ᠬᠤᠨᠢ ᠶᠢ ᠭᠥᠢᠰᠥ ᠴᠢᠨᠠᠷ ᠢᠶᠠᠷ ᠨᠢ ᠢᠯᠭᠠᠨ ᠨᠠᠷᠠᠯᠡᠭᠦ
ᠵᠣᠬᠢᠶᠠᠭᠴᠢ᠄ 
       ᠬᠤᠨᠢ ᠶᠢ ᠭᠥᠢᠰᠥ ᠴᠢᠨᠠᠷ ᠢᠶᠠᠷ ᠨᠢ ᠬᠤᠴᠠ᠂ ᠡᠷ᠎ᠠ ᠬᠤᠨᠢ᠂ ᠡᠮ᠎ᠠ ᠬᠤᠨᠢ ᠭᠡᠵᠥ ᠢᠯᠭᠠᠳᠠᠭ᠃ ᠬᠤᠶᠠᠷ ᠨᠠᠰᠤᠨ ‍ᠠᠴᠠ ᠲᠡᠭᠡᠭᠰᠢᠭᠢ ᠥᠷ᠎ᠠ ᠶᠢᠨ ᠬᠤᠨᠢ ᠶᠢ ᠶᠠᠷᠥᠩᠭᠡᠶᠢᠯᠠᠨ ᠬᠤᠴᠠ ᠭᠡᠭᠦ᠂ ᠬᠤᠶᠠᠷ ᠨᠠᠰᠥᠨ ‍ᠠᠴᠠ ᠲᠡᠭᠡᠭᠰᠢᠭᠢ ᠴᠠᠭᠠᠯᠠᠭᠰᠠᠨ ᠡᠷ᠎ᠠ ᠭᠥᠢᠰᠥᠳᠥ ᠬᠤᠨᠢ ᠶᠢ ᠡᠷ᠎ᠠ ᠬᠤᠨᠢ ᠭᠡᠵᠥ ᠨᠠᠷᠠᠯᠡᠭᠡᠳ᠂ ᠬᠤᠶᠠᠷ ᠨᠠᠰᠥᠳᠠᠢ ᠶᠢ ᠨᠢ ᠡᠷ᠎ᠠ ᠰᠢᠳᠥᠯᠡᠩ ᠪᠤᠶᠥ ᠡᠷ᠎ᠠ ᠲᠥᠯᠥᠭᠡ᠂ ᠭᠤᠷᠪᠠᠨ ᠨᠠᠰᠥᠳᠠᠢ ᠶᠢ ᠨᠢ ᠭᠢᠵᠠᠯᠠᠩ ᠡᠷ᠎ᠠ ᠬᠤᠨᠢ᠂ ᠲᠥᠷᠪᠡᠨ ᠨᠠᠰᠥᠳᠠᠢ ᠶᠢ ᠨᠢ ᠰᠤᠶᠤᠯᠡᠩ ᠡᠷ᠎ᠠ ᠬᠤᠨᠢ᠂ ᠨᠠᠰᠥ ᠭᠥᠢᠴᠡᠭᠰᠡᠨ ᠢ ᠨᠢ ᠢᠷᠭᠡ ᠭᠡᠳᠡᠭ᠃ ᠬᠤᠶᠠᠷ ᠨᠠᠰᠥᠨ ‍ᠠᠴᠠ ᠲᠡᠭᠡᠭᠰᠢᠭᠢ ᠥᠷᠠᠵᠢᠯ ᠤᠨ ᠬᠤᠨᠢ ᠶᠢ ᠡᠮ᠎ᠠ ᠬᠤᠨᠢ ᠭᠡᠵᠥ ᠨᠠᠷᠠᠯᠡᠭᠡᠳ᠂ ᠬᠤᠶᠠᠷ ᠨᠠᠰᠤᠳᠠᠢ ᠶᠢ ᠨᠢ ᠥᠭᠢᠨ ᠰᠢᠳᠥᠯᠡᠩ ᠪᠤᠶᠥ ᠥᠭᠢᠨ ᠲᠥᠯᠥᠭᠡ᠂ ᠭᠤᠷᠪᠠᠨ ᠨᠠᠰᠥᠳᠠᠢ  ᠶᠢ ᠨᠢ ᠭᠢᠵᠠᠯᠠᠩ ᠡᠮ᠎ᠠ ᠬᠤᠨᠢ ᠪᠤᠶᠤ ᠵᠤᠰᠠᠭ᠂ ᠲᠥᠷᠪᠡᠨ ᠨᠠᠰᠥᠳᠠᠢ ᠶᠢ ᠨᠢ ᠰᠤᠶᠤᠯᠠᠩ ᠡᠮ᠎ᠠ ᠬᠤᠨᠢ ᠭᠡᠵᠥ᠂ ᠲᠠᠪᠤᠨ ᠨᠠᠰᠥ ᠭᠥᠷᠪᠠᠯ ᠪᠥᠳᠥᠭᠦᠨ ᠡᠮ᠎ᠠ ᠬᠤᠨᠢ ᠭᠡᠵᠥ ᠶᠠᠷᠥᠩᠭᠡᠶᠢᠯᠠᠨ ᠨᠠᠷᠠᠯᠠᠨ᠎ᠠ᠃         ᠬᠤᠨᠢ ᠶᠠᠷᠥᠩᠭᠡᠢ ᠪᠠᠶᠢᠳᠠᠯ ᠳᠤ ᠰᠢᠳᠥᠯᠡᠩ ᠳᠤ ᠪᠠᠨ ᠭᠡᠭᠡᠯ ᠲᠤᠭᠳᠠᠵᠤ᠂ ᠭᠢᠵᠠᠯᠠᠩ ᠳᠤ ᠪᠠᠨ ᠬᠤᠷᠠᠭᠠᠯᠠᠨ᠎ᠠ᠃ ᠬᠠᠶ᠋ᠨ ᠵᠠᠷᠢᠮ ᠨᠢ ᠰᠢᠳᠥᠯᠡᠩ ᠳᠤ ᠪᠠᠨ ᠬᠤᠷᠠᠭᠠᠯᠠᠬᠤ ᠴᠤ ᠪᠤᠢ᠃ ᠬᠤᠨᠢ ᠶᠢ ᠨᠠᠰᠥ ᠰᠢᠳᠥ ᠪᠤᠯᠤᠨ ᠭᠥᠢᠰᠥ ᠴᠢᠨᠠᠷ ᠢᠶᠠᠷ  ᠨᠢ ᠢᠯᠭᠠᠨ ᠨᠠᠷᠠᠯᠡᠭᠦ ᠳᠤ ᠡᠷ᠎ᠠ ᠬᠤᠷᠠᠭ᠎ᠠ᠂ ᠥᠭᠢᠨ ᠬᠤᠷᠠᠭ᠎ᠠ᠂ ᠡᠷ᠎ᠠ ᠲᠥᠯᠥᠭᠡ᠂ ᠥᠭᠢᠨ ᠲᠥᠯᠥᠭᠡ᠂ ᠭᠢᠵᠠᠯᠠᠩ ᠡᠷ᠎ᠠ ᠬᠤᠨᠢ᠂ ᠭᠢᠵᠠᠯᠡᠩ ᠡᠮ᠎ᠠ ᠬᠤᠨᠢ ᠭᠡᠭᠦ ᠮᠠᠳᠥᠴᠢᠯᠠᠨ ᠨᠠᠰᠥ ᠰᠢᠳᠥ ᠪᠤᠯᠤᠨ ᠭᠥᠢᠰᠥ ᠴᠢᠨᠠᠷ ᠤᠨ ᠨᠠᠷᠠᠶᠢᠳᠥᠯ ᠢᠶᠠᠷ ᠲᠤᠳᠤᠳᠬᠠᠳᠠᠭ᠃
 
ᠢᠷᠡᠯᠲᠡ᠄ ᠲᠤᠰ ᠰᠦᠯᠵᠢᠶ᠎ᠠ
ᠨᠠᠶᠢᠷᠠᠭᠤᠯᠤᠭᠴᠢ᠄ ᠭᠤᠸᠠᠨ ᠴᠠᠩ ᠰᠢ
ᠣᠷᠴᠢᠭᠤᠯᠤᠭᠴᠢ᠄
   
ᠬᠤᠯᠪᠣᠭᠳᠠᠯ ᠪᠦᠬᠦᠢ ᠠᠭᠤᠯᠭ᠎ᠠ ᠶᠢᠨ ᠭᠠᠷᠴᠠᠭ
 
2014-2016 © ᠬᠠᠷᠢᠯᠴᠠᠬᠤ ᠤᠲᠠᠰᠤ᠄ 0471-6280741 ᠢᠮᠧᠯ᠄ nmgbute@163.com
ᠵᠤᠬᠢᠶᠠᠭᠴᠢ ᠶᠢᠨ ᠡᠷᠬᠡ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠬᠤᠷᠢᠭᠯᠠᠨ᠎ᠠ᠃
︽ᠬᠡᠷᠡᠭᠯᠡᠭᠡᠨ ᠤ ᠮᠡᠷᠭᠡᠵᠢᠯ ᠤᠨ ᠮᠤᠩᠭᠤᠯ ᠰᠦᠯᠵᠢᠶᠡᠨ ᠤ ᠬᠥᠯᠭᠡ︾ ᠦᠮᠴᠢᠯᠡᠯ ᠲᠠᠢ︕