ᠳᠡᠮᠡᠭᠡ ᠶᠢ ᠢᠮ ᠲᠠᠮᠠᠭ᠎ᠠ ᠪᠠᠷ ᠨᠢ ᠢᠯᠭᠠᠨ ᠨᠡᠷᠡᠯᠡᠬᠦ
ᠵᠣᠬᠢᠶᠠᠭᠴᠢ᠄ 
       ᠲᠡᠮᠡᠭᠡ ᠲᠠᠮᠠᠭᠠᠯᠠᠬᠤ ᠳᠤ ᠭᠤᠤᠯᠳᠠᠭᠤ ᠵᠥᠪ ᠲᠠᠯ᠎ᠠ ᠶᠢᠨ ᠬᠠᠴᠠᠷ᠂ ᠲᠠᠰᠢᠶ᠎ᠠ᠂ ᠭᠤᠶ᠎ᠠ ᠲᠡᠭᠡᠷ᠎ᠠ ᠲᠠᠷᠤᠳᠠᠭ᠃ ᠵᠠᠷᠢᠮ ᠭᠠᠵᠠᠷ ᠪᠤᠷᠤᠭᠤ ᠲᠠᠯ᠎ᠠ ᠳᠤ ᠨᠢ ᠲᠠᠷᠤᠬᠤ ᠴᠤ ᠪᠤᠢ᠃ ᠲᠠᠮᠡᠭᠡᠨ ᠤ ᠲᠠᠮᠠᠭ᠎ᠠ ᠤᠯᠠᠨ ᠵᠥᠢᠯ ᠪᠠᠶᠢᠳᠠᠭ᠃ ᠵᠥᠪᠭᠡᠨ ︽ ᠠᠯᠠᠱᠠ ᠲᠠᠮᠡᠭᠡᠨ ᠰᠤᠶᠤᠯ︾ ᠭᠡᠭᠦ ᠨᠤᠮ ᠳᠤ ᠲᠠᠮᠳᠡᠭᠯᠡᠭᠰᠡᠨ ᠠᠴᠠ ᠥᠵᠡᠭᠦ ᠳᠤ᠂ ᠵᠠᠭᠤ ᠭᠠᠷᠤᠢ ᠵᠥᠢᠯ ᠤᠨ ᠲᠠᠮᠠᠭ᠎ᠠ ᠪᠠᠶᠢᠵᠥ᠂ ᠶᠠᠷᠥᠩᠭᠡᠢ ᠳᠤ ᠪᠠᠨ ᠲᠠᠩ ᠲᠥᠷᠰᠥᠳᠤ ᠲᠠᠮᠠᠭ᠎ᠠ ᠪᠠ ᠬᠤᠶᠠᠷ ᠪᠤᠶᠤ ᠬᠤᠶᠠᠷ ᠠᠴᠠ ᠲᠡᠭᠡᠭᠰᠢ ᠨᠠᠶᠢᠯᠡᠮᠠᠯ ᠲᠥᠷᠰᠥᠳᠤ ᠲᠠᠮᠠᠭ᠎ᠠ ᠤᠯᠠᠮᠵᠢᠯᠠᠭᠳᠠᠵᠤ ᠢᠷᠡᠭᠰᠡᠨ ᠪᠠᠶᠢᠳᠠᠯ ᠲᠠᠢ᠃ ᠡᠭᠦᠨ ᠳᠤ᠂ ᠰᠤᠷ᠂ ᠭᠠᠯ᠂ ᠨᠠᠷᠠ᠂ ᠰᠠᠷᠠ᠂ ᠠᠯᠤᠬ᠎ᠠ᠂ ᠴᠢᠨᠳᠠᠮᠤᠨᠢ᠂ ᠴᠢᠭᠳᠠ᠂ ᠰᠠᠷᠡᠭᠡ᠂ ᠲᠥᠰᠢ᠂ ᠤᠡᠭᠭᠢ᠂ ᠪᠤᠶᠢᠯᠠ᠂ ᠵᠤᠤᠵᠠᠢ᠂ ᠵᠢᠭᠠᠰᠤ ᠭᠡᠭᠦ ᠮᠠᠳᠤ ᠪᠠᠶᠢᠭᠠᠯᠢ  ᠶᠢᠨ ᠥᠵᠡᠭᠳᠠᠯ᠂ ᠲᠥᠷᠰᠤ ᠵᠢᠷᠤᠭ᠂ ᠡᠳ᠋ᠯᠡᠯ ᠭᠡᠷᠡᠭᠰᠡᠯ᠂ ᠠᠮᠢᠳᠠᠨ ᠪᠤᠳᠠᠰ ᠤᠨ ᠤᠯᠠᠨ ᠵᠥᠢᠯ ᠤᠨ ᠪᠠᠶᠢᠳᠠᠯ ᠢᠶᠠᠷ ᠢᠶᠠᠨ ᠤᠨᠴᠠᠯᠠᠭᠳᠠᠨ᠎ᠠ᠃ ᠲᠠᠮᠠᠭᠠᠯᠠᠭᠰᠠᠨ ᠲᠡᠮᠡᠭᠡ ᠶᠢ ᠲᠠᠮᠡᠭᠠᠨ ᠤ ᠨᠠᠷ᠎ᠠ ᠪᠠᠷ ᠨᠢ ᠨᠠᠷᠠᠯᠡᠭᠦ ᠶᠢᠨ ᠬᠠᠮᠳᠤ᠂ ᠲᠠᠮᠠᠭᠠᠨ ᠤ ᠨᠠᠷ᠎ᠠ ᠶᠢ ᠪᠤᠰᠤᠳ ᠨᠠᠷᠠᠶᠢᠳᠤᠯ ᠲᠠᠢ ᠬᠠᠪᠰᠤᠷᠭᠠᠨ ᠲᠤᠳᠤᠳᠬᠠᠵᠤ ᠨᠠᠷᠡᠯᠡᠭᠦ ᠵᠠᠩᠰᠢᠯ ᠲᠠᠢ᠃ ᠲᠤᠬᠠᠢᠢᠯᠠᠪᠠᠯ᠂ ᠰᠠᠷᠠᠨ ᠲᠠᠮᠠᠭᠠᠳᠤ᠂ ᠴᠢᠨᠳᠠᠮᠤᠨᠢ ᠲᠠᠮᠠᠭᠠᠳᠤ᠂ ᠴᠢᠭᠳᠠ ᠲᠠᠮᠠᠭᠠᠳᠤ ᠭᠡᠭᠦ ᠪᠤᠶᠤ ᠨᠠᠷᠠᠨ ᠲᠠᠮᠠᠭ᠎ᠠ ᠲᠠᠢ ᠪᠤᠤᠷ᠎ᠠ᠂ ᠰᠠᠷᠡᠭᠡ ᠲᠠᠮᠠᠭ᠎ᠠ ᠲᠠᠢ ᠤᠯᠠᠭᠠᠨ ᠲᠥᠨ᠎ᠠ᠂ ᠤᠡᠭᠭᠢ ᠲᠠᠮᠠᠭ᠎ᠠ ᠲᠠᠢ ᠴᠠᠭᠠᠨ ᠢᠡᠭᠭᠡ ᠭᠡᠭᠦ ᠮᠠᠳᠤ᠃         ᠲᠡᠮᠡᠭᠡ ᠶᠢ ᠲᠠᠮᠠᠭᠠᠯᠠᠬᠤ ᠠᠴᠠ ᠭᠠᠳᠠᠨ᠎ᠠ᠂ ᠪᠠᠰᠠ ᠵᠥᠪ ᠪᠤᠷᠤᠭᠤ ᠠᠯᠢ ᠨᠢᠭᠡ ᠴᠢᠭᠢ ᠶᠢ ᠨᠢ ᠢᠮᠨᠡᠳᠡᠭ᠃ ᠲᠠᠮᠡᠭᠡᠨ ᠤ ᠢᠮ ᠪᠤᠰᠤᠳ ᠮᠠᠯ ᠤᠨ ᠢᠮ ᠲᠠᠢ ᠠᠳᠠᠯᠢ ᠪᠠᠷ ᠲᠠᠩ ᠢᠮ ᠪᠠ ᠲᠠᠪᠬᠤᠷ ᠢᠮ ᠭᠡᠵᠥ ᠢᠯᠭᠠᠳᠠᠭ᠃ ᠲᠡᠮᠡᠭᠡᠨ ᠤ ᠢᠮ ᠳᠤ ᠭᠡᠷᠴᠢᠮ᠂ ᠲᠤᠭᠤᠯ᠂ ᠤᠨᠢ᠂ ᠰᠠᠮ ᠭᠡᠭᠦ ᠲᠠᠩ ᠢᠮ ᠪᠠ ᠤᠨᠢ ᠲᠠᠢ ᠴᠤᠭᠤᠯᠪᠤᠷᠢ᠂ ᠮᠠᠯᠳᠠᠮᠠᠯ ᠲᠠᠢ ᠰᠠᠮ᠂ ᠲᠤᠭᠤᠯ ᠲᠠᠢ ᠡᠷᠠᠭᠡᠢ ᠭᠡᠭᠦ ᠮᠠᠳᠤ ᠲᠠᠪᠬᠤᠷ ᠢᠮ ᠪᠠᠶᠢᠵᠥ᠂ ᠢᠢᠮᠥᠷᠭᠦᠥ ᠠᠳᠠᠯᠢ ᠪᠤᠰᠤ ᠢᠮ ᠢᠶᠠᠷ ᠢᠮᠨᠡᠭᠰᠡᠨ ᠲᠠᠮᠡᠭᠡ ᠪᠠᠨ ᠢᠯᠭᠠᠨ ᠨᠠᠷᠠᠯᠡᠳᠡᠭ᠃ ᠲᠡᠮᠡᠭᠡᠨ ᠳᠤ ᠪᠠᠰᠠ ᠭᠥᠵᠥᠭᠦᠪᠴᠢ᠂ ᠡᠭᠡᠮᠥᠭ᠂ ᠰᠥᠢᠭᠡ ᠵᠡᠭᠦᠯᠭᠡᠭᠦ ᠪᠤᠶᠤ ᠲᠠᠭᠯᠢ ᠪᠤᠶᠤ ᠪᠤᠶᠢᠯᠠ  ᠳᠤ ᠡᠷᠢᠶ᠎ᠠ ᠭᠢᠭᠦ᠂ ᠵᠢᠷᠥᠭᠠᠰᠤ ᠵᠢᠷᠤᠬᠤ᠂ ᠲᠠᠮᠠᠭ᠎ᠠ ᠲᠠᠷᠤᠬᠤ ᠵᠠᠩᠰᠢᠯ ᠲᠠᠢ ᠪᠠᠶᠢᠳᠠᠭ ᠪᠤᠯᠬᠤᠷ᠂ ᠲᠠᠳᠡᠭᠡᠷ ᠤᠨᠴᠠᠭᠠᠢ ᠲᠠᠮᠳᠡᠭ ᠢᠶᠠᠷ ᠨᠢ ᠢᠯᠭᠠᠨ ᠨᠠᠷᠡᠯᠡᠭᠦ ᠴᠤ ᠪᠤᠢ᠃
 
ᠢᠷᠡᠯᠲᠡ᠄ ᠲᠤᠰ ᠰᠦᠯᠵᠢᠶ᠎ᠠ
ᠨᠠᠶᠢᠷᠠᠭᠤᠯᠤᠭᠴᠢ᠄ ᠭᠤᠸᠠᠨ ᠴᠠᠩ ᠰᠢ
ᠣᠷᠴᠢᠭᠤᠯᠤᠭᠴᠢ᠄
   
ᠬᠤᠯᠪᠣᠭᠳᠠᠯ ᠪᠦᠬᠦᠢ ᠠᠭᠤᠯᠭ᠎ᠠ ᠶᠢᠨ ᠭᠠᠷᠴᠠᠭ
 
2014-2016 © ᠬᠠᠷᠢᠯᠴᠠᠬᠤ ᠤᠲᠠᠰᠤ᠄ 0471-6280741 ᠢᠮᠧᠯ᠄ nmgbute@163.com
ᠵᠤᠬᠢᠶᠠᠭᠴᠢ ᠶᠢᠨ ᠡᠷᠬᠡ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠬᠤᠷᠢᠭᠯᠠᠨ᠎ᠠ᠃
︽ᠬᠡᠷᠡᠭᠯᠡᠭᠡᠨ ᠤ ᠮᠡᠷᠭᠡᠵᠢᠯ ᠤᠨ ᠮᠤᠩᠭᠤᠯ ᠰᠦᠯᠵᠢᠶᠡᠨ ᠤ ᠬᠥᠯᠭᠡ︾ ᠦᠮᠴᠢᠯᠡᠯ ᠲᠠᠢ︕