ᠤᠯᠠᠮᠵᠢᠯᠠᠯᠳᠤ ᠪᠤᠷᠤ ᠢᠳᠡᠬᠡᠨ
ᠵᠣᠬᠢᠶᠠᠭᠴᠢ᠄ 
      ᠮᠤᠩᠭᠤᠯᠴᠤᠳ ᠭᠤᠯᠢᠷ ᠢᠶᠠᠷ ᠬᠢᠭᠰᠡᠡ ᠢᠳᠡᠬᠡᠨ ᠢ ᠪᠤᠷᠤ ᠢᠳᠡᠬᠡᠨ ᠬᠡᠳᠡᠭ᠃ ᠬᠢᠴᠠ ᠶᠢᠨ ᠬᠤᠪᠢ ᠳᠤ ᠦᠪᠡᠷᠮᠢᠴᠠ ᠤᠨᠴᠠᠯᠢᠭ ᠲᠠᠢ ᠪᠦᠬᠡᠳ ᠭᠠᠵᠡᠷ ᠤᠷᠤᠨ ᠤ ᠢᠯᠭᠠᠭ᠎ᠠ ᠲᠠᠢ ᠪᠠᠶᠢᠳᠠᠭ᠃ ᠪᠤᠷᠤ ᠢᠳᠡᠬᠡᠨ ᠢ ᠮᠤᠩᠭᠤᠯᠴᠤᠳ ᠶᠠᠷᠤ ᠨᠢ ᠤᠷᠤᠢ ᠳᠠᠭᠠᠨ ᠢᠳᠡᠳᠡᠭ᠃ ᠡᠳᠤᠷ ᠲᠡᠭᠡᠨ ᠬᠤᠶᠠᠷ ᠡᠷᠡᠨ ᠤ ᠴᠠᠢ ᠤᠤᠭᠤᠳᠠᠭ᠃ ᠴᠠᠢ ᠪᠤᠯ ᠮᠤᠩᠭᠤᠯᠴᠤᠳ ᠤᠨ ᠢᠳᠡᠬᠡᠨ ᠤᠮᠳᠠᠭᠠᠨ ᠤ ᠲᠡᠬᠡᠵᠢ ᠮᠦᠷᠳᠡᠬᠡᠨ ᠰᠠᠯᠵᠤ ᠪᠤᠯᠤᠰᠢ ᠦᠬᠡᠢ ᠢᠳᠡᠬᠡᠨ ᠤᠮᠳᠠᠭᠠᠨ ᠨᠢ ᠪᠤᠯᠤᠭᠰᠠᠭᠠᠷ ᠢᠷᠠᠵᠠᠢ᠃       ᠪᠤᠤᠵᠠ — ᠮᠤᠩᠭᠤᠯ ᠪᠤᠤᠵᠠ ᠶᠢ ᠮᠤᠩᠭᠤᠯᠴᠤᠳ ᠪᠤᠷᠤ ᠢᠳᠡᠬᠡᠨ ᠤ ᠬᠠᠮᠤᠭ ᠤᠨ ᠲᠡᠬᠡᠳᠤ ᠬᠤᠭᠤᠯᠠ ᠬᠡᠵᠤ ᠦᠵᠡᠳᠡᠭ᠃ ᠮᠢᠬ᠎ᠠ ᠶᠢ ᠮᠠᠰᠢ ᠵᠢᠵᠢᠭᠯᠡᠨ ᠬᠡᠷᠴᠢᠵᠤ ᠲᠠᠪᠤᠰᠤ ᠰᠤᠩᠬᠢᠨ᠎ᠠ ᠬᠢᠵᠤ ᠢᠳᠡᠭᠡ ︵ᠰᠢᠶᠠᠨᠽᠢ︶ ᠪᠤᠯᠭᠠᠵᠤ᠂ ᠭᠤᠯᠢᠷ ᠢᠶᠠᠨ ᠪᠦᠯᠢᠶᠠᠨ ᠤᠰᠤᠨ ᠳᠤ ᠵᠢᠭᠤᠷᠠᠵᠤ ᠨᠤᠬᠤᠭᠠᠳ ᠰᠠᠶᠢᠨ ᠨᠡᠶᠢᠴᠡᠬᠦᠯᠦᠭᠰᠡᠡ ᠤ ᠲᠠᠷᠠᠭ᠎ᠠ ᠳᠤᠳᠤᠷ᠎ᠠ ᠨᠢ ᠰᠢᠶᠠᠨᠽᠢ ᠪᠠᠨ ᠬᠢᠵᠤ ᠪᠤᠭᠤᠭᠠᠳ ᠵᠢᠩᠨᠡᠵᠤ ᠪᠤᠯᠭᠤᠭᠰᠠᠠ ᠢᠳᠡᠬᠡᠨ ᠢ ᠪᠤᠤᠵᠠ ᠬᠡᠳᠡᠭ᠃ ᠪᠤᠤᠵᠠ ᠶᠢᠨ ᠬᠡᠯᠪᠡᠷᠢ ᠪᠠᠷ ᠨᠢ ᠰᠠᠷᠠᠨ ᠪᠤᠤᠵᠠ᠂ ᠨᠠᠷᠠᠨ ᠪᠤᠤᠵᠠ ︵ᠳᠤᠭᠤᠷᠢᠭ ᠪᠤᠤᠵᠠ︶᠂ ᠬᠤᠯᠤᠭᠠᠨᠠᠠ ᠪᠤᠤᠵᠠ ᠬᠡᠬᠦ ᠮᠡᠳᠤ ᠪᠠᠷ ᠬᠤᠪᠢᠶᠠᠳᠠᠭ᠃ ᠪᠤᠤᠵᠠ ᠪᠤᠯ ᠦᠨᠡᠨ ᠳᠡᠭᠡᠨ ᠭᠤᠯᠢᠷ ᠢᠶᠠᠷ ᠮᠢᠬ᠎ᠠ ᠶᠢ ᠪᠤᠭᠤᠭᠰᠠᠠ ᠪᠢᠳᠡᠬᠦᠤ ᠢᠳᠡᠬᠡᠨ ᠶᠤᠮ᠃ ᠬᠦᠬᠡᠬᠡᠮᠡᠯ ᠪᠤᠤᠵᠠ ᠶᠢᠨ ᠭᠤᠯᠢᠷ ᠢ ᠰᠢᠷᠠᠰᠤ ᠪᠠᠷ ᠵᠢᠭᠤᠷᠠᠳᠠᠭ᠃       ᠪᠠᠩᠰᠢ — ᠮᠢᠬ᠎ᠠ ᠶᠢ ᠮᠦᠨ ᠵᠢᠵᠢᠭᠯᠡᠨ ᠬᠡᠷᠴᠢᠵᠤ ᠪᠤᠤᠵᠠ ᠶᠢ ᠪᠤᠳᠤᠪᠠᠯ ᠪᠠᠭ᠎ᠠ ᠰᠢᠭ᠋ ᠪᠠᠷᠢᠳᠠᠭ᠃ ᠵᠢᠩᠨᠡᠵᠤ ᠢᠳᠡᠬᠦ ᠦᠬᠡᠢ᠂ ᠤᠰᠤᠨ ᠳᠤ ᠴᠢᠨᠡᠵᠤ ᠢᠳᠡᠳᠡᠭ᠃ ᠮᠤᠩᠭᠤᠯᠴᠤᠳ ᠤᠨ ᠡᠷᠳᠡᠨ ᠤ ᠤᠯᠠᠮᠵᠢᠯᠠᠯᠳᠤ ᠢᠳᠡᠬᠡᠨ ᠪᠤᠯᠬᠤ ᠶᠤᠮ᠂ ᠪᠢᠳᠡᠬᠦᠨ ᠳᠤ ᠶᠠᠷᠤ ᠠᠴᠠ ᠪᠡᠩᠰᠢ ᠴᠢᠨᠠᠵᠤ ᠢᠳᠡᠳᠡᠭ ᠵᠠᠩᠰᠢᠯ ᠲᠠᠢ᠃ ᠰᠢᠷ᠎ᠠ ᠳᠤᠰᠤᠨ ᠤ ᠤᠷᠢᠶᠠᠮᠠᠭ — ᠡᠨᠡ ᠨᠢ ᠮᠤᠩᠭᠤᠯᠴᠤᠳ ᠤᠨ ᠯᠠ ᠬᠢᠵᠤ ᠴᠢᠳᠠᠳᠠᠭ ᠦᠪᠠᠷᠮᠢᠴᠡ ᠬᠤᠭᠤᠯᠠ ᠶᠤᠮ᠃ ᠰᠢᠷ᠎ᠠ ᠳᠤᠰᠤᠨ ᠤ ᠤᠷᠢᠶᠠᠮᠠᠭ ᠪᠤᠯ ᠭᠤᠯᠢᠷ ᠢᠶᠠᠨ ᠪᠦᠯᠢᠶᠠᠨ ᠤᠰᠤᠨ ᠳᠤ ᠵᠢᠭᠤᠷᠠᠵᠤ ᠨᠢᠮᠬᠡᠯᠡᠬᠡᠳ ᠳᠤᠳᠤᠷ᠎ᠠ ᠨᠢ ᠰᠢᠷ᠎ᠠ ᠳᠤᠰᠤ ᠬᠢᠵᠤ ᠤᠷᠢᠶᠠᠵᠤ ᠵᠢᠩᠨᠡᠵᠤ ᠪᠤᠯᠭᠤᠭᠠᠨ᠎ᠠ᠃ ᠪᠠᠰᠠ ᠦᠬᠡᠬᠦ ᠬᠠᠪᠴᠢᠭᠤᠯᠵᠤ ᠤᠷᠢᠶᠠᠬᠤ ᠴᠤ ᠪᠤᠢ᠃       ᠬᠤᠤᠱᠤᠤᠷ — ᠮᠦᠨ ᠪᠤᠤᠵᠠ ᠲᠠᠢ ᠠᠳᠠᠯᠢ ᠬᠢᠵᠤ᠂ ᠬᠡᠯᠪᠡᠷᠢ ᠨᠢ ᠤᠨᠳᠤᠤ᠂ ᠲᠦᠬᠦᠬᠡᠢ ᠪᠠᠷ ᠨᠢ ᠳᠤᠰᠤᠨ ᠳᠤ ᠪᠤᠴᠠᠯᠭᠠᠵᠤ ᠪᠤᠯᠭᠤᠭᠠᠬᠤ ᠶᠢ ᠬᠡᠯᠡᠵᠤ ᠪᠠᠶᠢᠨ᠎ᠠ᠃       ᠭᠤᠯᠢᠷ ᠬᠤᠭᠤᠯᠠ — ᠬᠤᠨᠢᠨ ᠮᠢᠬ᠎ᠠ ᠪᠠᠨ ᠬᠡᠷᠴᠢᠵᠤ ᠪᠤᠴᠠᠯᠭᠠᠵᠤ ᠱᠦᠯᠦ ᠭᠠᠷᠭᠠᠭᠰᠠᠠ ᠤ ᠲᠠᠷᠠᠭ᠎ᠠ ᠭᠤᠯᠢᠷ ᠢ ᠨᠠᠷᠢᠨ ᠤᠷᠳᠤ ᠬᠡᠷᠴᠢᠵᠤ ᠴᠢᠨᠠᠵᠤ ᠪᠤᠯᠭᠠᠳᠠᠭ ᠬᠤᠭᠤᠯᠠ ᠶᠢ ᠭᠤᠯᠢᠷ ᠬᠤᠭᠤᠯᠠ ᠬᠡᠨ᠎ᠠ᠃       ᠪᠠᠩᠰᠢ ᠲᠠᠢ ᠭᠤᠯᠢᠷ ᠬᠤᠭᠤᠯᠠ — ᠪᠡᠩᠰᠢ ᠲᠠᠢ ᠭᠤᠯᠢᠷ ᠬᠤᠭᠤᠯᠠ ᠨᠢ ᠪᠠᠩᠰᠢ ᠪᠤᠯᠤᠨ ᠭᠤᠯᠢᠷ ᠢ ᠬᠤᠯᠢᠵᠤ ᠴᠢᠨᠠᠭᠰᠠᠠ ᠬᠤᠭᠤᠯᠠ ᠶᠢ ᠬᠡᠯᠡᠨ᠎ᠠ᠃ ᠪᠠᠩᠰᠢ ᠲᠠᠢ ᠭᠤᠯᠢᠷ ᠬᠤᠭᠤᠯᠠ ᠶᠢ ᠱᠦᠯᠤ ᠲᠠᠢ ᠬᠤᠭᠤᠯᠠ ᠠᠮᠰᠠᠭᠤᠯᠬᠤ ᠦᠶ᠎ᠠ ᠳᠤ ᠬᠢᠳᠡᠭ ᠶᠤᠮ᠃       ᠱᠦᠯᠤ ᠲᠠᠢ ᠪᠤᠳᠠᠭ᠎ᠠ — ᠮᠢᠬ᠎ᠠ ᠴᠢᠨᠠᠭᠰᠠᠠ ᠱᠦᠯᠤ ᠪᠤᠶᠤ ᠬᠡᠷᠴᠢᠮ ᠮᠢᠬ᠎ᠠ ᠶᠢᠨ ᠱᠦᠯᠤᠨ ᠳᠤ ᠪᠤᠳᠠᠭ᠎ᠠ ᠴᠢᠨᠡᠵᠤ ᠢᠳᠡᠬᠦ ᠶᠢ ᠬᠡᠯᠡᠨ᠎ᠠ᠃ ᠡᠬᠦᠨ ᠳᠤ ᠬᠤᠨᠤᠭ ᠪᠤᠳᠠᠭ᠎ᠠ᠂ ᠴᠠᠭᠠᠨ ᠪᠤᠳᠠᠭ᠎ᠠ ᠪᠦᠷ ᠬᠡᠷᠡᠭᠯᠡᠵᠤ ᠪᠤᠯᠤᠨ᠎ᠠ᠃ ︽ᠰᠢᠩᠬᠡᠨ ᠪᠤᠳᠠᠭ᠎ᠠ ᠰᠢᠩᠬᠡᠬᠦᠷ ᠲᠠᠢ᠂ ᠰᠢᠩᠬᠡᠬᠡᠭᠰᠡᠡ ᠬᠤᠶᠢᠨ᠎ᠠ ᠪᠠᠨ ᠵᠤᠪᠠᠭᠤᠷᠢ ᠲᠠᠢ︾ ᠬᠡᠵᠤ ᠬᠡᠯᠡᠳᠡᠭ ᠵᠦᠢᠷ ᠰᠠᠴᠠᠨ ᠦᠬᠡ ᠪᠠᠶᠢᠳᠠᠭ᠃       ᠠᠮᠤᠰᠤ — ᠮᠤᠩᠭᠤᠯᠴᠤᠳ ᠭᠠᠯ ᠲᠠᠬᠢᠯᠭ᠎ᠠ ᠶᠢᠨ ᠪᠤᠳᠠᠭ᠎ᠠ ᠪᠠᠨ ᠠᠮᠤᠰᠤ ᠬᠡᠵᠤ ᠬᠡᠯᠡᠳᠡᠭ᠃ ᠡᠬᠦᠨ ᠢ ᠤᠯᠠᠭᠠᠨ ᠠᠮᠤᠰᠤ᠂ ᠴᠠᠭᠠᠨ ᠠᠮᠤᠰᠤ ᠬᠡᠵᠤ ᠬᠤᠪᠢᠶᠠᠵᠤ ᠪᠤᠯᠬᠤ ᠶᠤᠮ᠃ ᠤᠯᠠᠭᠠᠨ ᠠᠮᠤᠰᠤᠨ ᠳᠤᠨᠢ ᠭᠠᠯ ᠲᠠᠬᠢᠬᠰᠠᠠ ᠤ ᠲᠠᠷᠠᠭ᠎ᠠ ᠢᠳᠡᠳᠡᠭ ᠮᠢᠬᠠᠨ ᠤ ᠱᠦᠯᠤᠨ ᠳᠤ ᠪᠤᠳᠠᠭ᠎ᠠ᠂ ᠦᠵᠤᠮ᠂ ᠴᠢᠪᠠᠭ᠎ᠠ ᠵᠡᠷᠬᠡ ᠶᠢ ᠬᠢᠳᠡᠭ᠃ ᠴᠠᠭᠠᠨ ᠠᠮᠤᠰᠤᠨ ᠳᠤᠨᠢ ᠮᠢᠬ᠎ᠠ ᠦᠬᠡᠢ᠂ ᠰᠢᠷ᠎ᠠ ᠳᠤᠰᠤ᠂ ᠵᠦᠬᠡᠬᠡᠢ᠂ ᠦᠵᠤᠮ᠂ ᠴᠢᠪᠠᠭ᠎ᠠ᠂ ᠪᠤᠷᠠᠮ ᠵᠡᠷᠬᠡ ᠶᠢᠨ ᠵᠦᠢᠯᠠᠰ ᠢ ᠬᠢᠳᠡᠭ᠃       ᠬᠠᠭᠤᠷᠠᠢ ᠪᠤᠳᠠᠭ᠎ᠠ — ᠬᠠᠭᠤᠷᠠᠢ ᠪᠤᠳᠠᠭ᠎ᠠ ᠪᠤᠯ ᠮᠤᠩᠭᠤᠯ ᠬᠦᠮᠤᠨ ᠤ ᠴᠠᠢ ᠳᠠᠭᠠᠨ ᠬᠢᠵᠤ ᠤᠤᠭᠤᠳᠠᠭ ᠰᠠᠶᠢᠬᠠᠨ ᠢᠳᠡᠬᠡᠨ ᠶᠤᠮ᠃ ᠡᠬᠦᠨ ᠢ ᠪᠠᠰᠠ ᠮᠤᠩᠭᠤᠯ ᠠᠮᠤ ᠬᠡᠳᠡᠭ᠃ ᠮᠤᠩᠭᠤᠯ ᠭᠠᠵᠡᠷ ᠲᠠᠷᠢᠵᠤ ᠮᠤᠩᠭᠤᠯ ᠬᠦᠮᠤᠨ ᠢᠳᠡᠳᠡᠭ ᠢᠶᠠᠷ ᠴᠢᠩᠬᠢᠵᠤ ᠨᠡᠷᠡᠯᠡᠭᠰᠡᠡ ᠪᠠᠶᠢᠬ᠎ᠠ᠃ ᠬᠠᠭᠤᠷᠠᠢ ᠪᠤᠳᠠᠭ᠎ᠠ ᠶᠢ ᠵᠦᠬᠡᠬᠡᠢ ᠲᠠᠢ ᠵᠢᠭᠤᠷᠠᠵᠤ ᠢᠳᠡᠪᠡᠯ ᠶᠡᠭᠡ ᠦᠯ ᠲᠠᠢ᠃       ᠬᠤᠨᠤᠭ ᠪᠤᠳᠠᠭ᠎ᠠ — ᠬᠤᠨᠤᠭ ᠪᠤᠳᠠᠭ᠎ᠠ ᠪᠤᠯ ᠲᠠᠷᠤᠢ ᠨᠠᠷᠢᠮᠤ ᠶᠢᠨ ᠪᠤᠳᠠᠭ᠎ᠠ ᠪᠤᠯᠤᠨ᠎ᠠ᠃ ᠵᠠᠷᠢᠮ ᠭᠠᠵᠡᠷ ᠪᠠᠰᠠ ᠰᠢᠷ᠎ᠠ ᠪᠤᠳᠠᠭ᠎ᠠ ᠬᠡᠵᠤ ᠬᠡᠯᠡᠳᠡᠭ᠃ ᠡᠬᠦᠨ ᠢᠶᠠᠷ ᠭᠤᠤᠯᠳᠠᠭᠤ ᠰᠢᠩᠬᠡᠨ ᠪᠤᠳᠠᠭ᠎ᠠ ᠴᠢᠨᠠᠬᠤ᠂ ᠠᠭᠰᠠᠭᠠᠵᠤ ᠢᠳᠡᠳᠡᠭ ᠪᠤᠶᠤ ᠴᠠᠢ ᠳᠠᠭᠠᠨ ᠤᠷᠬᠢᠵᠤ ᠪᠤᠳᠠᠭ᠎ᠠ ᠲᠠᠢ ᠴᠠᠢ ᠤᠤᠭᠤᠳᠠᠭ᠃       ᠬᠠᠭᠠᠷᠢᠬᠰᠠᠠ ᠪᠤᠤᠪᠤ — ᠮᠤᠩᠭᠤᠯᠴᠤᠳ ᠡᠷᠳᠡ ᠠᠴᠠ ᠴᠠᠢ ᠶᠢᠨ ᠬᠦᠨᠠᠰᠤ ᠶᠢ ᠶᠡᠭᠡ ᠪᠠᠵᠠᠭᠠᠵᠤ ᠠᠪᠳᠠᠭ ᠶᠤᠮ᠃ ᠬᠠᠭᠠᠷᠢᠬᠰᠠᠠ ᠪᠤᠤᠪᠤ ᠬᠡᠳᠡᠭ ᠨᠢ ᠰᠢᠷ᠎ᠠ ᠰᠢᠬᠦᠰᠤ ᠪᠠᠷ ᠭᠤᠯᠢᠷ ᠢᠶᠠᠨ ᠵᠢᠭᠤᠷᠠᠵᠤ ᠳᠤᠳᠤᠷ᠎ᠠ ᠨᠢ ᠰᠢᠷ᠎ᠠ ᠳᠤᠰᠤ᠂ ᠵᠦᠬᠡᠬᠡᠢ ᠬᠤᠯᠢᠵᠤ ᠳᠤᠰᠤᠨ ᠳᠤ ᠬᠠᠭᠠᠷᠢᠵᠤ ᠬᠢᠳᠡᠭ ᠶᠤᠮ᠃ ᠡᠬᠦᠨ ᠢᠶᠠᠷ ᠬᠠᠭᠠᠷᠢᠬᠰᠠᠠ ᠪᠤᠤᠪᠤ ︵ᠬᠠᠭᠠᠷᠢᠭᠤᠯ︶ ᠬᠡᠳᠡᠭ᠃ ᠬᠠᠭᠠᠷᠢᠬᠰᠠᠠ ᠪᠤᠤᠪᠤ ᠶᠢ ᠳᠤᠭᠤᠷᠢᠭ᠂ ᠤᠷᠢᠶᠠᠮᠠᠭ᠂ ᠰᠦᠯᠵᠢᠮᠠᠯ ᠬᠡᠬᠦ ᠮᠡᠳᠤ ᠪᠠᠷ ᠬᠤᠪᠢᠶᠠᠵᠤ ᠪᠤᠯᠤᠨ᠎ᠠ᠃
 
ᠢᠷᠡᠯᠲᠡ᠄ ᠰᠣᠨᠢᠨ
ᠨᠠᠶᠢᠷᠠᠭᠤᠯᠤᠭᠴᠢ᠄ ᠭᠤᠸᠠᠨ ᠴᠠᠩ ᠰᠢ
ᠣᠷᠴᠢᠭᠤᠯᠤᠭᠴᠢ᠄
   
ᠬᠤᠯᠪᠣᠭᠳᠠᠯ ᠪᠦᠬᠦᠢ ᠠᠭᠤᠯᠭ᠎ᠠ ᠶᠢᠨ ᠭᠠᠷᠴᠠᠭ
 
2014-2016 © ᠬᠠᠷᠢᠯᠴᠠᠬᠤ ᠤᠲᠠᠰᠤ᠄ 0471-6280741 ᠢᠮᠧᠯ᠄ nmgbute@163.com
ᠵᠤᠬᠢᠶᠠᠭᠴᠢ ᠶᠢᠨ ᠡᠷᠬᠡ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠬᠤᠷᠢᠭᠯᠠᠨ᠎ᠠ᠃
︽ᠬᠡᠷᠡᠭᠯᠡᠭᠡᠨ ᠤ ᠮᠡᠷᠭᠡᠵᠢᠯ ᠤᠨ ᠮᠤᠩᠭᠤᠯ ᠰᠦᠯᠵᠢᠶᠡᠨ ᠤ ᠬᠥᠯᠭᠡ︾ ᠦᠮᠴᠢᠯᠡᠯ ᠲᠠᠢ︕