ᠬᠠᠭᠤᠴᠢᠨ ᠰᠤᠨᠢᠨ ᠢᠶᠠᠷ ᠢᠳᠡᠬᠡᠨ ᠪᠠᠭᠯᠠᠬᠤ ᠶᠢ ᠵᠠᠷᠢᠮ ᠬᠦᠮᠤᠨ ᠬᠠᠶᠠᠭᠳᠠᠮᠠᠯ ᠪᠤᠳᠠᠰ ᠢ ᠠᠰᠢᠬᠯᠠᠵᠤ ᠪᠠᠶᠢᠨ᠎ᠠ ᠬᠡᠵᠤ ᠦᠵᠡᠳᠡᠭ᠂ ᠬᠡᠪᠡᠴᠤ | ᠰᠤᠨᠢᠨ ᠢᠶᠠᠷ ᠢᠳᠡᠬᠡᠨ ᠪᠠᠭᠯᠠᠬᠤ ᠨᠢ ᠬᠦᠮᠤᠨ ᠤ ᠪᠠᠶ᠎ᠠ ᠮᠠᠬᠠᠪᠤᠳ ᠲᠤ ᠬᠤᠤᠷ ᠲᠠᠢ ᠶᠤᠮ᠃ ᠰᠤᠨᠢᠨ ᠰᠡᠳᠬᠦᠯ᠂ ᠨᠤᠮ ᠪᠢᠴᠢᠭ ᠲᠡᠬᠡᠷ᠎ᠠ ᠲᠦᠬᠦᠷᠳᠡᠯ᠎ᠠ | ᠳᠤᠰᠤᠨ ᠪᠡᠭᠡ ᠪᠠᠷ ᠦᠰᠦᠭ ᠲᠠᠷᠤᠮᠠᠯᠯᠠᠭᠰᠠᠠ ᠳᠤᠯᠠ ᠡᠳᠡᠬᠡᠷ ᠳᠤᠰᠤᠨ ᠪᠡᠭᠡ ᠳᠤ ᠨᠢᠬᠡ ᠵᠦᠢᠯ ᠤᠨ ᠬᠤᠤᠷᠠᠳᠤ ᠴᠢᠨᠠᠷ ᠢᠶᠠᠷ ᠮᠠᠰᠢ ᠶᠡᠭᠡ ᠤᠯᠠᠨ | ᠾᠯᠤᠷᠳᠤ ᠬᠤᠯᠪᠤᠯᠳᠤᠮᠠᠯ ᠹᠧᠨᠢᠯ ᠬᠡᠳᠡᠭ ᠬᠢᠮᠢ ᠶᠢᠨ ᠪᠤᠳᠠᠰ ᠠᠭᠤᠯᠤᠭᠳᠠᠵᠤ ᠪᠠᠶᠢᠳᠠᠭ᠃ | ᠤᠯᠠᠨ ᠾᠯᠤᠷᠳᠤ ᠬᠤᠯᠪᠤᠯᠳᠤᠮᠠᠯ ᠹᠧᠨᠢᠯ ᠪᠤᠯ ᠤᠰᠤᠨ ᠳᠤ ᠵᠠᠳᠠᠷᠠᠬᠤ ᠦᠬᠡᠢ ᠮᠦᠷᠳᠡᠬᠡᠨ ᠢᠰᠤᠯᠳᠤᠬᠦ ᠦᠬᠡᠢ᠂ ᠬᠦᠮᠤᠨ ᠤ ᠪᠠᠶ᠎ᠠ ᠳᠤ | ᠤᠷᠤᠮᠠᠭᠴᠠ ᠦᠬᠡᠬᠦ᠂ ᠡᠯᠢᠬᠡ ᠪᠤᠯᠤᠨ ᠲᠠᠷᠢᠬᠢᠨ ᠤ ᠬᠡᠰᠡᠭ ᠲᠤ ᠰᠢᠩᠬᠡᠬᠡᠬᠦ ᠪᠦᠬᠡᠳ ᠬᠠᠳᠠᠭᠠᠯᠠᠭᠳᠠᠵᠤ᠂ ᠭᠠᠳᠠᠭᠰᠢᠯᠠᠬᠤ ᠳᠤ ᠮᠠᠰᠢ ᠪᠡᠷᠬᠡᠳᠠᠢ᠃ | ᠪᠠᠶ᠎ᠠ ᠳᠤ ᠤᠷᠤᠭᠰᠠᠠ ᠤᠯᠠᠨ ᠾᠯᠤᠷᠳᠤ ᠬᠤᠯᠪᠤᠯᠳᠤᠮᠠᠯ ᠹᠧᠨᠢᠯ ᠬᠦᠮᠤᠨ ᠤ ᠡᠰ ᠢ ᠬᠤᠪᠢᠷᠠᠭᠤᠯᠵᠤ᠂ ᠡᠰ ᠤᠨ ᠤᠳᠤᠮᠰᠢᠯ ᠤᠨ ᠭᠧᠨ ᠢ ᠡᠪᠳᠡᠵᠤ᠂ | ᠬᠤᠶᠢᠴᠢ ᠦᠶ᠎ᠠ ᠶᠢᠨ ᠬᠢᠨ ᠳᠤ ᠬᠦᠨᠤᠬᠡᠯ ᠪᠤᠯᠳᠠᠭ᠃ ᠪᠠᠰᠠ ᠡᠯᠢᠬᠡᠨ ᠳᠤ ᠦᠬᠡᠬᠦᠳᠤ ᠬᠤᠪᠢᠷᠠᠯᠳᠠ ᠭᠠᠷᠭᠠᠳᠠᠭ᠃ | ᠵᠠᠷᠢᠮ ᠮᠡᠳᠡᠬᠡᠯᠡᠯ ᠢ ᠦᠨᠳᠤᠰᠤᠯᠠᠪᠠᠯ᠂ ᠨᠢᠬᠡ ᠺᠢᠯᠦᠭᠷᠡᠮ ᠰᠤᠨᠢᠨ ᠳᠤ 0.1 — 1 ᠮᠢᠯᠢᠭᠷᠡᠮ ᠤᠯᠠᠨ ᠾᠯᠤᠷᠳᠤ ᠬᠤᠯᠪᠤᠯᠳᠤᠮᠠᠯ ᠹᠧᠨᠢᠯ | ᠠᠭᠤᠯᠤᠭᠳᠠᠵᠤ ᠪᠠᠶᠢᠳᠠᠭ ᠬᠡᠨ᠎ᠠ᠃ ᠬᠡᠳᠡᠯ᠎ᠠ ᠬᠦᠮᠤᠨ ᠤ ᠪᠠᠶ᠎ᠠ ᠳᠠᠬᠢ ᠤᠯᠠᠨ ᠾᠯᠤᠷᠳᠤ ᠬᠤᠯᠪᠤᠯᠳᠤᠮᠠᠯ ᠹᠧᠨᠢᠯ ᠤᠨ ᠬᠠᠳᠠᠭᠠᠯᠠᠮᠵᠢ ᠶᠢᠨ ᠬᠡᠮᠵᠢᠶ᠎ᠠ | 0.5 — 2 ᠭᠷᠡᠮ ᠳᠤ ᠬᠦᠷᠪᠡᠯ ᠬᠤᠤᠷᠠᠳᠠᠭᠳᠠᠨ᠎ᠠ᠃ ᠬᠦᠩᠬᠡᠨ ᠰᠢᠭ ᠬᠤᠤᠷᠠᠳᠤᠪᠠᠯ ᠠᠨᠢᠰᠬ᠎ᠠ ᠬᠠᠪᠤᠳᠴᠤ᠂ ᠭᠠᠷ ᠤᠨ ᠠᠯᠠᠭ᠎ᠠ ᠠᠴᠠ ᠬᠦᠯᠦᠰᠤ | ᠭᠠᠷᠤᠨ᠂ ᠪᠦᠬᠦ ᠪᠠᠶ᠎ᠠ ᠳᠤᠨᠢ ᠤᠯᠠᠭᠠᠨ ᠪᠢᠵᠢᠷᠠᠤ ᠭᠠᠷᠤᠨ᠎ᠠ︔ ᠬᠦᠨᠳᠤ ᠪᠤᠯ ᠪᠦᠬᠡᠯᠵᠢᠵᠤ᠂ ᠡᠯᠢᠬᠡᠨ ᠤ ᠴᠢᠳᠠᠪᠤᠷᠢ ᠬᠡᠪ ᠤᠨ ᠪᠤᠰᠤ ᠪᠤᠯᠵᠤ᠂ | ᠴᠢᠨᠠᠭᠰᠢᠯᠠᠭᠠᠳ ᠦᠬᠦᠬᠦ ᠬᠡᠮᠵᠢᠶᠠᠨ ᠳᠤ ᠬᠦᠷᠳᠡᠭ᠃ ᠬᠠᠭᠤᠴᠢᠨ ᠰᠤᠨᠢᠨ ᠰᠡᠳᠬᠦᠯ᠂ ᠨᠤᠮ ᠪᠢᠴᠢᠭ ᠲᠡᠬᠡᠷ᠎ᠠ ᠪᠠᠰᠠ ᠶᠡᠭᠡ ᠬᠡᠮᠵᠢᠶᠠᠨ ᠤ ᠡᠪᠡᠳᠴᠢᠨ ᠤ | ᠪᠠᠺᠲ᠋ᠧᠷᠢ᠂ ᠡᠪᠡᠳᠴᠢᠨ ᠤ ᠬᠤᠤᠷ᠎ᠠ ᠨᠠᠭᠠᠯᠳᠤᠵᠤ ᠪᠤᠢ᠂ ᠡᠶᠢᠮᠤ ᠠᠴᠠ ᠢᠳᠡᠬᠡᠨ ᠢ ᠪᠠᠭᠯᠠᠪᠠᠯ ᠢᠳᠡᠬᠡᠨ ᠢ ᠪᠤᠬᠢᠷᠳᠤᠭᠤᠯᠵᠤ᠂ ᠬᠦᠮᠤᠨ ᠤ ᠪᠠᠶ᠎ᠠ | ᠮᠠᠬᠠᠪᠤᠳ ᠤᠨ ᠡᠷᠡᠬᠦᠯ ᠮᠠᠨᠳᠤ ᠳᠤ ᠬᠦᠨᠤᠬᠡᠯ ᠲᠠᠢ᠃ | ᠬᠠᠭᠤᠴᠢᠨ ᠰᠤᠨᠢᠨ ᠰᠡᠤᠨᠬᠦᠯ᠂ ᠨᠤᠮ ᠪᠢᠴᠢᠭ ᠢᠶᠠᠷ ᠵᠤᠷᠯᠤᠩ ᠤᠨ ᠴᠠᠭᠠᠰᠤ ᠪᠤᠯᠭᠠᠵᠤ ᠪᠤᠯᠬᠤ ᠦᠬᠡᠢ᠃ ᠤᠴᠢᠷ ᠨᠢ ᠬᠤᠤᠷᠠᠳᠤ ᠪᠤᠳᠠᠰ | ᠬᠤᠰᠬᠢᠨᠠᠭ ᠢᠶᠠᠷ ᠲᠠᠮᠵᠢᠨ ᠪᠠᠶ᠎ᠠ ᠳᠤ ᠤᠷᠤᠵᠤ ᠡᠷᠡᠬᠦᠯ ᠴᠢᠬᠢᠷᠠᠭ ᠢ ᠨᠦᠯᠦᠬᠡᠯᠡᠨ᠎ᠠ᠃ |