠡᠵᠥ᠂ ᠲᠠᠪᠤᠨ ᠨᠠᠰᠥ ᠭᠥᠷᠪᠠᠯ᠂ ᠪᠥᠳᠥᠭᠦᠨ ᠡᠷ᠎ᠠ ᠢᠮᠠᠭ᠎ᠠ᠂ ᠰᠤᠩᠭᠠᠯ ᠢᠮᠠᠭ᠎ᠠ ᠪᠤᠶᠦ ᠰᠠᠷᠭᠡ ᠭᠡᠵᠥ ᠶᠠᠷᠥᠩᠭᠡᠶᠢᠯᠠᠨ ᠨᠠᠷᠠᠯᠡᠳᠡᠭ᠃ ᠬᠤᠶᠠᠷ ᠨᠠᠰᠥᠨ ‍ᠠᠴᠠ ᠲᠡᠭᠡᠭᠰᠢᠭᠢ ᠥᠷᠠᠵᠢᠯ ᠤᠨ ᠢᠮᠠᠭ᠎ᠠ ᠶᠢ ᠡᠮ᠎ᠠ ᠢᠮᠠᠭ᠎ᠠ ᠭᠡᠵᠥ ᠨᠠᠷᠠᠯᠡᠭᠡᠳ᠂ ᠬᠤᠶᠠᠷ ᠨᠠᠰᠤᠳᠠᠢ ᠶᠢ ᠨᠢ ᠥᠭᠢᠨ ᠰᠢᠳᠥᠯᠡᠩ᠂ ᠭᠤᠷᠪᠠᠨ ᠨᠠᠰᠤᠳᠠᠢ ᠶᠢ ᠨᠢ ᠭᠢᠵᠠᠯᠠᠩ ᠡᠮ᠎ᠠ ᠢᠮᠠᠭ᠎ᠠ᠂ ᠲᠥᠷᠪᠠᠨ ᠨᠠᠰᠥᠳᠠᠢ ᠶᠢ ᠨᠢ ᠰᠤᠶᠤᠯᠠᠩ ᠡᠮ᠎ᠠ ᠢᠮᠠᠭ᠎ᠠ ᠭᠡᠵᠥ᠂ ᠲᠠᠪᠤᠨ ᠨᠠᠰᠥ ᠭᠥᠷᠪᠠᠯ᠂ ᠪᠥᠳᠥᠭᠦᠨ ᠡᠮ᠎ᠠ ᠢᠮᠠᠭ᠎ᠠ ᠭᠡᠵᠥ ᠨᠠᠷᠠᠯᠠᠨ᠎ᠠ᠃ ᠢᠮᠠᠭ᠎ᠠ ᠮᠥᠨ ᠰᠢᠳᠥᠯᠡᠩ ᠳᠤ  ᠪᠠᠨ ᠭᠡᠭᠡᠯ ᠲᠤᠭᠳᠠᠵᠥ᠂ ᠭᠢᠵᠠᠯᠠᠩ ᠳᠤ ᠪᠠᠨ ᠢᠰᠢᠭᠡᠯᠡᠳᠡᠭ᠃ ᠵᠠᠷᠢᠮ ᠪᠠᠶᠢᠳᠠᠯ ᠳᠤ ᠰᠢᠳᠥᠯᠡᠩ ᠳᠤ ᠪᠠᠨ ᠢᠰᠢᠭᠡᠯᠡᠭᠦ ᠴᠣ᠋ ᠪᠤᠢ᠃ ᠢᠮᠠᠭ᠎ᠠ ᠶᠢ ᠨᠠᠰᠥ ᠰᠢᠳᠥ ᠪᠤᠯᠤᠨ ᠭᠥᠢᠰᠥ ᠴᠢᠨᠠᠷ ᠢᠶᠠᠷ ᠨᠢ ᠢᠯᠭᠠᠨ ᠨᠠᠷᠠᠯᠡᠭᠦ ᠳᠤ ᠪᠠᠨ ᠡᠷ᠎ᠠ ᠢᠰᠢᠭᠡ᠂ ᠥᠭᠢᠨ ᠢᠰᠢᠭᠡ᠂ ᠡᠷ᠎ᠠ ᠰᠢᠳᠥᠯᠠᠩ᠂ ᠥᠭᠢᠨ ᠰᠢᠳᠥᠯᠡᠩ᠂ ᠭᠢᠵᠠᠯᠠᠩ ᠡᠷ᠎ᠠ ᠢᠮᠠᠭ᠎ᠠ᠂ ᠭᠢᠵᠠᠯᠠᠩ ᠡᠮ᠎ᠠ ᠢᠮᠠᠭ᠎ᠠ ᠭᠡᠭᠦ ᠮᠠᠳᠤ ᠪᠠᠷ ᠨᠠᠰᠤ ᠰᠢᠳᠥ ᠪᠠ ᠭᠥᠢᠰᠤ ᠴᠢᠨᠠᠷ ᠤᠨ ᠨᠠᠷᠠᠶᠢᠳᠥᠯ ᠢ ᠰᠤᠯᠪᠢᠴᠠᠭᠤᠯᠤᠨ ᠲᠤᠳᠤᠳᠬᠠᠳᠠᠭ᠃  
 
ᠢᠷᠡᠯᠲᠡ᠄ ᠲᠤᠰ ᠰᠦᠯᠵᠢᠶ᠎ᠠ
ᠨᠠᠶᠢᠷᠠᠭᠤᠯᠤᠭᠴᠢ᠄ ᠭᠤᠸᠠᠨ ᠴᠠᠩ ᠰᠢ
ᠣᠷᠴᠢᠭᠤᠯᠤᠭᠴᠢ᠄
   
ᠬᠤᠯᠪᠣᠭᠳᠠᠯ ᠪᠦᠬᠦᠢ ᠠᠭᠤᠯᠭ᠎ᠠ ᠶᠢᠨ ᠭᠠᠷᠴᠠᠭ
 
2014-2016 © ᠬᠠᠷᠢᠯᠴᠠᠬᠤ ᠤᠲᠠᠰᠤ᠄ 0471-6280741 ᠢᠮᠧᠯ᠄ nmgbute@163.com
ᠵᠤᠬᠢᠶᠠᠭᠴᠢ ᠶᠢᠨ ᠡᠷᠬᠡ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠬᠤᠷᠢᠭᠯᠠᠨ᠎ᠠ᠃
︽ᠬᠡᠷᠡᠭᠯᠡᠭᠡᠨ ᠤ ᠮᠡᠷᠭᠡᠵᠢᠯ ᠤᠨ ᠮᠤᠩᠭᠤᠯ ᠰᠦᠯᠵᠢᠶᠡᠨ ᠤ ᠬᠥᠯᠭᠡ︾ ᠦᠮᠴᠢᠯᠡᠯ ᠲᠠᠢ︕