ᠰᠢᠨᠵᠢᠯᠡᠬᠦ ᠤᠬᠠᠭᠠᠨᠳᠠᠳ ᠤᠨ ᠦᠵᠡᠬᠦ ᠪᠠᠷ ᠬᠠᠮᠤᠭ ᠬᠠᠩᠭᠠᠮᠵᠢᠳᠠᠢ ᠤᠮᠳᠠᠭᠠᠨ ᠪᠤᠯ ᠬᠦᠷᠦᠭᠡᠭᠰᠡᠨ ᠪᠤᠴᠠᠯᠤᠭᠰᠠᠠ ᠤᠰᠤ ᠪᠢᠯᠠ᠃ | ᠪᠤᠴᠠᠯᠤᠭᠰᠠᠠ ᠤᠰᠤ ᠶᠢ ᠠᠶᠠᠨᠳᠠᠭᠠᠨ ᠬᠦᠷᠤᠬᠡᠭᠰᠡᠡ ᠤ ᠲᠠᠷᠠᠭ᠎ᠠ ᠠᠮᠢᠳᠤ ᠪᠤᠳᠠᠰ ᠤᠨ ᠢᠳᠡᠪᠬᠢᠵᠢᠯ ᠨᠢ ᠪᠠᠶᠢᠭᠠᠯᠢ ᠶᠢᠨ ᠤᠰᠤᠨ ᠤ ᠬᠢ ᠠᠴᠠ ᠲᠦᠷᠪᠡ | ᠲᠠᠪᠤᠨ ᠲᠠᠬᠢᠨ ᠪᠠᠶᠢᠵᠤ᠂ ᠬᠦᠮᠤᠨ ᠤ ᠪᠠᠶ᠎ᠠ ᠶᠢᠨ ᠡᠰ ᠲᠠᠬᠢ ᠤᠰᠤ ᠲᠠᠢ ᠳᠤᠩ ᠠᠳᠠᠯᠢᠪᠳᠤᠷ ᠳᠤᠯᠠ ᠡᠰ ᠤᠨ ᠨᠢᠮᠬᠡᠨ ᠬᠠᠯᠢᠰᠤ ᠪᠠᠷ ᠲᠠᠮᠵᠢᠨ | ᠬᠦᠮᠤᠨ ᠤ ᠪᠠᠶ᠎ᠠ ᠳᠤ ᠬᠢᠯᠪᠠᠷᠬᠠᠨ ᠰᠢᠩᠬᠡᠳᠡᠭ᠃ | ᠳᠤᠰᠬᠠᠢ ᠮᠡᠷᠬᠡᠵᠢᠯᠳᠠᠳ ᠤᠨ ᠰᠠᠨᠠᠭᠤᠯᠭ᠎ᠠ ᠪᠠᠷ᠂ ᠨᠠᠰᠤᠨ ᠳᠤ ᠬᠦᠷᠦᠭᠰᠡᠳ ᠬᠠᠮᠤᠭ ᠰᠠᠶᠢᠨ ᠨᠢ ᠡᠳᠤᠷ ᠪᠦᠷᠢ ᠴᠦᠬᠡᠨ ᠳᠡᠭᠡᠨ 6 ᠤᠳᠠᠭ᠎ᠠ | ᠤᠰᠤ ᠤᠤᠭᠤᠨ᠎ᠠ᠂ ᠬᠡᠤᠬᠡᠳ ᠪᠠᠭᠠᠴᠤᠳ ᠡᠳᠤᠷ ᠪᠦᠷᠢ 1000 ᠮᠢᠯᠢᠯᠢᠲᠷ ᠬᠢᠷᠢᠳᠠᠢ ᠤᠰᠤ ᠤᠤᠭᠤᠬᠤ ᠶᠢ ᠪᠠᠳᠤᠯᠠᠬᠤ ᠬᠡᠷᠡᠭᠳᠡᠢ᠃ | ᠡᠳᠤᠷ ᠪᠦᠷᠢ ᠦᠷᠯᠦᠬᠡ ᠡᠷᠳᠡ ᠪᠤᠰᠤᠮᠠᠭᠴᠠ ᠶᠠᠮᠠᠷ ᠨᠠᠰᠤ ᠵᠢᠯ ᠲᠠᠢ ᠬᠦᠮᠤᠨ ᠴᠤ ᠬᠡᠳ ᠨᠢᠬᠡ ᠴᠤᠮᠤ ᠪᠦᠯᠢᠶᠠᠨ ᠪᠤᠶᠤ ᠬᠦᠢᠳᠡᠨ | ᠪᠤᠴᠠᠯᠤᠭᠰᠠᠠ ᠤᠰᠤ ᠤᠤᠭᠤᠪᠠᠯ ᠬᠠᠮᠤᠭ ᠰᠠᠶᠢᠨ᠃ ᠨᠢᠬᠡ ᠰᠦᠨᠢ ᠤᠨᠳᠠᠬᠤ ᠳᠤ ᠤᠰᠤ ᠳᠤᠳᠠᠭᠳᠠᠵᠤ᠂ ᠨᠦᠬᠦᠪᠤᠷᠢᠯᠡᠬᠦ ᠴᠢᠬᠤᠯᠠ ᠲᠠᠢ︔ ᠦᠯᠤᠨ | ᠬᠤᠭᠤᠰᠤᠨ ᠦᠶᠠᠰ ᠲᠤ ᠤᠰᠤ ᠤᠤᠭᠤᠪᠠᠯ ᠡᠪᠡᠳᠴᠢᠨ ᠤ ᠪᠠᠺᠲ᠋ᠧᠷᠢ᠂ ᠦᠮᠠᠨ ᠡᠬᠦᠰᠬᠡᠬᠦ ᠡᠳ᠋᠂ ᠴᠢᠯᠠᠭᠤᠯᠢᠬ ᠡᠳ᠋ ᠢ ᠭᠠᠳᠠᠭᠰᠢ ᠭᠠᠷᠭᠠᠵᠤ᠂ | ᠪᠦᠬᠡᠷ᠎ᠠ ᠪᠤᠯᠤᠨ ᠲᠠᠪᠤᠰᠠᠩ ᠤᠨ ᠨᠦᠯᠦᠬᠡᠯᠡᠭᠳᠡᠬᠦ ᠬᠡᠮᠵᠢᠶ᠎ᠠ ᠶᠢ ᠪᠠᠭᠠᠰᠬᠠᠨ᠎ᠠ︔ ᠤᠨᠳᠠᠵᠤ ᠪᠠᠶᠢᠭ᠎ᠠ ᠦᠶᠠᠰ ᠲᠤ ᠴᠢᠰᠤᠨ ᠤ ᠡᠷᠬᠢᠯᠳᠠ ᠪᠠᠭᠠᠰᠴᠤ᠂ | ᠤᠷᠤᠰᠬᠤ ᠬᠤᠷᠳᠤᠴᠠ ᠨᠢ ᠤᠳᠠᠭᠠᠰᠢᠷᠠᠵᠤ᠂ ᠴᠢᠰᠤᠨ ᠵᠠᠮ ᠴᠤ ᠨᠠᠷᠢᠰᠤᠨ᠎ᠠ᠃ ᠤᠰᠤ ᠤᠤᠭᠤᠭᠰᠠᠠ ᠤ ᠲᠠᠷᠠᠭ᠎ᠠ ᠴᠢᠰᠤᠨ ᠤ ᠦᠳᠬᠡᠨ ᠤ ᠬᠡᠮᠵᠢᠶ᠎ᠠ | ᠳᠤᠷᠤᠭᠰᠢᠯᠠᠵᠤ᠂ ᠴᠢᠰᠤᠨ ᠵᠠᠮ ᠲᠡᠯᠡᠵᠤ᠂ ᠵᠢᠷᠤᠬᠡ ᠪᠤᠯᠤᠨ ᠪᠦᠬᠦ ᠪᠠᠶ᠎ᠠ ᠶᠢᠨ ᠡᠯ᠎ᠠ ᠡᠷᠬᠡᠳᠡᠨ ᠳᠤ ᠠᠰᠢᠬᠳᠠᠢ ᠶᠤᠮ᠃ ᠪᠠᠰᠠ ᠠᠮᠠᠨ ᠬᠦᠨᠳᠠᠢ | ᠦᠮᠡᠬᠡᠶᠢᠷᠡᠬᠦ᠂ ᠪᠠᠭᠠᠰᠤ ᠬᠠᠳᠠᠬᠤ ᠶᠢ ᠰᠡᠷᠬᠡᠶᠢᠯᠡᠨ ᠵᠠᠰᠠᠨ᠎ᠠ᠃ | ᠦᠨᠳᠤᠷ ᠬᠠᠯᠠᠭᠤᠨ ᠤᠷᠴᠢᠨ ᠳᠤᠭᠤᠷᠢᠨ ᠳᠤ ᠠᠵᠢᠯᠯᠠᠬᠤ᠂ ᠬᠦᠳᠡᠯᠮᠤᠷᠢᠯᠡᠬᠦ ᠬᠡᠮᠵᠢᠶ᠎ᠠ ᠪᠤᠶᠤ ᠬᠦᠳᠡᠯᠬᠡᠬᠡᠨ ᠤ ᠬᠡᠮᠵᠢᠶ᠎ᠠ ᠶᠡᠬᠡᠳᠬᠦ᠂ ᠬᠦᠯᠤᠰᠤ | ᠶᠡᠭᠡ ᠭᠠᠷᠤᠭᠰᠠᠠ ᠤ ᠲᠠᠷᠠᠭ᠎ᠠ ᠪᠠᠭ᠎ᠠ ᠲᠠᠪᠤᠰᠤ ᠲᠠᠢ ᠪᠤᠴᠠᠯᠤᠭᠰᠠᠠ ᠤᠰᠤ ᠤᠤᠭᠤᠵᠤ᠂ ᠪᠠᠶ᠎ᠠ ᠳᠤ ᠬᠤᠷᠤᠭᠳᠠᠭᠰᠠᠠ ᠤᠰᠤ ᠪᠠ ᠲᠠᠪᠤᠰᠤ ᠶᠢ | ᠨᠦᠬᠦᠪᠤᠷᠢᠯᠡᠳᠡᠭ᠃ | ᠬᠠᠯᠠᠭᠤᠷᠠᠬᠤ ᠦᠶᠠᠰ ᠲᠤ ᠪᠤᠴᠠᠯᠤᠭᠰᠠᠠ ᠤᠰᠤ ᠠᠷᠪᠢᠨ ᠤᠤᠭᠤᠪᠠᠯ ᠡᠪᠡᠳᠴᠢᠨ ᠡᠰᠡᠷᠬᠦᠴᠡᠬᠦ ᠴᠢᠳᠠᠪᠤᠷᠢ ᠶᠢ ᠨᠡᠮᠡᠭᠳᠡᠬᠦᠯᠵᠤ᠂ ᠬᠦᠯᠤᠰᠤ ᠭᠠᠷᠬᠤ ᠪᠠ | ᠰᠢᠬᠡᠬᠦ ᠪᠠᠷ ᠳᠠᠮᠵᠢᠨ ᠬᠤᠤᠷᠠᠳᠤ ᠡᠳ᠋ ᠢ ᠭᠠᠳᠠᠭᠰᠢᠯᠠᠭᠤᠯᠬᠤ ᠳᠤ ᠳᠤᠰᠠᠳᠠᠢ᠃ ᠲᠠᠷᠠᠴᠢᠯᠠᠨ ᠪᠠᠶ᠎ᠠ ᠶᠢᠨ ᠬᠠᠯᠠᠭᠤᠨ ᠢ ᠪᠠᠭᠤᠷᠠᠭᠤᠯᠬᠤ ᠮᠦᠷᠳᠡᠬᠡᠨ ᠪᠠᠰᠠ | ᠴᠢᠰᠤᠨ ᠤ ᠰᠢᠩᠬᠡᠨ ᠳᠠᠬᠢ ᠬᠤᠤᠷᠠᠳᠤ ᠡᠳ᠋ ᠢ ᠠᠷᠢᠯᠭᠠᠨ᠎ᠠ᠃ | ᠢᠳᠡᠷᠴᠤᠳ ᠨᠠᠰᠤᠳᠠᠶᠢᠴᠤᠳ ᠤᠤᠭᠤᠬᠤ ᠳᠤᠷᠠᠰᠢᠯ ᠦᠬᠡᠢ ᠴᠤ ᠬᠡᠰᠡᠨ ᠵᠠᠯᠭᠠᠪᠠᠷ ᠤᠰᠤ ᠤᠤᠭᠤᠬᠤ ᠬᠡᠷᠡᠭᠳᠡᠢ᠃ ᠢᠳᠡᠷᠴᠤᠳ | ᠨᠠᠰᠤᠳᠠᠶᠢᠴᠤᠳ ᠤᠨ ᠪᠠᠶ᠎ᠡ ᠳᠠᠬᠢ ᠤᠰᠤᠨ ᠤ ᠬᠡᠮᠵᠢᠶ᠎ᠠ ᠨᠠᠰᠤ ᠵᠢᠯ ᠨᠡᠮᠡᠭᠳᠡᠬᠦ ᠶᠢ ᠲᠠᠭᠠᠯᠳᠤᠨ ᠪᠠᠭᠠᠰᠴᠤ᠂ ᠡᠰ ᠤᠰᠤ ᠳᠤᠳᠠᠭᠳᠠᠪᠠᠯ ᠠᠷᠠᠰᠤ | ᠬᠠᠭᠤᠷᠠᠶᠢᠰᠢᠵᠤ ᠠᠳᠤᠷᠢᠶ᠎ᠠ ᠨᠡᠮᠡᠭᠳᠡᠨ᠂ ᠤᠶᠠᠨ ᠬᠠᠷᠢᠮᠠᠬᠠᠢ ᠴᠢᠨᠠᠷ ᠳᠤᠷᠤᠭᠰᠢᠯᠠᠨ᠎ᠠ᠃ ᠤᠰᠤ ᠳᠤᠳᠠᠪᠠᠯ ᠪᠠᠶ᠎ᠠ ᠮᠠᠬᠠᠪᠤᠳ ᠤᠨ ᠠᠶᠠᠨᠳᠠᠭᠠᠨ ᠵᠠᠳᠠᠷᠠᠬᠤ | ᠪᠤᠳᠠᠰ᠂ ᠰᠢᠩᠬᠡᠬᠡᠯᠳᠠ ᠶᠢᠨ ᠰᠢᠩᠬᠡᠨ ᠴᠤ ᠪᠠᠭᠠᠰᠴᠤ᠂ ᠰᠢᠩᠬᠡᠬᠡᠯᠳᠠ ᠮᠠᠭᠤᠳᠠᠬᠤ᠂ ᠪᠠᠭᠠᠰᠤ ᠬᠠᠳᠠᠬᠤ ᠬᠡᠮ ᠴᠤ ᠬᠢᠯᠪᠠᠷᠬᠠᠨ ᠢᠯᠡᠷᠠᠨᠠ᠃ ᠡᠳᠤᠷ | ᠪᠦᠷᠢ ᠳᠤᠭᠳᠠᠭᠰᠠᠠ ᠴᠠᠭ ᠲᠤ ᠳᠤᠭᠳᠠᠭᠰᠠᠠ ᠬᠡᠮᠵᠢᠶᠠᠨ ᠤ ᠤᠰᠤ ᠤᠤᠭᠤᠬᠤ ᠨᠢ ᠢᠳᠡᠷᠴᠤᠳ ᠨᠠᠰᠤᠳᠠᠶᠢᠴᠤᠳ ᠤᠨ ᠡᠷᠡᠬᠦᠯ ᠮᠡᠨᠳᠤ ᠪᠠᠶᠢᠬᠤ ᠶᠢ | ᠪᠠᠳᠤᠯᠠᠬᠤ ᠶᠢᠨ ᠰᠠᠶᠢᠨ ᠠᠷᠭ᠎ᠠ ᠮᠦᠨ᠃ | ᠢᠳᠡᠷᠴᠤᠳ ᠨᠠᠰᠤᠳᠠᠶᠢᠴᠤᠳ ᠬᠡᠷᠪᠡ ᠰᠦᠨᠢ ᠳᠡᠭᠡᠨ ᠨᠦᠢᠷ ᠠᠴᠠ ᠪᠠᠨ ᠰᠡᠷᠢᠭᠰᠡᠠ ᠤ ᠲᠠᠷᠠᠭ᠎ᠠ ᠵᠢᠭᠠᠬᠠᠨ ᠬᠦᠷᠦᠭᠡᠭᠰᠡᠨ ᠪᠤᠴᠠᠯᠤᠭᠰᠠᠠ ᠤᠰᠤ | ᠤᠤᠭᠤᠪᠠᠯ ᠴᠢᠰᠤᠨ ᠤ ᠰᠢᠩᠬᠡᠨ ᠤ ᠨᠢᠯᠴᠠᠭᠠᠷ ᠤᠨ ᠬᠡᠮᠵᠢᠶ᠎ᠠ ᠪᠠᠭᠤᠷᠠᠵᠤ᠂ ᠴᠢᠰᠤᠨ ᠪᠦᠯᠦᠭ ᠪᠦᠷᠢᠯᠳᠤᠬᠦ ᠶᠢ ᠰᠡᠷᠬᠡᠶᠢᠯᠡᠨ᠎ᠠ᠃ | ᠡᠮ ᠤᠤᠭᠤᠳᠠᠬ ᠬᠦᠮᠤᠨ ᠴᠤ ᠦᠷᠬᠦᠯᠵᠢ ᠤᠰᠤ ᠤᠤᠭᠤᠬᠤ ᠬᠡᠷᠡᠭᠳᠡᠢ᠃ ᠨᠢᠬᠡ ᠲᠠᠯ᠎ᠠ ᠪᠠᠷ ᠡᠮ ᠤᠨ ᠬᠦᠴᠤ ᠶᠢ ᠲᠠᠷᠬᠠᠭᠠᠬᠤ ᠳᠤ ᠠᠰᠢᠬᠳᠠᠢ᠂ | ᠨᠦᠬᠦᠬᠡ ᠲᠠᠯ᠎ᠠ ᠪᠠᠷ ᠪᠠᠰᠠ ᠡᠮ ᠠᠴᠠ ᠪᠤᠯᠵᠤ ᠬᠡᠮᠳᠦᠭᠰᠡᠡ ᠡᠯᠢᠬᠡ᠂ ᠪᠦᠬᠡᠷ᠎ᠠ ᠶᠢᠨ ︽ᠲᠠᠷᠤᠯᠳᠠ︾ ᠶᠢ ᠪᠠᠭᠠᠰᠬᠠᠨ᠎ᠠ᠃ ᠡᠮ ᠬᠡᠳᠦ᠋ᠢᠪᠡᠷ ᠡᠪᠡᠳᠴᠢᠨ | ᠬᠡᠮ ᠢ ᠵᠠᠰᠠᠳᠠᠭ ᠪᠤᠯᠪᠠᠴᠤ ᠪᠠᠰᠠ ᠡᠯᠢᠬᠡ ᠪᠦᠬᠡᠷ᠎ᠠ ᠮᠠᠳᠤ ᠶᠢᠨ ᠡᠷᠬᠡᠳᠠᠨ ᠢ ᠬᠤᠬᠢᠷᠠᠭᠤᠯᠳᠠᠭ᠃ ᠦᠷᠬᠦᠯᠵᠢ ᠤᠰᠤ ᠤᠤᠭᠤᠪᠠᠯ ᠡᠮ ᠤᠨ ᠬᠤᠤᠷ᠎ᠠ ᠶᠢ | ᠪᠠᠭᠤᠷᠠᠭᠤᠯᠵᠤ᠂ ᠪᠠᠶ᠎ᠠ ᠶᠢᠨ ᠡᠷᠬᠡᠳᠡᠨ ᠢ ᠬᠠᠮᠠᠭᠠᠯᠠᠨ᠎ᠠ᠃ | ᠲᠠᠬᠢᠪᠠᠯ᠂ ᠲᠦᠬᠦᠬᠡᠢ ᠤᠰᠤ ᠤᠤᠭᠤᠵᠤ ᠪᠤᠯᠬᠤ ᠦᠬᠡᠢ᠂ ᠢᠯᠠᠩᠭᠤᠶ᠎ᠠ ᠭᠤᠤ ᠰᠤᠪᠠᠭ᠂ ᠬᠤᠳᠳᠤᠭ᠂ ᠨᠠᠭᠤᠷ ᠴᠦᠬᠦᠷᠤᠮ᠂ ᠭᠤᠤᠯ | ᠮᠦᠷᠠᠨ ᠤ ᠲᠦᠬᠦᠬᠡᠢ ᠤᠰᠤ ᠶᠢ ᠤᠤᠭᠤᠵᠤ ᠪᠤᠯᠬᠤ ᠦᠬᠡᠢ᠃ ᠲᠦᠬᠦᠬᠡᠢ ᠤᠰᠤᠨ ᠳᠤ ᠶᠡᠭᠡ ᠬᠡᠮᠵᠢᠶᠠᠨ ᠤ ᠡᠪᠡᠳᠴᠢᠨ ᠤ ᠪᠠᠺᠲ᠋ᠧᠷᠢ ᠪᠠᠶᠢᠵᠤ | ᠮᠠᠳᠠᠨ᠎ᠠ᠂ ᠪᠤᠴᠠᠯᠭᠠᠵᠤ ᠪᠠᠺᠲ᠋ᠧᠷᠢ ᠶᠢ ᠤᠰᠠᠳᠬᠠᠭᠰᠠᠠ ᠦᠬᠡᠢ ᠪᠠᠷ ᠤᠤᠭᠤᠪᠠᠯ ᠬᠤᠳᠤᠭᠤᠳᠤ ᠬᠡᠳᠡᠰᠤᠨ ᠤ ᠦᠷᠪᠢᠰᠤᠯ᠂ ᠴᠢᠴᠠᠭ᠎ᠠ ᠠᠯᠳᠠᠬᠤ᠂ | ᠡᠯᠢᠬᠡᠨ ᠤ ᠦᠷᠪᠢᠰᠤᠯ᠂ ᠳᠤᠮᠤᠭᠤ ᠮᠠᠳᠤ ᠶᠢᠨ ᠡᠪᠡᠳᠴᠢᠨ ᠬᠡᠮ ᠳᠤ ᠨᠡᠷᠪᠡᠭᠳᠡᠵᠤ ᠮᠠᠳᠠᠨ᠎ᠠ᠃ ᠰᠠᠶᠢᠳᠤᠷ ᠠᠷᠢᠭᠤᠳᠬᠠᠭᠰᠠᠠ ᠲᠦᠬᠡᠬᠡᠯ ᠤᠰᠤᠨ ᠳᠤ | ᠴᠤ ᠡᠪᠡᠳᠴᠢᠨ ᠤ ᠪᠠᠺᠲ᠋ᠧᠷᠢ ᠠᠭᠤᠯᠤᠭᠳᠠᠵᠤ ᠮᠡᠳᠡᠨ᠎ᠠ᠃ ᠡᠶᠢᠮᠤ ᠠᠴᠠ ᠲᠦᠬᠦᠬᠡᠢ ᠲᠦᠬᠡᠬᠡᠯ ᠤᠰᠤ ᠶᠢ ᠤᠤᠭᠤᠵᠤ ᠪᠤᠯᠬᠤ ᠦᠬᠡᠢ᠃ | ᠬᠡᠳᠤ ᠪᠤᠴᠠᠯᠤᠭᠰᠠᠠ ᠤᠰᠤ ᠪᠤᠶᠤ ᠴᠠᠢ ᠶᠢ ᠤᠤᠭᠤᠵᠤ ᠪᠤᠯᠬᠤ ᠦᠬᠡᠢ᠃ ᠬᠡᠳᠤ ᠪᠤᠴᠠᠯᠤᠮ᠎ᠠ ᠤᠰᠤ ᠪᠤᠶᠤ ᠴᠠᠢ ᠶᠢ ᠤᠤᠭᠤᠪᠠᠯ ᠠᠮᠠᠨ | ᠬᠦᠨᠳᠡᠢ᠂ ᠬᠤᠭᠤᠯᠠᠢ᠂ ᠬᠤᠳᠤᠭᠤᠳᠤ ᠶᠢ ᠰᠢᠷᠬᠠᠳᠤᠭᠤᠯᠤᠨᠠ᠃ 20 — 30 ᠭᠷᠡᠳᠦ᠋ᠰ ᠤᠨ ᠬᠠᠯᠠᠭᠤᠨ ᠤᠰᠤ ᠪᠤᠶᠤ ᠴᠠᠢ ᠶᠢ ᠤᠤᠭᠤᠪᠠᠯ | ᠳᠤᠬᠢᠷᠠᠮᠵᠢᠳᠠᠢ᠃ | ᠬᠤᠭᠤᠯᠠᠨ ᠤ ᠡᠮᠤᠨ᠎ᠠ ᠬᠤᠶᠢᠨ᠎ᠠ ᠠᠷᠪᠢᠨ ᠤᠰᠤ ᠤᠤᠭᠤᠵᠤ ᠪᠤᠯᠬᠤ ᠦᠬᠡᠢ᠃ ᠬᠡᠳᠤ ᠠᠷᠪᠢᠨ ᠤᠰᠤ ᠤᠤᠭᠤᠪᠠᠯ ᠬᠤᠳᠤᠭᠤᠳᠤᠨ ᠤ | ᠰᠢᠩᠬᠡᠨ ᠢ ᠤᠬᠢᠶᠠᠨ ᠰᠢᠩᠬᠡᠷᠡᠬᠦᠯᠵᠤ᠂ ᠬᠡᠳᠠᠰᠤ ᠬᠤᠳᠤᠭᠤᠳᠤᠨ ᠤ ᠲᠠᠷᠤᠭᠠᠰᠤ ᠶᠢ ᠨᠡᠮᠡᠭᠳᠡᠬᠦᠯᠵᠤ᠂ ᠢᠳᠡᠰᠢᠨ ᠤ ᠳᠤᠷᠠᠰᠢᠯ ᠪᠤᠯᠤᠨ ᠰᠢᠩᠬᠡᠬᠡᠯᠳᠠ ᠶᠢᠨ | ᠴᠢᠳᠠᠪᠤᠷᠢ ᠶᠢ ᠨᠦᠯᠦᠬᠡᠯᠡᠨ᠎ᠠ᠃ ᠲᠠᠷᠠᠴᠢᠯᠠᠨ ᠦᠷᠬᠦᠯᠵᠢ ᠶᠢᠨ ᠴᠢᠨᠠᠷᠳᠠᠢ ᠪᠠᠷ ᠯᠤᠩᠬᠤᠨ ᠳᠤ ᠰᠠᠪᠠᠯᠠᠭᠰᠠᠠ ᠴᠤᠯ ᠴᠡᠪᠡᠷ ᠤᠰᠤ ᠪᠤᠶᠤ ᠷᠠᠰᠢᠶᠠᠨ | ᠤᠰᠤ ᠶᠢ ᠯᠠ ᠤᠤᠭᠤᠭᠠᠳ ᠪᠠᠶᠢᠵᠤ ᠪᠤᠯᠬᠤ ᠦᠬᠡᠢ᠃ |