| | ᠡᠷᠡᠨᠳᠡ ᠶᠢ ᠦᠨᠢᠷ ᠬᠤᠷᠢᠶᠠᠯᠳᠠ ᠲᠠᠢ ᠲᠠᠷᠢᠬᠤ ᠮᠡᠷᠭᠡᠵᠢᠯ | | | | | | | 1. ᠡᠷᠡᠨᠳᠡ ᠶᠢ ᠶᠠᠮᠠᠷ ᠠᠷᠭ᠎ᠠ ᠪᠠᠷ ᠲᠠᠷᠢᠪᠠᠯ ᠴᠢᠨᠠᠷ ᠰᠠᠶᠢᠳᠠᠢ ᠦᠨᠢᠷ ᠬᠤᠷᠢᠶᠠᠯᠳᠠ ᠲᠠᠢ ᠦᠨᠳᠤᠷ ᠦᠷ᠎ᠡ ᠠᠰᠢᠭ ᠲᠠᠢ ᠪᠤᠯᠭᠠᠵᠤ ᠴᠢᠳᠠᠬᠤ | ᠪᠤᠢ︖ | ᠡᠩ ᠲᠡᠷᠢᠭᠦᠨ ᠳᠤ ᠴᠢᠨᠠᠷ ᠰᠠᠶᠢᠳᠠᠢ᠂ ᠤᠨᠠᠯᠳᠠ ᠰᠠᠶᠢᠳᠠᠢ ᠰᠤᠷᠲ ᠢ ᠰᠤᠩᠭᠤᠵᠤ᠂ ᠡᠷᠡᠨᠳᠡ ᠶᠢᠨ ᠦᠷ᠎ᠡ ᠮᠦᠭᠦᠯᠢᠭ ᠤᠨ ᠤᠨᠠᠯᠳᠠ ᠶᠢ | ᠪᠠᠳᠤᠯᠠᠬᠤ ᠶᠢᠨ ᠬᠠᠮᠳᠤ ᠪᠠᠰᠠ ᠲᠤᠰᠤᠨ ᠤ ᠠᠭᠤᠯᠤᠭᠳᠠᠴᠨ ᠶᠢᠨ ᠲᠡᠭᠡᠭᠰᠢᠯᠡᠭᠦᠯᠦᠯᠳᠡ ᠶᠢ ᠠᠩᠬᠠᠷᠬᠤ ᠭᠡᠷᠡᠭᠳᠡᠢ᠂ ᠢᠡᠭᠭᠢᠪᠡᠯ ᠰᠠᠶ᠋ᠢ ᠦᠨᠳᠤᠷ | ᠤᠨᠠᠯᠳᠠ ᠲᠠᠢ ᠦᠯᠡᠮᠵᠢ ᠦᠷ᠎ᠡ ᠠᠰᠢᠭ ᠲᠠᠢ ᠪᠤᠯᠭᠠᠵᠤ ᠴᠢᠳᠠᠨ᠎ᠠ᠃ | 2. ᠤᠳᠤᠬᠠᠨ ᠳᠤ ᠶᠠᠮᠠᠷ ᠰᠤᠷᠲ ᠤᠨ ᠡᠷᠡᠨᠳᠡ ᠨᠢ ᠨᠡᠯᠢᠶᠡᠳ ᠰᠠᠶᠢᠨ ᠪᠠᠶᠢᠭ᠎ᠠ ᠪᠤᠢ︖ | ︵1︶ ᠤᠳᠤᠬᠠᠨ ᠳᠤ ᠡᠷᠡᠨᠳᠡ ᠶᠢᠨ ᠦᠢᠯᠡᠳᠪᠤᠷᠢᠯᠡᠯ ᠳᠤ ᠬᠤᠶᠠᠷ ᠵᠤᠶᠢᠯ ᠤᠨ ᠰᠤᠷᠲ ᠢ ᠰᠤᠩᠭᠤᠪᠠᠯ ᠨᠡᠯᠢᠶᠡᠳ ᠠᠰᠢᠭ ᠲᠠᠢ᠂ ᠨᠢᠭᠡ | ᠨᠢ ᠲᠦᠡᠭᠯᠢᠶᠤᠤ ᠡᠷᠡᠨᠳᠡ ︵通蓖︶ 5 ᠨᠤᠮᠧᠷᠳᠤ᠂ ᠨᠦᠭᠦᠭᠡ ᠨᠢ ᠲᠦᠡᠭᠯᠢᠶᠤᠤ ᠡᠷᠡᠨᠳᠡ ︵通蓖︶ 6 ᠨᠤᠮᠧᠷᠳᠤ ᠪᠤᠯᠤᠨ᠎ᠠ᠃ ᠡᠨᠡ | ᠬᠤᠶᠠᠷ ᠰᠤᠷᠲ ᠨᠢ ᠵᠡᠭᠦᠨ ᠬᠤᠶᠢᠳᠤ ᠶᠢᠨ ᠭᠠᠵᠠᠷ ᠤᠷᠤᠨ ᠳᠤ ᠤᠷᠤᠶᠢᠯᠠᠵᠤ ᠪᠠᠶᠢᠨ᠎ᠠ᠃ | ︵2︶ ᠲᠦᠡᠭᠯᠢᠶᠤᠤ ᠡᠷᠡᠨᠳᠡ ︵通蓖︶ 5 ᠨᠤᠮᠧᠷᠳᠤ ᠶᠢ ᠪᠤᠯ ᠲᠦᠡᠭᠯᠢᠶᠤᠤ ᠬᠤᠳᠠ ᠶᠢᠨ ᠲᠠᠷᠢᠶᠠᠯᠠᠩ ᠤᠨ ᠰᠢᠨᠵᠢᠯᠡᠭᠦ ᠤᠬᠠᠭᠠᠨ | ᠤ ᠰᠤᠳᠤᠯᠤᠯ ᠤᠨ ᠭᠠᠵᠠᠷ ᠪᠤᠶᠢᠵᠢᠭᠤᠯᠵᠠᠢ᠃ ᠲᠤᠰ ᠡᠭᠦᠯᠳᠡᠷ ᠪᠤᠯ ᠨᠤᠭᠤᠭᠠᠨ ᠡᠰᠢ ᠲᠠᠢ ᠦᠷᠭᠡᠰᠤᠳᠤ ᠲᠦᠷᠦᠯ ᠤᠨ ᠡᠷᠡᠨᠳᠡ ᠪᠤᠯᠤᠨ᠎ᠠ᠃ | ᠴᠢᠭᠢᠯᠡᠭᠦ ᠠᠴᠠ ᠠᠪᠤᠭᠠᠳ ᠭᠤᠤᠯ ᠡᠰᠢᠨ ᠤ ᠲᠦᠷᠦᠭᠦᠤ ᠨᠢ ᠪᠤᠯᠪᠠᠰᠤᠷᠠᠳᠠᠯ᠎ᠠ 92 ~ 102 ᠬᠤᠨᠤᠭ ᠪᠤᠯᠤᠨ᠎ᠠ᠃ ᠲᠤᠮᠳᠠ ᠤᠷᠤᠢ | ᠪᠤᠯᠪᠠᠰᠤᠷᠠᠯᠳᠠ ᠶᠢᠨ ᠰᠤᠷᠲ ᠳᠤ ᠬᠠᠷᠢᠶᠠᠯᠬᠠᠳᠠᠨ᠎ᠠ᠃ ᠲᠤᠮᠤ ᠲᠦᠷᠦᠭᠦᠤ ᠲᠠᠢ᠂ ᠰᠠᠯᠠᠭ᠎ᠠ ᠪᠠᠭ᠎ᠠ ᠲᠠᠢ᠂ ᠰᠠᠭᠤᠷᠢ ᠨᠢ ᠠᠪᠤᠴᠠᠯᠳᠤᠩᠭᠤᠢ᠂ | ᠦᠨᠳᠤᠷ ᠢᠶᠠᠷ ᠢᠶᠠᠨ 212 ᠰᠠᠠᠲ᠋ᠢᠮᠧᠲᠷ᠂ ᠭᠤᠤᠯ ᠡᠰᠢ ᠶᠢᠨ ᠲᠦᠷᠦᠭᠦᠤ ᠶᠢᠨ ᠭᠡᠰᠡᠭ ᠨᠢ 78.5 ᠰᠠᠠᠲ᠋ᠢᠮᠧᠲᠷ᠂ ᠡᠰᠢ ᠶᠢᠨ ᠪᠦᠳᠦᠭᠦᠨ ᠨᠢ | 2.43 ᠰᠠᠠᠲ᠋ᠢᠮᠧᠲᠷ᠂ 2 ~ 3 ᠰᠠᠯᠠᠭ᠎ᠠ ᠲᠠᠢ᠂ 3 ~ 4 ᠪᠦᠳᠦᠮᠵᠢᠳᠡᠢ ᠲᠦᠷᠦᠭᠦᠤ ᠲᠠᠢ᠂ ᠭᠤᠤᠯ ᠡᠰᠢᠨ ᠤ ᠲᠦᠷᠦᠭᠦᠤ ᠶᠢᠨ ᠤᠷᠳᠤ ᠨᠢ | 80 ~ 110 ᠰᠠᠠᠲ᠋ᠢᠮᠧᠲᠷ᠂ ᠲᠦᠷᠦᠭᠦᠤ ᠪᠦᠷᠢ ᠶᠢᠨ ᠵᠢᠮᠢᠰ ᠤᠨ ᠲᠤᠭ᠎ᠠ ᠨᠢ 80 ~ 120 ᠮᠦᠭᠦᠯᠢᠭ᠂ ᠲᠠᠩ ᠰᠠᠭᠤᠷᠢ ᠨᠢ 550 | ᠮᠦᠭᠦᠯᠢᠭ ᠲᠠᠢ᠂ ᠲᠠᠩ ᠰᠠᠭᠤᠷᠢ ᠶᠢᠨ ᠮᠦᠭᠦᠯᠢᠭ ᠤᠨ ᠭᠦᠨᠳᠤ ᠨᠢ 150 ᠭᠷᠡᠮ᠂ ᠵᠠᠭᠤᠨ ᠮᠦᠭᠦᠯᠢᠭ ᠤᠨ ᠭᠦᠨᠳᠤ ᠨᠢ 28 ᠭᠷᠡᠮ᠂ ᠦᠷ᠎ᠡ ᠶᠢᠨ | ᠲᠤᠰᠤᠨ ᠤ ᠠᠭᠤᠯᠤᠭᠳᠠᠴᠨ ᠶᠢᠨ ᠨᠤᠷᠮ᠎ᠠ ᠨᠢ 48% ~ 50% ᠪᠠᠶᠢᠳᠠᠭ᠃ | ᠲᠦᠡᠭᠯᠢᠶᠤᠤ ᠡᠷᠡᠨᠳᠡ ︵通蓖︶ 6 ᠨᠤᠮᠧᠷᠳᠤ ᠶᠢ ᠪᠤᠯ ᠲᠦᠡᠭᠯᠢᠶᠤᠤ ᠬᠤᠳᠠ ᠶᠢᠨ ᠲᠠᠷᠢᠶᠠᠯᠠᠩ ᠤᠨ ᠰᠤᠳᠤᠯᠤᠯ ᠤᠨ ᠭᠠᠵᠠᠷ | ᠪᠤᠶᠢᠵᠢᠭᠤᠯᠵᠠᠢ᠃ ᠴᠢᠭᠢᠯᠡᠭᠦ ᠠᠴᠠ ᠪᠠᠨ ᠠᠪᠤᠭᠠᠳ ᠭᠤᠤᠯ ᠡᠰᠢ ᠶᠢᠨ ᠵᠢᠮᠢᠰ ᠤᠨ ᠲᠦᠷᠦᠭᠦᠤ ᠪᠤᠯᠪᠠᠰᠤᠷᠠᠳᠠᠯ᠎ᠠ 91 ᠬᠤᠨᠤᠭ ᠪᠤᠯᠵᠤ᠂ ᠲᠤᠮᠳᠠ | ᠤᠷᠤᠢ ᠪᠤᠯᠪᠠᠰᠤᠷᠠᠯᠳᠠ ᠶᠢᠨ ᠰᠤᠷᠲ ᠬᠠᠷᠢᠶᠠᠯᠬᠠᠳᠠᠨ᠎ᠠ᠃ ᠰᠠᠯᠠᠭ᠎ᠠ ᠪᠠᠭ᠎ᠠ ᠲᠠᠢ᠂ ᠰᠠᠭᠤᠷᠢ ᠨᠢ ᠠᠪᠤᠴᠠᠯᠳᠤᠩᠭᠤᠢ᠂ ᠦᠨᠳᠤᠷ ᠢᠶᠠᠷ ᠢᠶᠠᠨ 216. | 3 ᠰᠠᠠᠲ᠋ᠢᠮᠧᠲᠷ᠂ ᠭᠤᠤᠯ ᠡᠰᠢ ᠶᠢᠨ ᠲᠦᠷᠦᠭᠦᠤ ᠶᠢᠨ ᠭᠡᠰᠡᠭ ᠨᠢ 47.3 ᠰᠠᠠᠲ᠋ᠢᠮᠧᠲᠷ᠂ ᠡᠰᠢ ᠶᠢᠨ ᠪᠦᠳᠦᠭᠦᠨ ᠨᠢ 2.28 ᠰᠠᠠᠲ᠋ᠢᠮᠧᠲᠷ᠂ 3 | ~ 4 ᠰᠠᠯᠠᠭ᠎ᠠ ᠲᠠᠢ᠂ 6 ~ 7 ᠪᠦᠳᠦᠮᠵᠢᠳᠡᠢ ᠲᠦᠷᠦᠭᠦᠤ ᠲᠠᠢ᠂ ᠲᠠᠩ ᠰᠠᠭᠤᠷᠢ ᠶᠢᠨ ᠮᠦᠭᠦᠯᠢᠭ ᠨᠢ 479 ᠮᠦᠭᠦᠯᠢᠭ ᠲᠠᠢ᠂ ᠵᠠᠭᠤᠨ | ᠮᠦᠭᠦᠯᠢᠭ ᠤᠨ ᠭᠦᠨᠳᠤ ᠨᠢ 31.7 ᠭᠷᠡᠮ᠂ ᠲᠠᠩ ᠰᠠᠭᠤᠷᠢ ᠶᠢᠨ ᠮᠦᠭᠦᠯᠢᠭ ᠤᠨ ᠭᠦᠨᠳᠤ ᠨᠢ 152 ᠭᠷᠡᠮ᠂ ᠦᠷ᠎ᠡ ᠶᠢᠨ ᠲᠤᠰᠤᠨ ᠤ | ᠠᠭᠤᠯᠤᠭᠳᠠᠴᠨ ᠨᠢ 49.2% ᠪᠠᠶᠢᠵᠤ᠂ ᠬᠤᠨᠭ᠍ᠭᠤᠷᠴᠤᠠᠠᠯᠠᠬᠤ ᠪᠠᠷ ᠪᠠᠷᠤᠠᠠᠳᠠᠢ᠂ ᠭᠠᠨᠭ᠌ ᠬᠠᠭᠤᠷᠠᠢ ᠪᠠ ᠲᠠᠴᠢᠷ ᠨᠢᠮᠭᠡᠨ ᠭᠠᠵᠠᠷ ᠲᠠᠰᠪᠤᠷᠢᠳᠡᠢ | ᠪᠠᠶᠢᠳᠠᠭ᠃ | 3. ᠡᠷᠡᠨᠳᠡ ᠲᠠᠷᠢᠬᠤ ᠳᠤ ᠭᠦᠷᠦᠰᠤ ᠰᠢᠷᠤᠢ ᠶᠢᠨ ᠨᠦᠭᠦᠴᠡᠯ ᠤᠨ ᠲᠠᠯ᠎ᠠ ᠪᠠᠷ ᠶᠠᠮᠠᠷ ᠱᠠᠭᠠᠷᠳᠠᠯᠭ᠎ᠠ ᠲᠠᠢ ᠪᠠᠶᠢᠳᠠᠭ ᠪᠤᠢ︖ | ᠡᠷᠡᠨᠳᠡ ᠪᠤᠯ ᠲᠠᠴᠢᠷ ᠨᠢᠮᠭᠡᠨ᠂ ᠬᠤᠵᠢᠷᠯᠢᠭ ᠭᠠᠵᠠᠷ ᠲᠤ ᠲᠠᠰᠪᠤᠷᠢᠳᠡᠢ᠂ ᠲᠤᠭᠢᠷᠠᠯᠴᠠᠬᠤ ᠴᠢᠨᠠᠷ ᠢᠶᠠᠷ ᠴᠢᠩᠭ᠎ᠠ᠂ ᠨᠡᠯᠢᠶᠡᠳ ᠪᠦᠳᠦᠭᠦᠯᠢᠭ | ᠲᠠᠷᠢᠯᠳᠠ ᠶᠢᠨ ᠲᠠᠷᠢᠮᠡᠯ ᠪᠤᠯᠤᠨ᠎ᠠ᠃ ᠲᠠᠷᠠ ᠨᠢ ᠭᠦᠷᠦᠰᠤ ᠰᠢᠷᠤᠢ ᠶᠢᠨ ᠨᠦᠭᠦᠴᠡᠯ ᠤᠨ ᠲᠠᠯ᠎ᠠ ᠪᠠᠷ ᠲᠠᠶᠢᠮᠤ ᠴᠢᠩᠭ᠎ᠠ ᠱᠠᠭᠠᠷᠳᠠᠯᠭ᠎ᠠ ᠦᠭᠡᠢ᠂ | ᠤᠯᠠᠨ ᠲᠦᠷᠦᠯ ᠤᠨ ᠭᠦᠷᠦᠰᠤ ᠰᠢᠷᠤᠢ ᠳᠤ ᠴᠦᠮ ᠤᠷᠭᠤᠳᠠᠭ ᠪᠦᠭᠡᠳ ᠭᠦᠷᠦᠰᠤᠨ ᠤ ᠪᠦᠭᠦ ᠲᠠᠪᠤᠰᠤᠯᠢᠭ ᠭᠡᠮᠵᠢᠶ᠎ᠠ ᠨᠢ 0.3% ᠠᠴᠠ | ᠲᠤᠷᠤᠠᠠᠰᠢ ᠪᠠᠶᠢᠳᠠᠭ ᠯᠡ ᠶᠤᠮ ᠪᠤᠯ ᠴᠦᠮ ᠡᠷᠡᠨᠳᠡ ᠶᠢᠨ ᠴᠢᠭᠢᠯᠡᠯᠳᠡ᠂ ᠤᠷᠭᠤᠯᠳᠠ ᠶᠢ ᠨᠦᠯᠦᠭᠡᠯᠡᠳᠡᠭ ᠦᠭᠡᠢ᠂ ᠭᠡᠪᠡᠴᠤ ᠨᠠᠯᠢᠶᠠᠳ ᠰᠠᠶᠢᠨ | ᠬᠤᠷᠢᠶᠠᠯᠳᠠ ᠤᠯᠤᠶ᠎ᠠ ᠭᠡᠪᠡᠯ ᠭᠦᠷᠦᠰᠤᠨ ᠲᠠᠪᠬᠤᠷᠭ᠎ᠠ ᠨᠢ ᠵᠤᠵᠠᠭᠠᠨ᠂ ᠭᠡᠢ ᠨᠡᠪᠳᠡᠷᠡᠭᠦ ᠨᠢ ᠰᠠᠶᠢᠨ᠂ ᠤᠷᠭᠠᠨᠢᠭ ᠪᠤᠳᠠᠰ ᠤᠨ ᠠᠭᠤᠯᠤᠭᠳᠠᠴᠨ ᠪᠠᠷ | ᠡᠯᠪᠡᠭ᠂ ᠭᠦᠴᠢᠯ ᠬᠤᠵᠢᠷ ᠤᠨ ᠭᠡᠮᠵᠢᠶ᠎ᠠ ᠨᠢ ᠲᠤᠭᠢᠷᠠᠮᠵᠢᠳᠡᠢ ᠭᠠᠵᠠᠷ ᠢ ᠰᠤᠩᠭᠤᠨ ᠲᠠᠷᠢᠪᠠᠯ ᠵᠤᠭᠢᠨ᠎ᠠ᠃ | 4. ᠭᠦᠷᠦᠰᠤ ᠰᠢᠷᠤᠢ ᠶᠢ ᠬᠠᠭᠠᠯᠪᠤᠷᠢᠯᠠᠬᠤ ᠲᠠᠯ᠎ᠠ ᠪᠠᠷ ᠶᠠᠮᠠᠷ ᠱᠠᠭᠠᠷᠳᠠᠯᠭ᠎ᠠ ᠲᠠᠢ ᠪᠠᠶᠢᠳᠠᠭ ᠪᠤᠢ︖ | ᠭᠦᠨ ᠤᠷᠪᠠᠭᠤᠯᠤᠨ ᠲᠡᠭᠰᠢᠯᠡᠭᠦ ᠪᠤᠯ ᠵᠠᠩᠭᠢᠯᠠᠭ᠎ᠠ ᠪᠤᠯᠤᠨ᠎ᠠ᠃ ᠭᠦᠨ ᠤᠷᠪᠠᠭᠤᠯᠬᠤ ᠨᠢ ᠡᠷᠡᠨᠳᠡ ᠶᠢᠨ ᠦᠨᠳᠤᠰᠤᠨ ᠰᠢᠰᠲ᠋ᠧᠮ ᠤᠨ | ᠦᠰᠦᠯᠳᠡ ᠳᠤ ᠠᠰᠢᠠᠠᠳᠠᠢ᠂ ᠢᠯᠠᠩᠭᠤᠶ᠎ᠠ ᠨᠢᠠᠠᠳᠠ ᠲᠠᠷᠢᠠᠠᠰᠠᠨ ᠨᠦᠭᠦᠴᠡᠯ ᠲᠤᠤᠷ᠎ᠡ᠂ ᠭᠦᠨ ᠤᠷᠪᠠᠭᠤᠯᠬᠤ ᠨᠢ ᠡᠷᠡᠨᠳᠡ ᠶᠢᠨ ᠦᠨᠳᠤᠷ ᠤᠨᠠᠯᠳᠠ ᠶᠢ | ᠪᠠᠳᠤᠯᠠᠬᠤ ᠪᠦᠳᠦᠮᠵᠢᠳᠡᠢ ᠠᠷᠭ᠎ᠠ ᠭᠡᠮᠵᠢᠶ᠎ᠠ ᠪᠤᠯᠤᠨ᠎ᠠ᠃ ᠬᠤᠳᠤᠭᠤᠷ ᠬᠤᠵᠢᠷᠯᠢᠭ ᠭᠠᠵᠠᠷ ᠲᠤ ᠪᠤᠯ ᠤᠷᠪᠠᠭᠤᠯᠤᠯᠳᠠ ᠲᠠᠢ ᠪᠠᠨ ᠤᠶᠠᠯᠳᠤᠭᠤᠯᠤᠨ | ᠭᠦᠷᠦᠰᠤ ᠰᠢᠷᠤᠢ ᠶᠢ ᠰᠠᠶᠢᠵᠢᠷᠠᠭᠤᠯᠵᠤ᠂ ᠭᠤᠤᠯ ᠤᠨ ᠬᠤᠷᠠᠮᠠᠯ ᠰᠢᠷᠤᠢ᠂ ᠰᠠᠯᠭᠢᠨ ᠤ ᠬᠤᠷᠠᠮᠠᠯ ᠰᠢᠷᠤᠢ᠂ ᠡᠪᠡᠰᠤ ᠨᠡᠭᠦᠷᠡᠰᠤᠳᠤ ᠰᠢᠷᠤᠢ᠂ ᠰᠢᠭᠡᠭ | ᠪᠤᠷᠳᠤᠭᠤᠷ ᠵᠡᠷᠭᠡ ᠶᠢ ᠤᠷᠤᠭᠤᠯᠵᠤ᠂ ᠤᠷᠪᠠᠭᠤᠯᠤᠨ ᠨᠠᠷᠬᠠᠳᠠᠬᠤ ᠲᠠᠢ ᠤᠶᠠᠯᠳᠤᠭᠤᠯᠤᠨ ᠭᠦᠷᠦᠰᠤ ᠰᠢᠷᠤᠢ ᠲᠠᠢ ᠭᠦᠢᠴᠡᠳ ᠬᠤᠯᠢᠵᠤ᠂ ᠭᠦᠷᠦᠰᠤᠨ | ᠲᠠᠪᠬᠤᠷᠭ᠎ᠠ ᠶᠢᠨ ᠭᠢᠮᠢ ᠹᠢᠽᠢᠺ ᠤᠨ ᠴᠢᠨᠠᠷ ᠢ ᠰᠠᠶᠢᠵᠢᠷᠠᠭᠤᠯᠵᠤ᠂ ᠡᠷᠡᠨᠳᠡ ᠶᠢᠨ ᠡᠯᠪᠡᠭ ᠬᠤᠷᠢᠶᠠᠯᠳᠠ ᠤᠯᠬᠤ ᠳᠤ ᠠᠰᠢᠠᠠᠳᠠᠢ ᠪᠤᠯᠭᠠᠬᠤ ᠭᠡᠷᠡᠭᠳᠡᠢ | ᠃ | 5. ᠡᠷᠡᠨᠳᠡ ᠲᠠᠷᠢᠬᠤ ᠭᠠᠵᠠᠷ ᠲᠠᠯᠠᠪᠤᠷ ᠢ ᠶᠠᠮᠠᠷ ᠴᠠᠭ ᠲᠤ ᠲᠡᠭᠰᠢᠯᠡᠪᠡᠯ ᠵᠤᠭᠢᠰᠳᠡᠢ ᠪᠤᠢ︖ | ᠭᠠᠵᠠᠷ ᠲᠠᠯᠠᠪᠠᠢ ᠲᠡᠭᠰᠢᠯᠡᠭᠦ ᠴᠠᠭ ᠤᠨ ᠲᠠᠯ᠎ᠠ ᠪᠠᠷ ᠨᠠᠮᠤᠷ ᠤᠷᠪᠠᠭᠤᠯᠪᠠᠯ ᠬᠠᠮᠤᠭ ᠤᠨ ᠰᠠᠶᠢᠨ᠂ ᠲᠤᠬᠠᠶᠢᠯᠠᠪᠠᠯ ᠭᠠᠵᠠᠷ ᠲᠡᠭᠰᠢᠯᠡᠭᠦ᠂ | ᠨᠠᠷᠬᠠᠳᠠᠬᠤ᠂ ᠲᠠᠳᠠᠭᠠᠯ ᠭᠠᠷᠭᠠᠬᠤ ᠠᠵᠢᠯ ᠤᠳ ᠢ ᠨᠠᠮᠤᠷ ᠪᠦᠭᠦᠨ ᠢ ᠭᠢᠵᠤ ᠲᠠᠭᠤᠰᠬᠠᠨ᠎ᠠ᠃ ᠡᠯᠡᠰᠤ ᠰᠠᠯᠭᠢ ᠰᠦᠷᠡᠭᠡᠢ ᠶᠡᠭᠡ ᠭᠠᠵᠠᠷ ᠪᠤᠯ ᠤᠤᠯ | ᠭᠤᠤᠷᠰᠤ ᠶᠢ ᠨᠢ ᠦᠯᠡᠳᠡᠭᠡᠨ ᠡᠪᠤᠯᠵᠢᠭᠦᠯᠵᠤ᠂ ᠬᠠᠪᠤᠷ ᠭᠦᠶᠦᠭᠡᠨ ᠬᠠᠭᠠᠯᠪᠤᠷᠢᠯᠡᠨ ᠭᠤᠤᠷᠰᠤ ᠶᠢ ᠨᠢ ᠠᠷᠢᠯᠭᠠᠵᠤ᠂ ᠴᠢᠭᠢᠭ ᠤᠨ ᠪᠠᠶᠢᠳᠠᠯ ᠢ | ᠦᠵᠡᠨ ᠲᠠᠷᠢᠨ᠎ᠠ᠃ | 6. ᠲᠠᠷᠢᠬᠤ ᠠᠴᠠ ᠪᠠᠨ ᠡᠮᠦᠨ᠎ᠠ ᠶᠠᠮᠠᠷ ᠪᠡᠯᠡᠳᠭᠡᠯ ᠠᠵᠢᠯ ᠤᠳ ᠢ ᠭᠢᠭᠦ ᠪᠤᠢ︖ | ᠬᠠᠮᠤᠭ ᠤᠨ ᠴᠢᠬᠤᠯᠠ ᠨᠢ ᠦᠷ᠎ᠡ ᠪᠠᠨ ᠨᠠᠷᠢᠯᠢᠭ ᠰᠤᠩᠭᠤᠬᠤ ᠪᠠ ᠦᠷ᠎ᠡ ᠪᠠᠨ ᠰᠢᠢᠳᠪᠤᠷᠢᠯᠡᠭᠦ ᠠᠵᠢᠯ ᠢ ᠰᠠᠶᠢᠳᠤᠷ ᠭᠢᠭᠦ ᠭᠡᠷᠡᠭᠳᠡᠢ᠃ | 7. ᠦᠷ᠎ᠡ ᠶᠢ ᠭᠡᠷᠭᠢᠨ ᠨᠠᠷᠢᠯᠢᠭ ᠰᠤᠩᠭᠤᠬᠤ ᠪᠤᠢ︖ | ᠦᠷ᠎ᠡ ᠶᠢ ᠨᠠᠷᠢᠯᠢᠭ ᠰᠤᠩᠭᠤᠬᠤ ᠠᠷᠭ᠎ᠠ ᠭᠡᠪᠡᠯ ᠭᠤᠤᠯ ᠨᠢ ᠮᠦᠭᠦᠯᠢᠭ ᠰᠤᠩᠭᠤᠬᠤ᠂ ᠴᠡᠪᠡᠷ ᠤᠰᠤ ᠪᠠᠷ ᠰᠤᠩᠭᠤᠬᠤ᠂ ᠰᠢᠪᠠᠷ ᠲᠠᠢ ᠤᠰᠤ | ᠪᠠᠷ ᠰᠤᠩᠭᠤᠬᠤ ᠪᠤᠶᠤ ᠲᠠᠪᠤᠰᠤ ᠲᠠᠢ ᠤᠰᠤ ᠪᠠᠷ ᠰᠤᠩᠭᠤᠬᠤ ᠠᠷᠭ᠎ᠠ ᠪᠠᠷ ᠦᠷ᠎ᠡ ᠮᠦᠭᠦᠯᠢᠭ ᠨᠢ ᠴᠠᠳᠬᠤᠯᠠᠩ᠂ ᠰᠢᠨ᠎ᠠ ᠰᠤᠷᠭᠤᠭ᠂ ᠲᠤᠮᠤ ᠵᠢᠵᠢᠭ | ᠨᠢ ᠲᠡᠩᠴᠡᠭᠦᠨ᠂ ᠵᠢᠷᠤᠭᠠᠰᠤ ᠨᠢ ᠠᠳᠠᠯᠢ᠂ ᠭᠡᠷᠡᠯ ᠭᠢᠯᠪᠠᠭ᠎ᠠ ᠲᠠᠢ ᠦᠷ᠎ᠡ ᠶᠢ ᠰᠤᠩᠭᠤᠬᠤ ᠪᠠ ᠦᠷ᠎ᠡ ᠶᠢᠨ ᠰᠤᠶᠤᠭᠠᠯᠠᠯᠳᠠ ᠶᠢᠨ ᠨᠤᠷᠮ᠎ᠠ ᠶᠢ | ᠭᠡᠮᠵᠢᠨ ᠲᠤᠠᠠᠳᠠᠭᠠᠵᠤ᠂ ᠰᠤᠶᠤᠭᠠᠯᠠᠬᠤ ᠨᠤᠷᠮ᠎ᠠ ᠨᠢ ᠦᠨᠳᠤᠷ᠂ ᠴᠢᠭᠢ ᠨᠢ ᠵᠢᠭᠳᠡ᠂ ᠴᠢᠭᠢ ᠨᠢ ᠢᠳᠡᠷᠡᠭᠦᠨ ᠪᠠᠶᠢᠬᠤ ᠶᠢ ᠪᠠᠳᠤᠯᠠᠵᠤ᠂ ᠡᠭᠦᠨ ᠢᠶᠠᠷ | ᠲᠠᠮᠵᠢᠨ ᠤᠨᠠᠯᠳᠠ ᠶᠢ ᠨᠢ ᠲᠡᠭᠡᠭᠰᠢᠯᠡᠭᠦᠯᠭᠦ ᠭᠡᠷᠡᠭᠳᠡᠢ᠃ | 8. ᠰᠤᠩᠭᠤᠠᠠᠰᠠᠨ ᠦᠷ᠎ᠡ ᠪᠠᠨ ᠭᠡᠷᠭᠢᠨ ᠰᠢᠢᠳᠪᠤᠷᠢᠯᠡᠭᠦ ᠪᠤᠢ︖ | ᠲᠠᠷᠢᠬᠤ ᠠᠴᠠ ᠡᠮᠦᠨ᠎ᠠ ᠦᠷ᠎ᠡ ᠶᠢ ᠰᠢᠢᠳᠪᠤᠷᠢᠯᠡᠭᠦ ᠳᠤ ᠭᠤᠤᠯ ᠨᠢ ᠦᠷ᠎ᠡ ᠪᠠᠨ ᠬᠠᠳᠠᠭᠠᠬᠤ᠂ ᠦᠷ᠎ᠡ ᠪᠠᠨ ᠲᠡᠪᠳᠦᠭᠡᠵᠤ ᠰᠤᠶᠤᠭᠠᠯᠠᠭᠤᠯᠬᠤ | ᠪᠠ ᠦᠷ᠎ᠡ ᠪᠠᠨ ᠡᠮ ᠲᠠᠢ ᠪᠠᠭᠰᠠᠷᠠᠬᠤ ᠵᠡᠷᠭᠡ ᠪᠠᠭᠳᠠᠨ᠎ᠠ᠃ ︵1︶ ᠦᠷ᠎ᠡ ᠪᠠᠨ ᠬᠠᠳᠠᠭᠠᠬᠤ᠄ ᠲᠤᠩᠭᠠᠯᠠᠭ ᠡᠳᠤᠷ ᠢ ᠰᠤᠩᠭᠤᠨ ᠰᠤᠩᠭᠤᠠᠠᠰᠠᠨ | ᠦᠷ᠎ᠡ ᠪᠠᠨ ᠲᠡᠯᠭᠡᠵᠤ᠂ 2 ~ 3 ᠡᠳᠤᠷ ᠬᠠᠳᠠᠭᠠᠵᠤ᠂ ᠡᠳᠤᠷ ᠪᠦᠷᠢ 2 ~ 3 ᠤᠳᠠᠭ᠎ᠠ ᠡᠷᠭᠢᠭᠦᠯᠵᠤ ᠤᠷᠪᠠᠭᠤᠯᠤᠨ᠎ᠠ᠃ ︵2︶ ᠦᠷ᠎ᠡ ᠪᠠᠨ | ᠠᠷᠢᠭᠤᠳᠬᠠᠬᠤ᠄ ᠴᠤᠬᠤᠢ ᠶᠢᠨ ᠵᠠᠭᠤᠷᠠᠮᠠᠭ ᠲᠤ ᠦᠷ᠎ᠡ ᠪᠠᠨ ᠪᠠᠭᠰᠠᠷᠠᠨ ᠠᠷᠢᠭᠤᠳᠬᠠᠨ᠎ᠠ᠃ ᠪᠠᠰᠠ 40% ᠶᠢᠨ ᠹᠤᠷᠮᠠᠯᠢᠨ ᠡᠮ ᠳᠤ ᠨᠢᠭᠡᠨ ᠤ | ᠭᠤᠷᠪᠡᠨ ᠵᠠᠭᠤ ᠶᠢᠨ ᠬᠠᠷᠢᠴᠠᠯ ᠢᠶᠠᠷ ᠤᠰᠤ ᠬᠤᠯᠢᠵᠤ ᠠᠷᠢᠭᠤᠳᠬᠠᠯ ᠤᠨ ᠰᠢᠩᠭᠡᠨ ᠢ ᠨᠠᠶᠢᠷᠠᠭᠤᠯᠵᠤ᠂ ᠦᠷ᠎ᠡ ᠪᠠᠨ ᠵᠢᠭᠳᠡ ᠳᠤᠨᠢ ᠨᠤᠷᠠᠭᠠᠵᠤ᠂ 3 | ᠴᠠᠭ ᠪᠦᠷᠢᠵᠤ ᠲᠠᠯᠪᠢᠨ᠎ᠠ᠃ ︵3︶ ᠦᠷ᠎ᠡ ᠪᠠᠨ ᠲᠠᠪᠳᠦᠭᠡᠵᠤ ᠰᠤᠶᠤᠭᠠᠯᠠᠭᠤᠯᠬᠤ᠄ ᠲᠠᠷᠢᠬᠤ ᠠᠴᠠ ᠪᠠᠨ 2 ~ 3 ᠡᠳᠤᠷ ᠤᠨ ᠡᠮᠦᠨ᠎ᠠ | 45℃ ᠤᠨ ᠬᠠᠯᠠᠭᠤᠨ ᠤᠰᠤᠨ ᠳᠤ ᠦᠷ᠎ᠡ ᠪᠠᠨ 4 ᠴᠠᠭ ᠲᠠᠪᠳᠦᠭᠡᠭᠦ ᠪᠤᠶᠤ 25℃ ᠤᠨ ᠬᠠᠯᠠᠭᠤᠨ ᠤᠰᠤᠨ ᠳᠤ ᠡᠳᠤᠷ ᠰᠦᠨᠢ ᠲᠠᠪᠳᠦᠭᠡᠨ᠂ | 5 ~6 ᠤᠳᠠᠭ᠎ᠠ ᠭᠦᠳᠡᠯᠭᠡᠵᠤ᠂ ᠲᠠᠪᠳᠦᠭᠡᠭᠰᠡᠨ ᠤ ᠰᠡᠭᠦᠯᠡᠷ ᠦᠷ᠎ᠠ ᠪᠠᠨ 25℃ ᠤᠨ ᠲᠤᠯᠠᠭᠠᠨ ᠦᠷᠦᠭᠡᠨ ᠳᠤ ᠡᠳᠤᠷ ᠰᠦᠨᠢ ᠲᠠᠯᠪᠢᠨ | ᠰᠤᠶᠤᠭᠠᠯᠠᠭᠤᠯᠬᠤ ᠪᠠ ᠭᠡᠳᠦᠨᠳᠡ ᠤᠷᠪᠠᠭᠤᠯᠤᠨ ᠭᠦᠳᠡᠯᠭᠡᠵᠤ᠂ ᠦᠷ᠎ᠡ ᠶᠢᠨ ᠬᠠᠯᠢᠰᠤ ᠨᠢ ᠬᠠᠭᠠᠷᠠᠪᠠᠯ ᠲᠠᠷᠠ ᠲᠠᠷᠤᠢ ᠳᠤᠨᠢ ᠲᠠᠷᠢᠨ᠎ᠠ᠃ | | | 9. ᠠᠯᠢ ᠴᠠᠭ ᠦᠶ᠎ᠠ ᠳᠤ ᠲᠠᠷᠢᠪᠠᠯ ᠵᠤᠭᠢᠬᠤ ᠪᠤᠢ︖ | ᠡᠷᠡᠨᠳᠡ ᠶᠢᠨ ᠦᠷ᠎ᠡ ᠶᠢᠨ ᠰᠤᠶᠤᠭᠠᠯᠠᠯᠳᠠ ᠳᠤ ᠲᠤᠯᠠᠭᠠᠨ ᠤ ᠭᠡᠮᠵᠢᠶ᠎ᠠ ᠨᠢ 12℃ ~15℃ ᠪᠠᠶᠢᠪᠠᠯ ᠲᠤᠭᠢᠷᠠᠮᠵᠢᠳᠡᠢ᠃ ᠦᠭᠡᠷ᠎ᠡ ᠪᠠᠷ | ᠭᠡᠯᠡᠪᠡᠯ᠂ ᠡᠷᠡᠨᠳᠡ ᠲᠠᠷᠢᠬᠤ ᠦᠶ᠎ᠠ ᠳᠤ ᠭᠦᠷᠦᠰᠤᠨ ᠤ ᠲᠤᠯᠠᠭᠠᠨ ᠤ ᠭᠡᠮᠵᠢᠶ᠎ᠠ ᠨᠢ 10℃ ᠠᠴᠠ ᠲᠡᠭᠡᠭᠰᠢ ᠪᠠᠶᠢᠬᠤ ᠭᠡᠷᠡᠭᠳᠡᠢ᠃ ᠲᠦᠡᠭᠯᠢᠶᠤᠤ | ᠶᠢᠨ ᠭᠠᠵᠠᠷ ᠤᠷᠤᠨ ᠳᠤ ᠶᠠᠷᠦᠩᠭᠡᠢ ᠳᠡᠭᠡᠨ 4 ᠳ᠋ᠤᠭᠡᠷ ᠰᠠᠷ᠎ᠠ ᠶᠢᠨ 15 ~ 25 ᠤ ᠡᠳᠤᠷ ᠤᠨ ᠬᠤᠭᠤᠷᠤᠨᠳᠤ ᠲᠠᠷᠢᠪᠡᠯ ᠮᠠᠰᠢ ᠲᠤᠭᠢᠷᠠᠮᠵᠢᠳᠡᠢ᠃ | ᠬᠤᠵᠢᠷᠯᠢᠭ ᠭᠠᠵᠠᠷ᠂ ᠰᠠᠯᠭᠢ ᠶᠡᠭᠡᠳᠡᠢ ᠭᠠᠵᠠᠷ ᠪᠠ ᠨᠤᠶᠢᠳᠡᠨ ᠰᠡᠷᠢᠭᠦᠨ ᠭᠠᠵᠠᠷ ᠲᠤ ᠪᠤᠯ 4 ᠳ᠋ᠤᠭᠡᠷ ᠰᠠᠷ᠎ᠠ ᠶᠢᠨ ᠰᠡᠭᠦᠯᠴᠢ 5 ᠳ᠋ᠤᠭᠠᠷ ᠰᠠᠷ᠎ᠠ ᠶᠢᠨ | ᠡᠭᠢ ᠪᠠᠷ ᠬᠤᠶᠢᠰᠢᠯᠠᠭᠤᠯᠤᠨ ᠲᠠᠷᠢᠵᠤ ᠪᠤᠯᠤᠨ᠎ᠠ᠃ | 10. ᠶᠠᠮᠠᠷ ᠠᠷᠭ᠎ᠠ ᠭᠡᠯᠪᠡᠷᠢ ᠪᠠᠷ ᠲᠠᠷᠢᠬᠤ ᠪᠤᠢ︖ | ᠤᠳᠤᠬᠠᠨ ᠳᠤ ᠡᠷᠡᠨᠳᠡ ᠲᠠᠷᠢᠬᠤ ᠳᠠᠭᠠᠨ ᠤᠯᠠᠩᠭᠢ ᠨᠢ ᠭᠦᠨ ᠭᠤᠤᠴᠢᠯᠠᠵᠤ᠂ ᠭᠦᠶᠦᠭᠡᠨ ᠰᠢᠷᠤᠢ ᠬᠤᠴᠢᠬᠤ ᠠᠷᠭ᠎ᠠ ᠶᠢ ᠭᠡᠷᠡᠭᠯᠡᠵᠤ | ᠪᠠᠶᠢᠨ᠎ᠠ᠃ ᠭᠡᠪᠡᠴᠤ ᠬᠠᠮᠤᠭ ᠤᠨ ᠰᠠᠶᠢᠨ ᠨᠢ ᠬᠠᠰᠢᠯᠠ ᠨᠠᠷᠢᠯᠢᠭ ᠲᠠᠷᠢᠬᠤ ᠮᠠᠰᠢᠨ ᠢᠶᠠᠷ ᠲᠠᠷᠢᠪᠠᠯ ᠰᠠᠶᠢᠨ ᠶᠤᠮ᠃ ᠲᠠᠷᠢᠬᠤ ᠳᠠᠭᠠᠨ 3 ~ 5 | ᠰᠠᠠᠲ᠋ᠢᠮᠧᠲᠷ ᠭᠦᠨ ᠲᠠᠷᠢᠵᠤ᠂ ᠲᠠᠷᠢᠮᠬᠠᠴᠠ ᠪᠠᠨ ᠲᠠᠷᠤᠶᠢᠬᠠᠨ ᠰᠠᠶᠢᠳᠤᠷ ᠲᠠᠷᠤᠵᠤ᠂ ᠰᠠᠯᠭᠢ ᠨᠡᠪᠳᠡᠷᠡᠨ ᠰᠤᠶᠤᠭᠠᠯᠠᠬᠤ ᠶᠢ ᠨᠦᠯᠦᠭᠡᠯᠡᠭᠦ ᠠᠴᠠ | ᠰᠡᠷᠭᠡᠶᠢᠯᠡᠭᠦ ᠭᠡᠷᠡᠭᠳᠡᠢ᠃ | 11. ᠲᠠᠷᠢᠬᠤ ᠦᠶᠡᠰ ᠪᠤᠷᠳᠤᠭᠤᠷ ᠶᠠᠭᠠᠭᠢᠵᠤ ᠤᠷᠤᠭᠤᠯᠬᠤ ᠪᠤᠢ︖ ᠶᠠᠮᠠᠷ ᠪᠤᠷᠳᠤᠭᠤᠷ ᠤᠷᠤᠭᠤᠯᠪᠠᠯ ᠲᠤᠭᠢᠷᠠᠮᠵᠢᠳᠡᠢ ᠪᠤᠢ︖ | ᠪᠤᠷᠳᠤᠭᠤᠷ ᠤᠷᠤᠭᠤᠯᠬᠤ ᠳᠠᠭᠠᠨ ᠡᠷᠭᠡᠪᠰᠢ ᠪᠤᠷᠳᠤᠭᠤᠷ ᠢ ᠰᠢᠨᠵᠢᠯᠡᠭᠦ ᠤᠬᠠᠭᠠᠠᠴᠢ ᠪᠠᠷ ᠭᠡᠷᠡᠭᠯᠡᠵᠤ᠂ ᠰᠠᠭᠤᠷᠢ ᠪᠤᠷᠳᠤᠭᠤᠷ ᠭᠦᠢᠴᠡᠳ | ᠤᠷᠤᠭᠤᠯᠬᠤ᠂ ᠦᠷ᠎ᠡ ᠶᠢᠨ ᠪᠤᠷᠳᠤᠭᠤᠷ ᠤᠷᠤᠭᠤᠯᠬᠤ ᠶᠢ ᠴᠢᠬᠤᠯᠠᠴᠢᠯᠠᠬᠤ᠂ ᠲᠤᠭᠢᠳᠡᠢ ᠴᠠᠭ ᠲᠤᠨᠢ ᠪᠤᠷᠳᠤᠭᠤᠷ ᠨᠦᠭᠦᠵᠤ ᠤᠷᠤᠭᠤᠯᠬᠤ ᠭᠤᠷᠪᠡᠨ | ᠵᠠᠩᠭᠢᠯᠠᠭ᠎ᠠ ᠶᠢ ᠴᠢᠩᠭ᠎ᠠ ᠠᠳᠬᠤᠬᠤ ᠭᠡᠷᠡᠭᠳᠡᠢ᠃ | ︵1︶ ᠰᠠᠭᠤᠷᠢ ᠪᠤᠷᠳᠤᠭᠤᠷ ᠭᠦᠢᠴᠡᠳ ᠤᠷᠤᠭᠤᠯᠬᠤ ᠪᠤᠯ ᠲᠠᠷᠢᠬᠤ ᠠᠴᠠ ᠡᠮᠦᠨ᠎ᠠ ᠪᠤᠷᠳᠤᠭᠤᠷ ᠤᠷᠤᠭᠤᠯᠬᠤ ᠶᠢᠨ ᠪᠠᠷᠢᠮᠵᠢᠶ᠎ᠠ ᠮᠦᠨ᠂ | ᠶᠠᠷᠤ ᠶᠢᠨ ᠪᠠᠶᠢᠳᠠᠯ ᠲᠤᠤᠷ᠎ᠠ᠂ ᠮᠤ᠋ ᠪᠦᠷᠢ ᠢᠯᠵᠠᠷᠬᠠᠰᠠᠨ ᠴᠢᠨᠠᠷ ᠰᠠᠶᠢᠳᠠᠢ ᠰᠢᠭᠡᠭ ᠪᠤᠷᠳᠤᠭᠤᠷ ᠢ 1000 ~ 2000 ᠺᠢᠯᠤᠭ᠍ᠷᠡᠮ ᠤᠷᠤᠭᠤᠯᠬᠤ | ᠪᠠ ᠪᠠᠭ᠎ᠠ ᠭᠡᠮᠵᠢᠶᠠᠨ ᠤ ᠲᠦᠷᠭᠡᠨ ᠦᠢᠯᠡᠳᠦᠯᠳᠤ ᠭᠢᠮᠢ ᠶᠢᠨ ᠪᠤᠷᠳᠤᠭᠤᠷ ᠤᠷᠤᠭᠤᠯᠤᠨ᠎ᠠ᠃ ᠤᠷᠤᠭᠤᠯᠬᠤ ᠠᠷᠭ᠎ᠠ ᠶᠢᠨ ᠲᠠᠯ᠎ᠠ ᠪᠠᠷ ᠭᠤᠤᠯ ᠨᠢ | ᠰᠠᠴᠤᠵᠤ ᠤᠷᠤᠭᠤᠯᠬᠤ᠂ ᠵᠤᠷᠬᠠᠠᠯᠠᠨ ᠤᠷᠤᠭᠤᠯᠬᠤ ᠪᠠ ᠨᠦᠭᠡᠯᠡᠨ ᠤᠷᠤᠭᠤᠯᠬᠤ ᠠᠷᠭ᠎ᠠ ᠶᠢ ᠭᠡᠷᠡᠭᠯᠡᠨ᠎ᠡ᠃ | ︵2︶ ᠦᠷ᠎ᠡ ᠶᠢᠨ ᠪᠤᠷᠳᠤᠭᠤᠷ ᠤᠷᠤᠭᠤᠯᠬᠤ ᠳᠤ ᠲᠦᠷᠭᠡᠨ ᠦᠢᠯᠡᠳᠦᠯᠳᠤ ᠪᠤᠷᠳᠤᠭᠤᠷ ᠢᠶᠠᠷ ᠭᠤᠤᠯ ᠪᠤᠯᠭᠠᠵᠤ᠂ ᠭᠤᠤᠯ ᠨᠢ | ᠰᠢᠭᠡᠰᠦᠯᠢᠭ ᠡᠳ᠋᠂ ᠭᠦᠭᠦᠷ ᠭᠦᠴᠢᠯ ᠤᠨ ᠠᠮᠮᠤᠨᠢ᠂ ᠭᠦᠭᠦᠷ ᠭᠦᠴᠢᠯ ᠤᠨ ᠬᠤᠶᠠᠷᠴᠢ ᠠᠮᠮᠤᠨᠢ᠂ ᠭᠦᠭᠦᠷ ᠭᠦᠴᠢᠯ ᠤᠨ ᠺᠠᠯᠢ ᠪᠠ ᠵᠢᠴᠢ ᠢᠯᠵᠠᠷᠠᠮᠠᠯ | ᠰᠢᠭᠡᠭ ᠪᠤᠷᠳᠤᠭᠤᠷ ᠢ ᠤᠷᠤᠭᠤᠯᠤᠨ᠎ᠠ᠃ ᠲᠦᠷᠭᠡᠨ ᠦᠢᠯᠡᠳᠦᠯᠳᠤ ᠪᠤᠷᠳᠤᠭᠤᠷ ᠤᠷᠤᠭᠤᠯᠬᠤ ᠳᠠᠭᠠᠨ ᠡᠷᠭᠡᠪᠰᠢ ᠦᠷ᠎ᠡ ᠠᠴᠠ 10 ~15 | ᠰᠠᠠᠲ᠋ᠢᠮᠧᠲᠷ ᠵᠠᠶᠢᠳᠠᠢ ᠤᠷᠤᠭᠤᠯᠵᠤ᠂ ᠦᠷ᠎ᠡ ᠴᠢᠭᠢ ᠰᠢᠳ᠋ᠬᠠᠳᠠᠬᠤ ᠠᠴᠠ ᠰᠡᠷᠭᠡᠶᠢᠯᠡᠭᠦ ᠭᠡᠷᠡᠭᠳᠡᠢ᠃ | ︵3︶ ᠡᠷᠨᠨᠳᠡ ᠶᠢᠨ ᠰᠠᠭᠤᠷᠢ ᠨᠢ ᠲᠤᠮᠤ᠂ ᠤᠷᠭᠤᠯᠳᠠ ᠶᠢᠨ ᠬᠤᠭᠤᠴᠠᠭ᠎ᠠ ᠨᠢ ᠤᠷᠳᠤ ᠪᠠᠶᠢᠳᠠᠭ ᠪᠤᠯᠬᠤᠷ ᠲᠠᠩ ᠭᠠᠭᠴᠠ ᠰᠠᠭᠤᠷᠢ | ᠪᠤᠷᠳᠤᠭᠤᠷ᠂ ᠦᠷ᠎ᠡ ᠶᠢᠨ ᠪᠤᠷᠳᠤᠭᠤᠷ ᠤᠷᠤᠭᠤᠯᠬᠤ ᠳᠤ ᠲᠦᠰᠢᠭᠯᠡᠭᠡᠳ ᠤᠷᠭᠤᠯᠳᠠ ᠪᠤᠶᠢᠵᠢᠯᠳᠡ ᠶᠢᠨ ᠭᠢᠨᠢ ᠭᠡᠷᠡᠭᠴᠡᠭᠡ ᠶᠢ ᠬᠠᠨᠭ᠍ᠭᠠᠵᠤ ᠲᠠᠶᠢᠯᠭᠦ | ᠦᠭᠡᠢ ᠶᠤᠮ᠂ ᠡᠶᠢᠮᠤ ᠠᠴᠠ ᠡᠷᠭᠡᠪᠰᠢ ᠴᠠᠭ ᠲᠤᠨᠢ ᠲᠤᠭᠢᠷᠠᠭᠤᠯᠤᠨ ᠪᠤᠷᠳᠤᠭᠤᠷ ᠨᠦᠭᠦᠨ ᠤᠷᠤᠭᠤᠯᠬᠤ ᠭᠡᠷᠡᠭᠳᠡᠢ᠃ ᠰᠠᠭᠤᠷᠢ ᠪᠤᠷᠳᠤᠭᠤᠷ ᠪᠠᠭ᠎ᠠ ᠲᠠᠢ | ᠲᠠᠴᠢᠷ ᠭᠠᠵᠠᠷ ᠲᠤ ᠬᠤᠶᠠᠷ ᠤᠳᠠᠭ᠎ᠠ ᠪᠤᠷᠳᠤᠭᠤᠷ ᠨᠦᠭᠦᠨ ᠤᠷᠤᠭᠤᠯᠵᠤ᠂ ᠴᠢᠭᠢ ᠲᠤᠠᠠᠳᠠᠭᠠᠬᠤ ᠬᠤᠭᠤᠴᠠᠭ᠎ᠠ ᠪᠠ ᠲᠦᠷᠦᠭᠦᠤᠯᠡᠭᠦ ᠬᠤᠭᠤᠴᠠᠭᠠᠨ | ᠳᠤᠨᠢ ᠮᠤ᠋ ᠪᠦᠷᠢ ᠤᠳᠠᠭ᠎ᠠ ᠪᠦᠷᠢ 5 ~ 7.5 ᠺᠢᠯᠤᠭ᠍ᠷᠡᠮ ᠰᠢᠭᠡᠰᠦᠯᠢᠭ ᠡᠳ᠋ ᠨᠦᠭᠦᠨ ᠤᠷᠤᠭᠤᠯᠬᠤ ᠭᠡᠷᠡᠭᠳᠡᠢ᠃ ᠪᠤᠷᠳᠤᠭᠤᠷ ᠰᠠᠶᠢᠳᠠᠢ ᠭᠠᠵᠠᠷ ᠲᠤ | ᠪᠤᠯ ᠴᠤᠮᠤᠷᠯᠢᠠᠠᠵᠢᠬᠤ ᠦᠶ᠎ᠠ ᠳᠤᠨᠢ ᠵᠤᠭᠢᠰᠳᠡᠢ ᠪᠠᠷ ᠪᠤᠷᠳᠤᠭᠤᠷ ᠨᠦᠭᠦᠨ ᠤᠷᠤᠭᠤᠯᠬᠤ ᠭᠡᠷᠡᠭᠳᠡᠢ᠃ ᠭᠡᠭᠦ ᠳᠡᠭᠡᠨ ᠭᠡᠵᠢᠶ᠎ᠠ ᠪᠤᠷᠳᠤᠭᠤᠷ ᠨᠦᠭᠦᠨ | ᠤᠷᠤᠭᠤᠯᠤᠠᠠᠰᠠᠨ ᠴᠤ ᠲᠠᠷᠠ ᠵᠠᠪᠠᠯ ᠴᠢᠭᠢ ᠠᠴᠠ 8 ~10 ᠰᠠᠠᠲ᠋ᠢᠮᠧᠲᠷ ᠵᠠᠶᠢᠳᠠᠢ᠂ 10 ᠰᠠᠠᠲ᠋ᠢᠮᠧᠲᠷ ᠭᠦᠨ ᠤᠷᠤᠭᠤᠯᠵᠤ᠂ ᠡᠷᠨᠨᠳᠡ ᠶᠢᠨ | ᠢᠳᠡᠷᠡᠭᠦᠨ ᠤᠷᠭᠤᠯᠳᠠ ᠶᠢ ᠨᠢ ᠪᠠᠳᠤᠯᠠᠬᠤ ᠭᠡᠷᠡᠭᠳᠡᠢ᠃ | 12. ᠲᠠᠷᠢᠶᠠᠨ ᠳᠠᠬᠢ ᠠᠷᠠᠴᠢᠯᠠᠯᠳᠠ ᠶᠢᠨ ᠲᠠᠯ᠎ᠠ ᠪᠠᠷ ᠶᠠᠮᠠᠷ ᠵᠤᠶᠢᠯ ᠢ ᠠᠩᠬᠠᠷᠬᠤ ᠴᠢᠬᠤᠯᠠᠳᠠᠢ ᠪᠤᠢ︖ | ᠨᠢᠯᠬ᠎ᠠ ᠴᠢᠭᠢᠨ ᠤ ᠬᠤᠭᠤᠴᠠᠭᠠᠨ ᠳᠠᠬᠢ ᠠᠷᠠᠴᠢᠯᠡᠯᠳᠡ ᠶᠢᠨ ᠲᠠᠯ᠎ᠠ ᠪᠠᠷ ︵1︶ ᠲᠠᠷᠢᠶ᠎ᠠ ᠪᠠᠨ ᠪᠠᠶᠢᠴᠠᠭᠠᠵᠤ ᠴᠢᠭᠢ ᠨᠦᠭᠦᠭᠦ ᠭᠡᠷᠡᠭᠳᠡᠢ᠃ | ᠡᠷᠡᠨᠳᠡ ᠨᠢ ᠪᠤᠷᠳᠤᠭᠤᠷ ᠤᠷᠤᠭᠤᠯᠬᠤ ᠠᠷᠭ᠎ᠠ ᠨᠢ ᠵᠤᠭᠢᠰ ᠦᠭᠡᠢ ᠪᠤᠶᠤ ᠵᠢᠴᠢ ᠭᠦᠷᠦᠰᠤᠨ ᠲᠤᠤᠷᠠᠭᠢ ᠭᠦᠨᠦᠭᠡᠯᠳᠤ ᠬᠤᠷᠤᠬᠠᠢ ᠶᠢᠨ ᠭᠦᠨᠦᠭᠡᠯ ᠵᠡᠷᠭᠡ | ᠰᠢᠯᠳᠠᠭᠠᠨ ᠠᠴᠠ ᠪᠤᠯᠤᠭᠠᠳ ᠴᠢᠭᠢ ᠲᠤᠳ᠋ᠬᠠᠳᠠᠬᠤ ᠦᠵᠡᠭᠳᠡᠯ ᠢᠯᠡᠷᠡᠳᠡᠭ᠃ ᠡᠶᠢᠮᠤ ᠠᠴᠠ ᠴᠢᠭᠢᠯᠡᠭᠦ ᠬᠤᠭᠤᠴᠠᠭᠠᠨ ᠳᠤᠨᠢ ᠲᠠᠷᠢᠶ᠎ᠠ ᠪᠠᠨ ᠦᠷᠭᠦᠯᠵᠢ | ᠪᠠᠶᠢᠴᠠᠭᠠᠵᠤ᠂ ᠴᠢᠭᠢ ᠨᠦᠭᠦᠭᠦ ᠠᠵᠢᠯ ᠢ ᠰᠠᠶᠢᠳᠤᠷ ᠭᠢᠭᠦ ᠭᠡᠷᠡᠭᠳᠡᠢ᠃ ︵2︶ ᠴᠠᠭ ᠲᠠᠷᠤᠢ ᠳᠤᠨᠢ ᠴᠢᠭᠢ ᠵᠠᠶᠢᠴᠢᠯᠠᠵᠤ ᠴᠢᠭᠢ ᠲᠤᠠᠠᠳᠠᠭᠠᠬᠤ | ᠭᠡᠷᠡᠭᠳᠡᠢ᠃ ᠨᠢᠯᠬ᠎ᠠ ᠴᠢᠭᠢ ᠨᠢ 2 ᠵᠢᠩᠭᠢᠨᠢ ᠨᠠᠪᠴᠢ ᠲᠠᠢ ᠪᠤᠯᠬᠤ ᠦᠶᠡᠰ ᠴᠢᠭᠢ ᠶᠢ ᠰᠠᠶᠢᠷᠡᠭᠵᠢᠭᠦᠯᠵᠤ᠂ ᠴᠤᠨᠤᠭ ᠪᠦᠷᠢ 2 ᠰᠠᠭᠤᠷᠢ ᠢᠳᠡᠷᠡᠭᠦᠨ | ᠴᠢᠭᠢ ᠦᠯᠡᠳᠡᠭᠡᠵᠤ᠂ ᠰᠠᠭᠤᠷᠢ ᠪᠦᠷᠢ ᠶᠢᠨ ᠬᠤᠭᠤᠷᠤᠨᠳᠤᠭᠢ ᠵᠠᠢ ᠶᠢ 3 ~ 5 ᠰᠠᠠᠲ᠋ᠢᠮᠧᠲᠷ ᠪᠠᠶᠢᠯᠭᠠᠵᠤ᠂ 3 ~ 4 ᠨᠠᠪᠴᠢ ᠭᠠᠷᠬᠤ ᠦᠶ᠎ᠠ | ᠳᠤᠨᠢ ᠴᠢᠭᠢ ᠪᠠᠨ ᠲᠤᠠᠠᠳᠠᠭᠠᠬᠤ ᠭᠡᠷᠡᠭᠳᠡᠢ᠃ ︵3︶ ᠰᠤᠯᠠ ᠡᠪᠡᠰᠤ ᠶᠢ ᠠᠷᠢᠯᠭᠠᠬᠤ ᠭᠡᠷᠡᠭᠳᠡᠢ᠃ ᠡᠷᠡᠨᠳᠡ ᠶᠢᠨ ᠴᠢᠭᠢᠯᠡᠭᠦ ᠬᠤᠭᠤᠴᠠᠭ᠎ᠠ ᠨᠢ | ᠤᠷᠳᠤ᠂ ᠨᠢᠯᠬ᠎ᠠ ᠴᠢᠭᠢ ᠶᠢᠨ ᠪᠤᠶᠢᠵᠢᠯᠳᠡ ᠨᠢ ᠤᠳᠠᠭᠠᠨ᠂ ᠰᠠᠭᠤᠷᠢ ᠮᠦᠷ ᠤᠨ ᠵᠠᠢ ᠨᠢ ᠶᠡᠭᠡ ᠪᠠᠶᠢᠳᠠᠭ ᠪᠤᠯᠬᠤᠷ ᠰᠤᠯᠠ ᠡᠪᠡᠰᠤ ᠠᠮᠠᠷᠬᠠᠨ | ᠤᠷᠭᠤᠳᠠᠭ᠂ ᠡᠶᠢᠮᠤ ᠠᠴᠠ ᠲᠠᠷᠤᠶᠢᠬᠠᠨ ᠭᠦᠶᠦᠭᠡᠨ ᠬᠠᠭᠠᠯᠪᠤᠷᠢᠯᠡᠨ ᠡᠪᠡᠰᠤ ᠶᠢ ᠨᠢ ᠠᠷᠢᠯᠭᠠᠪᠠᠯ ᠲᠤᠯᠠᠭᠠᠨ ᠢ ᠨᠡᠮᠡᠭᠳᠡᠭᠦᠯᠦᠨ ᠴᠢᠭᠢᠭ ᠢ | ᠬᠠᠮᠠᠭᠠᠯᠠᠵᠤ᠂ ᠨᠢᠯᠬ᠎ᠠ ᠴᠢᠭᠢ ᠶᠢᠨ ᠤᠷᠭᠤᠯᠳᠠ ᠪᠤᠶᠢᠵᠢᠯᠳᠡ ᠶᠢ ᠠᠭᠢᠭᠤᠯᠬᠤ ᠳᠤ ᠠᠰᠢᠠᠠᠳᠠᠢ ᠶᠤᠮ᠃ ᠠᠩᠬᠠᠳ᠋ᠬᠠᠴᠢ ᠤᠳᠠᠭ᠎ᠠ᠂ ᠬᠤᠶᠠᠷᠳᠡᠭᠢ | ᠤᠳᠠᠭ᠎ᠠ ᠡᠪᠡᠰᠤ ᠠᠷᠢᠯᠭᠠᠬᠤ ᠶᠢ ᠴᠢᠭᠢ ᠵᠠᠶᠢᠴᠢᠯᠠᠬᠤ ᠴᠢᠭᠢ ᠲᠤᠠᠠᠳᠠᠭᠠᠬᠤ ᠲᠠᠢ ᠤᠶᠠᠯᠳᠤᠭᠤᠯᠤᠨ ᠭᠢᠵᠤ᠂ ᠵᠢᠵᠢᠭ ᠠᠷᠴᠢᠭᠤᠷ ᠪᠠᠷ ᠰᠢᠷᠤᠢ ᠶᠢ ᠨᠢ | ᠰᠤᠯᠠᠷᠠᠭᠤᠯᠵᠤ᠂ ᠲᠤᠮᠤ ᠠᠷᠴᠢᠭᠤᠷ ᠢᠶᠠᠷ ᠲᠠᠯᠠᠩ ᠤᠨ ᠠᠷᠤ ᠲᠠᠯ᠎ᠠ ᠶᠢ ᠬᠤᠰᠤᠵᠤ᠂ ᠰᠡᠭᠦᠯᠡᠷ ᠨᠢ ᠠᠷᠪᠡᠨ ᠡᠳᠤᠷ ᠪᠤᠯᠬᠤ ᠪᠦᠷᠢ ᠨᠢᠭᠡ ᠤᠳᠠᠭ᠎ᠠ | ᠠᠷᠴᠢᠬᠤ ᠶᠢᠨ ᠬᠠᠮᠳᠤ ᠰᠢᠷᠤᠢ ᠨᠡᠮᠡᠭᠦ ᠭᠡᠷᠡᠭᠳᠡᠢ᠃ | 13. ᠴᠡᠴᠡᠭ ᠲᠡᠯᠭᠡᠷᠡᠭᠦ ᠬᠤᠭᠤᠴᠠᠭᠠᠨ ᠳᠤᠨᠢ ᠭᠡᠷᠭᠢᠨ ᠠᠷᠠᠴᠢᠯᠠᠬᠤ ᠪᠤᠢ︖ | ︵1︶ ᠡᠨᠡ ᠦᠶ᠎ᠠ ᠪᠤᠯ ᠡᠷᠡᠨᠳᠡ ᠶᠢᠨ ᠤᠷᠭᠤᠯᠳᠠ ᠨᠢ ᠲᠦᠷᠭᠡᠳᠴᠤ᠂ ᠤᠰᠤ ᠪᠤᠷᠳᠤᠭᠤᠷ ᠤᠨ ᠭᠡᠷᠡᠭᠴᠡᠭᠡ ᠨᠢ ᠶᠡᠭᠡᠳᠡ ᠨᠡᠮᠡᠭᠳᠡᠳᠡᠭ᠃ | ᠡᠶᠢᠮᠤ ᠠᠴᠠ᠂ ᠭᠢᠨᠠᠮᠠᠭᠠᠢ ᠰᠠᠶᠢᠨ ᠪᠤᠷᠳᠤᠭᠤᠷ ᠨᠦᠭᠦᠨ ᠤᠷᠤᠭᠤᠯᠬᠤ ᠠᠴᠠ ᠭᠠᠳᠠᠨ᠎ᠠ ᠪᠠᠰᠠ ᠭᠠᠨᠭ᠍ᠳᠠᠪᠠᠯ ᠲᠠᠷᠤᠶᠢᠬᠠᠨ ᠤᠰᠤᠯᠠᠵᠤ᠂ ᠤᠰᠤᠳᠤᠪᠠᠯ | ᠲᠠᠷᠤᠶᠢᠬᠠᠨ ᠤᠰᠤ ᠶᠢ ᠨᠢ ᠵᠠᠯᠠᠵᠤ᠂ ᠪᠤᠷᠤᠭᠠᠨ ᠤ ᠲᠠᠷᠠᠭ᠎ᠠ ᠪᠤᠶᠤ ᠨᠦᠭᠦᠨ ᠤᠰᠤᠯᠬᠠᠰᠠᠨ ᠤ ᠪᠠᠨ ᠲᠠᠷᠠᠭ᠎ᠠ ᠲᠠᠷᠤᠶᠢᠬᠠᠨ ᠭᠠᠳᠠᠷᠭᠤ ᠭᠦᠷᠦᠰᠤ | ᠶᠢ ᠨᠢ ᠰᠤᠯᠠᠯᠠᠵᠤ᠂ ᠲᠤᠯᠠᠭᠠᠨ ᠢ ᠨᠡᠮᠡᠭᠳᠡᠭᠦᠯᠦᠨ ᠴᠢᠭᠢᠭ ᠢ ᠬᠠᠮᠠᠭᠠᠯᠠᠵᠤ᠂ ᠤᠷᠭᠤᠯᠳᠠ ᠶᠢ ᠨᠢ ᠠᠭᠢᠭᠤᠯᠬᠤ ᠭᠡᠷᠡᠭᠳᠡᠢ᠃ ︵2︶ | ᠴᠤᠮᠤᠷᠯᠢᠠᠠᠵᠢᠬᠠᠰᠠᠨ ᠤ ᠰᠡᠭᠦᠯᠡᠷ ᠠᠩᠬᠠᠳ᠋ᠬᠠᠴᠢ ᠤᠳᠠᠭ᠎ᠠ ᠰᠠᠯᠠᠭ᠎ᠠ ᠶᠢ ᠨᠢ ᠵᠠᠰᠠᠵᠤ᠂ ᠦᠰᠦᠯᠳᠡ ᠤᠷᠭᠤᠯᠳᠠ ᠨᠢ ᠦᠨᠳᠤᠰᠤᠨ ᠳᠡᠭᠡᠨ ᠠᠳᠠᠯᠢ | ᠲᠡᠭᠰᠢ ᠪᠦᠭᠦᠢ 3 ~4 ᠨᠠᠪᠴᠢ ᠶᠢ ᠦᠯᠡᠳᠡᠭᠡᠨ ᠲᠦᠷᠦᠭᠦᠤ ᠪᠤᠯᠭᠠᠵᠤ᠂ ᠪᠤᠰᠤᠳ ᠰᠠᠯᠠᠭ᠎ᠠ ᠶᠢ ᠨᠢ ᠴᠦᠮ ᠠᠪᠴᠤ ᠬᠠᠶᠠᠬᠤ ᠭᠡᠷᠡᠭᠳᠡᠢ᠂ | ᠬᠤᠶᠠᠷᠳᠡᠭᠢ ᠤᠳᠠᠭ᠎ᠠ ᠰᠠᠯᠠᠭ᠎ᠠ ᠵᠠᠰᠠᠬᠤ ᠴᠠᠭ ᠢ ᠪᠤᠯ ᠲᠤᠬᠠᠢ ᠶᠢᠨ ᠭᠠᠵᠠᠷ ᠤᠨ ᠴᠠᠭ ᠠᠭᠤᠷ ᠢ ᠦᠨᠳᠦᠰᠦᠯᠡᠨ᠂ ᠭᠢᠷᠠᠭᠤ ᠤᠨᠠᠬᠤ ᠠᠴᠠ 40 | ~ 50 ᠬᠤᠨᠤᠭ ᠤᠨ ᠡᠮᠦᠨ᠎ᠠ ᠵᠠᠰᠠᠵᠤ᠂ ᠵᠢᠮᠢᠰ ᠤᠨ ᠮᠤᠳᠤᠨ ᠤ ᠬᠠᠶᠢᠴᠢ ᠪᠠᠷ ᠪᠦᠭᠦᠶᠢᠯᠡ ᠴᠡᠴᠡᠭ ᠲᠡᠯᠭᠡᠷᠡᠭᠰᠡᠨ᠂ ᠵᠢᠮᠢᠰ ᠨᠢ ᠬᠠᠷᠠᠬᠠᠨ | ᠲᠤᠮᠤᠷᠠᠭᠠᠳᠤᠢ᠂ ᠰᠠᠶ᠋ᠢᠬᠠᠨ ᠴᠡᠴᠡᠭᠯᠡᠭᠰᠡᠨ ᠪᠤᠶᠤ ᠬᠤᠸᠠᠷ ᠲᠡᠯᠭᠡᠷᠡᠭᠡᠳᠦᠢ ᠤᠷᠤᠢ ᠶᠢᠨ ᠨᠠᠭᠢᠶ᠎ᠠ᠂ ᠤᠷᠤᠢ ᠶᠢᠨ ᠲᠦᠷᠦᠭᠦᠤ ᠶᠢ ᠴᠦᠮ ᠬᠠᠶᠢᠴᠢᠯᠡᠨ | ᠬᠠᠶᠠᠵᠤ᠂ ᠰᠠᠯᠠᠭ᠎ᠠ ᠪᠦᠷᠢ ᠳᠤ 1 ~ 2 ᠨᠠᠪᠴᠢ ᠦᠯᠡᠳᠡᠭᠡᠨ ᠰᠢᠮ᠎ᠠ ᠲᠡᠵᠢᠭᠡᠯ ᠤᠨ ᠨᠠᠪᠴᠢ ᠪᠤᠯᠭᠠᠨ᠂ ᠲᠦᠷᠦᠭᠦᠤ ᠪᠤᠯᠬᠤ ᠶᠢ ᠨᠢ ᠠᠭᠢᠭᠤᠯᠵᠤ᠂ | ᠤᠨᠠᠯᠳᠠ ᠶᠢ ᠨᠡᠮᠡᠭᠳᠡᠭᠦᠯᠦᠨ᠂ ᠶᠠᠰᠤ ᠴᠢᠨᠠᠷ ᠢ ᠲᠡᠭᠡᠭᠰᠢᠯᠡᠭᠦᠯᠭᠦ ᠭᠡᠷᠡᠭᠳᠡᠢ᠃ | 14. ᠦᠷᠡᠯᠡᠯᠳᠡ ᠶᠢᠨ ᠬᠤᠭᠤᠴᠠᠭᠠᠨ ᠳᠤᠨᠢ ᠭᠡᠷᠭᠢᠨ ᠠᠷᠠᠴᠢᠯᠠᠬᠤ ᠪᠤᠢ︖ | ᠡᠨᠡ ᠬᠤᠭᠤᠴᠠᠭ᠎ᠠ ᠪᠤᠯ ᠤᠨᠠᠯᠳᠠ ᠪᠤᠢ ᠪᠤᠯᠬᠤ ᠲᠤᠰᠤ ᠬᠤᠷᠠᠮᠳᠤᠬᠤ ᠭᠤᠤᠯ ᠬᠤᠭᠤᠴᠠᠭ᠎ᠠ ᠪᠤᠯᠤᠨ᠎ᠠ᠃ ᠮᠦᠨᠴᠤ ᠤᠷᠭᠤᠮᠠᠯ ᠤᠨ ᠪᠠᠳᠠᠷᠠᠨ | ᠤᠷᠭᠤᠬᠤ ᠬᠤᠭᠤᠴᠠᠭ᠎ᠠ ᠲᠤᠯᠠ ᠤᠰᠤ ᠪᠤᠷᠳᠤᠭᠤᠷ ᠶᠡᠭᠡᠳᠡ ᠭᠡᠷᠡᠭᠰᠡᠨ᠎ᠡ᠃ ᠡᠨᠡ ᠬᠤᠭᠤᠴᠠᠭᠠᠨ ᠳᠤ ᠤᠷᠭᠤᠮᠠᠯ ᠨᠢ ᠮᠠᠰᠢ ᠲᠤᠮᠤ ᠦᠨᠳᠤᠰᠤᠨ | ᠰᠢᠰᠲ᠋ᠧᠮ ᠲᠠᠢ ᠪᠤᠯᠵᠤ᠂ ᠤᠰᠤ ᠪᠤᠷᠳᠤᠭᠤᠷ ᠰᠢᠩᠭᠡᠭᠡᠨ ᠠᠪᠬᠤ ᠴᠢᠳᠠᠯ ᠨᠢ ᠴᠤ ᠨᠡᠮᠡᠭᠳᠡᠭᠦ ᠲᠤᠯᠠ ᠰᠠᠭᠤᠷᠢ ᠪᠤᠷᠳᠤᠭᠤᠷ᠂ ᠦᠷ᠎ᠡ ᠶᠢᠨ ᠪᠤᠷᠳᠤᠭᠤᠷ᠂ | ᠨᠦᠭᠦᠯᠳᠡ ᠪᠤᠷᠳᠤᠭᠤᠷ ᠢ ᠭᠦᠢᠴᠡᠳ ᠤᠷᠤᠭᠤᠯᠤᠠᠠᠰᠠᠨ ᠤᠷᠢᠳᠠᠯ ᠲᠤᠤᠷ᠎ᠡ᠂ ᠤᠰᠤᠨ ᠤ ᠢᠯᠴᠢ ᠶᠢᠨ ᠨᠦᠭᠦᠴᠡᠯ ᠢ ᠵᠤᠭᠢᠰᠳᠠᠢ ᠲᠤᠭᠢᠷᠠᠭᠤᠯᠵᠤ᠂ | ᠤᠰᠤᠯᠠᠬᠤ᠂ ᠤᠰᠤ ᠵᠠᠯᠠᠬᠤ ᠠᠵᠢᠯ ᠢ ᠰᠠᠶᠢᠳᠤᠷ ᠭᠢᠵᠤ᠂ ᠭᠡᠷᠡᠯ ᠤᠨ ᠨᠡᠶᠢᠯᠡᠯᠭᠡ ᠡᠳ᠋ ᠨᠢ ᠦᠷ᠎ᠡ ᠮᠦᠭᠦᠯᠢᠭ ᠲᠤ ᠰᠢᠯᠵᠢᠭᠦ ᠶᠢ ᠠᠭᠢᠭᠤᠯᠬᠤ | ᠭᠡᠷᠡᠭᠳᠡᠢ᠃ | 15. ᠡᠷᠡᠨᠳᠡ ᠶᠢᠨ ᠭᠡᠮ ᠬᠤᠷᠤᠬᠠᠢ ᠶᠢᠨ ᠭᠦᠨᠦᠭᠡᠯ ᠢ ᠭᠡᠷᠭᠢᠨ ᠰᠡᠷᠭᠡᠶᠢᠯᠡᠨ ᠵᠠᠰᠠᠬᠤ ᠪᠤᠢ︖ | ᠡᠷᠡᠨᠳᠡ ᠶᠢᠨ ᠭᠡᠮ ᠬᠤᠷᠤᠬᠠᠢ ᠶᠢᠨ ᠭᠦᠨᠦᠭᠡᠯ ᠭᠡᠪᠡᠯ ᠭᠤᠤᠯ ᠨᠢ ᠴᠤᠬᠤᠷᠳᠤ ᠡᠪᠡᠳᠴᠢᠨ᠂ ᠪᠤᠷᠤ ᠭᠦᠭᠡᠴᠤ ᠭᠡᠮ᠂ ᠢᠳᠤᠬᠠᠨ ᠬᠤᠷᠤᠬᠠᠢ | ᠵᠡᠷᠭᠡ ᠪᠠᠶᠢᠨ᠎ᠠ᠃ ᠶᠠᠷᠦᠩᠭᠡᠢ ᠳᠡᠭᠡᠨ ᠲᠠᠪᠳᠠᠨ ᠲᠠᠷᠢᠬᠤ ᠪᠤᠶᠤ ᠡᠷᠳᠡ ᠲᠠᠷᠢᠵᠤ᠂ ᠲᠠᠷᠢᠠᠠᠰᠠᠨ ᠤ ᠰᠡᠭᠦᠯᠡᠷ ᠦᠷᠭᠦᠯᠵᠢᠯᠡᠨ ᠪᠦᠷᠭᠦᠶᠢᠵᠤ | ᠪᠤᠷᠤᠭᠠᠠᠰᠢᠠᠠᠰᠠᠨ ᠦᠶᠡᠰ ᠴᠤᠬᠤᠷᠳᠤ ᠭᠡᠮ ᠠᠮᠠᠷᠬᠠᠨ ᠲᠤᠰᠴᠤ᠂ ᠦᠷ᠎ᠡ ᠨᠢ ᠢᠯᠵᠡᠷᠡᠭᠦ ᠪᠠ ᠴᠢᠭᠢ ᠨᠢ ᠦᠭᠦᠳᠡᠭ᠃ ᠡᠭᠦᠨ ᠢ ᠰᠡᠷᠭᠡᠶᠢᠯᠡᠨ ᠵᠠᠰᠠᠬᠤ | ᠳᠤ ᠭᠤᠤᠯ ᠨᠢ ᠭᠡᠮ ᠢ ᠲᠠᠷᠤᠬᠤ ᠲᠦᠷᠦᠯ ᠵᠤᠶᠢᠯ ᠢ ᠰᠤᠩᠭᠤᠨ ᠭᠡᠷᠡᠭᠯᠡᠵᠤ᠂ ᠲᠦᠷᠪᠡᠨ ᠵᠢᠯ ᠠᠴᠠ ᠲᠡᠭᠡᠭᠰᠢ ᠡᠭᠡᠯᠵᠢᠯᠡᠨ ᠲᠠᠷᠢᠬᠤ ᠠᠷᠭ᠎ᠠ ᠶᠢ | ᠠᠪᠤᠨ᠎ᠠ᠃ ᠴᠠᠭ ᠲᠤᠨᠢ ᠲᠤᠭᠢᠷᠠᠭᠤᠯᠤᠨ ᠲᠠᠷᠢᠵᠤ᠂ ᠭᠡᠳᠦᠷᠭᠡᠢ ᠨᠤᠶᠢᠳᠡᠨ ᠭᠦᠷᠦᠰᠤᠨ ᠳᠤ ᠲᠠᠷᠢᠬᠤ ᠦᠭᠡᠢ ᠪᠠᠶᠢᠵᠤ᠂ ᠦᠷᠡᠵᠢᠯ ᠤᠨ ᠦᠶ᠎ᠠ ᠳᠤᠨᠢ | ᠤᠰᠤᠳᠤᠬᠤ ᠠᠴᠠ ᠰᠡᠷᠭᠡᠶᠢᠯᠡᠨ᠎ᠡ᠃ ᠡᠮ ᠢᠶᠠᠷ ᠵᠠᠰᠠᠬᠤ ᠳᠤ 1000 ᠲᠠᠭᠢᠨ ᠤ ᠮᠧᠲ᠋ᠧᠯᠢᠳᠤ ᠲᠦᠸᠧ ᠪᠦ᠋ ᠶᠢᠨ ︵托布津︶ ᠡᠮ ᠪᠤᠶᠤ | 50% ᠶᠢᠨ ᠳ᠋ᠦᠸᠧ ᠵᠢᠶᠦ᠋ᠨ ᠯᠢᠩ ︵多菌灵︶ ᠡᠮ ᠤᠨ 1000 ᠲᠠᠭᠢᠨ ᠤ ᠰᠢᠩᠭᠡᠨ ᠢ ᠴᠢᠭᠢᠨ ᠳᠤᠨᠢ ᠴᠢᠳᠬᠤᠨ᠎ᠠ᠃ ᠪᠤᠷᠤ | ᠭᠦᠭᠡᠴᠤ᠂ ᠭᠡᠮ ᠪᠤᠯ ᠴᠡᠴᠡᠭ ᠵᠢᠮᠢᠰ ᠵᠡᠷᠭᠡ ᠨᠢᠯᠬ᠎ᠠ ᠨᠡᠭᠡᠳᠡᠰᠤ ᠲᠤ ᠬᠠᠯᠳᠠᠪᠤᠷᠢᠯᠠᠳᠠᠭ ᠪᠤᠯᠬᠤᠷ 50% ᠶᠢᠨ ᠹᠦ᠋ ᠮᠸᠢ ᠱᠤᠸᠠᠩ ︵福美双 | ︶ ᠡᠮ ᠤᠨ 600 ~ 700 ᠲᠠᠭᠢᠨ ᠤ ᠰᠢᠩᠭᠡᠨ ᠢ ᠮᠤ᠋ ᠪᠦᠷᠢ 100 ᠺᠢᠯᠤᠭ᠍ᠷᠡᠮ ᠤᠨ ᠭᠡᠮᠵᠢᠶ᠎ᠠ ᠪᠠᠷ ᠲᠤᠯᠤᠭᠠᠨ ᠬᠤᠨᠤᠭ ᠲᠤ ᠨᠢᠭᠡ ᠤᠳᠠᠭ᠎ᠠ | ᠰᠦᠷᠴᠢᠨ᠎ᠠ᠃ ᠡᠰᠡᠭᠦᠯ᠎ᠠ ᠮᠧᠲ᠋ᠢᠯᠳᠤ ᠲᠦᠸᠧ ᠪᠦ᠋ ᠶᠢᠨ ᠡᠮ ᠤᠨ 1000 ᠲᠠᠭᠢᠨ ᠤ ᠰᠢᠩᠭᠡᠨ ᠢ 10 ᠬᠤᠨᠤᠭ ᠠᠯᠤᠰᠯᠠᠭᠠᠳ 1 ᠤᠳᠠᠭ᠎ᠠ | ᠰᠦᠷᠴᠢᠭᠦ ᠪᠡ ᠭᠤᠷᠪᠡ ᠤᠳᠠᠭ᠎ᠠ ᠰᠦᠷᠴᠢᠪᠡᠯ ᠮᠠᠰᠢ ᠰᠠᠶᠢᠨ ᠦᠷ᠎ᠡ ᠳ᠋ᠦᠡᠭ ᠤᠯᠤᠨ᠎ᠠ᠃ ᠢᠳᠤᠬᠠᠨ ᠬᠤᠷᠤᠬᠠᠢ ᠪᠤᠯ ᠭᠤᠤᠯ ᠨᠢ ᠨᠠᠪᠴᠢ ᠶᠢ | ᠭᠦᠨᠦᠭᠡᠵᠤ ᠭᠦᠨᠳᠤ ᠨᠤᠴᠢᠳᠠᠢ ᠦᠶᠡᠰ ᠨᠠᠪᠴᠢ ᠶᠢ ᠪᠦᠭᠦᠨ ᠢ ᠢᠳᠡᠵᠤ ᠲᠠᠭᠤᠰᠬᠠᠳᠠᠭ᠃ ᠲᠡᠭᠦᠨ ᠢ ᠰᠡᠷᠭᠡᠶᠢᠯᠡᠨ ᠵᠠᠰᠠᠬᠤ ᠳᠤ ︵1︶ ᠲᠠᠷᠢᠶ᠎ᠠ | ᠪᠠᠨ ᠭᠦᠶᠦᠭᠡᠨ ᠬᠠᠭᠠᠯᠪᠤᠷᠢᠯᠡᠨ 7 ᠰᠠᠠᠲ᠋ᠢᠮᠧᠲᠷ ᠰᠢᠷᠤᠢ ᠨᠡᠮᠡᠵᠤ᠂ ᠪᠠᠶᠡᠯᠡᠭᠰᠡᠨ ᠬᠤᠷᠤᠬᠠᠢ ᠶᠢ ᠰᠡᠷᠭᠡᠶᠢᠯᠡᠨ᠎ᠡ᠃ ︵2︶ ᠳ᠋ᠸᠡᠭ ᠤᠨ ᠭᠡᠷᠡᠯ ᠢᠶᠠᠷ | ᠪᠡᠶᠡᠯᠡᠭᠰᠡᠨ ᠬᠤᠷᠤᠬᠠᠢ ᠶᠢ ᠬᠠᠭᠤᠷᠴᠤ ᠤᠰᠠᠳᠬᠠᠨ᠎ᠠ᠃ ︵3︶ ᠭᠦᠮᠦᠨ ᠤ ᠭᠦᠴᠤ ᠪᠠᠷ ᠭᠡᠤᠭᠡᠯᠳᠡᠢ ᠪᠠ ᠠᠪᠠᠭᠠᠯᠳᠠᠢ ᠶᠢ ᠨᠢ ᠤᠰᠠᠳᠬᠠᠨ᠎ᠠ᠃ ︵ | 4︶ ᠡᠮ ᠢᠶᠠᠷ ᠰᠡᠷᠭᠡᠶᠢᠯᠡᠨ ᠵᠠᠰᠠᠨ᠎ᠠ᠃ 90% ᠶᠢᠨ ᠳ᠋ᠢ ᠪᠠᠢ ᠴᠦᠡᠭ ︵敌百虫︶᠂ 50% ᠶᠢᠨ ᠱᠠ ᠮᠢᠩ ᠰᠦᠡᠭ ︵杀螟松 | ︶ ᠡᠮ ᠤᠨ 1000 ~ 1300 ᠲᠠᠭᠢᠨ ᠤ ᠰᠢᠩᠭᠡᠨ ᠢ ᠨᠠᠪᠴᠢᠨ ᠲᠡᠭᠡᠭᠦᠷ ᠨᠢ ᠰᠦᠷᠴᠢᠨ᠎ᠠ᠃ ︵5︶ ᠡᠪᠡᠰᠤᠨ ᠤ ᠮᠢᠩ ᠬᠤᠷᠤᠬᠠᠢ ᠶᠢ | ᠪᠤᠯ ᠪᠡᠶᠡᠯᠡᠭᠰᠡᠨ ᠬᠤᠷᠤᠬᠠᠢ ᠶᠢ ᠲᠤᠤᠷ ᠲᠠᠳᠠᠨ ᠤᠰᠠᠳᠬᠠᠨ᠎ᠠ᠃ ᠠᠪᠠᠭᠠᠯᠳᠡᠢ ᠶᠢ ᠨᠢ ᠡᠮ ᠢᠶᠠᠷ ᠤᠰᠠᠳᠬᠠᠨ᠎ᠠ᠂ ᠮᠤ᠋ ᠪᠦᠷᠢ 1500 ~ | 2000 ᠭᠷᠡᠮ ᠳ᠋ᠢ ᠪᠠᠢ ᠴᠦᠡᠭ ᠨᠤᠠᠳᠠᠭ ᠡᠮ ᠪᠤᠶᠤ 80% ᠶᠢᠨ ᠳ᠋ᠢ ᠳ᠋ᠢ ᠸᠧᠢ ᠡᠮ ᠲᠡᠭᠡᠷ᠎ᠡ 40% ᠶᠢᠨ ᠯᠧ ᠭᠦᠸᠧ ᠡᠮ ᠢ ᠨᠢᠭᠡᠨ ᠤ ᠨᠢᠭᠡ | ᠶᠢᠨ ᠬᠠᠷᠢᠴᠠᠯ ᠢᠶᠠᠷ ᠬᠤᠯᠢᠵᠤ᠂ 1000 ᠲᠠᠭᠢᠨ ᠤ ᠰᠢᠩᠭᠡᠨ ᠪᠤᠯᠭᠠᠨ ᠰᠦᠷᠴᠢᠨ᠎ᠠ᠃ | 16. ᠡᠷᠡᠨᠳᠡ ᠶᠢᠨ ᠭᠡᠮ ᠤᠨ ᠭᠦᠨᠦᠭᠡᠯ ᠢ ᠶᠠᠭᠠᠭᠢᠪᠠᠯ ᠪᠠᠭᠠᠰᠬᠠᠵᠤ ᠴᠢᠳᠠᠬᠤ ᠪᠤᠢ︖ | ᠪᠤᠳᠠᠳᠠᠢ ᠪᠠᠶᠢᠴᠠᠭᠠᠯᠳᠠ ᠶᠢᠨ ᠦᠷ᠎ᠡ ᠳ᠋ᠦᠡᠭ ᠠᠴᠠ ᠦᠵᠡᠪᠡᠯ᠂ ᠡᠭᠡᠯᠵᠢᠯᠡᠨ ᠲᠠᠷᠢᠠᠠᠰᠠᠨ ᠭᠠᠵᠠᠷ ᠲᠤ ᠭᠡᠮ ᠤᠨ ᠭᠦᠨᠦᠭᠡᠯ ᠡᠭᠦᠰᠭᠦ ᠨᠤᠷᠮ᠎ᠠ | ᠨᠢ 10% ᠠᠴᠠ ᠲᠤᠷᠤᠠᠠᠰᠢ᠂ ᠤᠠᠠᠳᠤᠵᠤ ᠲᠠᠷᠢᠠᠠᠰᠠᠨ ᠭᠠᠵᠠᠷ ᠤᠨ ᠭᠡᠮ ᠡᠭᠦᠰᠭᠦ ᠨᠤᠷᠮ᠎ᠡ ᠨᠢ 30% ᠤᠷᠴᠢᠮ᠂ ᠤᠨᠴᠠ ᠵᠠᠷᠢᠮ ᠲᠠᠪᠳᠡᠨ | ᠲᠠᠷᠢᠠᠠᠰᠠᠨ ᠭᠠᠵᠠᠷ ᠤᠨ ᠬᠢ 66% ᠳᠤ ᠭᠦᠷᠴᠤ ᠪᠠᠶᠢᠨ᠎ᠠ᠃ ᠡᠶᠢᠮᠤ ᠠᠴᠠ ᠡᠷᠡᠨᠳᠡ ᠶᠢ ᠭᠤᠤᠷᠰᠤ ᠶᠢ ᠨᠢ ᠰᠤᠯᠢᠵᠤ ᠦᠭᠡᠷ᠎ᠡ ᠪᠤᠰᠤᠳ ᠲᠠᠷᠢᠮᠠᠯ | ᠤᠨ ᠡᠭᠦᠯᠳᠡᠷ ᠲᠠᠢ ᠡᠭᠡᠯᠵᠢᠯᠡᠨ ᠲᠠᠷᠢᠬᠤ ᠪᠤᠯ ᠲᠠᠷᠢᠮᠠᠯ ᠤᠨ ᠤᠨᠠᠯᠳᠠ ᠶᠢ ᠨᠡᠮᠡᠭᠳᠡᠭᠦᠯᠵᠤ᠂ ᠭᠦᠷᠦᠰᠤ ᠰᠢᠷᠤᠢ ᠶᠢᠨ ᠦᠡᠭ ᠰᠢᠮ᠎ᠠ ᠶᠢᠨ | ᠲᠡᠩᠴᠡᠭᠦᠷᠢ ᠶᠢ ᠪᠠᠳᠤᠯᠠᠬᠤ ᠪᠦᠳᠦᠮᠵᠢᠳᠡᠢ ᠠᠷᠭ᠎ᠠ ᠭᠡᠮᠵᠢᠶ᠎ᠠ ᠪᠤᠯᠤᠨ᠎ᠠ᠃ ᠡᠷᠨᠨᠳᠡ ᠶᠢ 3 ~ 4 ᠵᠢᠯ ᠳᠤ ᠪᠤᠰᠤᠳ ᠲᠠᠷᠢᠮᠠᠯ ᠲᠠᠢ ᠡᠭᠡᠯᠵᠢᠯᠡᠨ | ᠲᠠᠷᠢᠬᠤ ᠭᠡᠷᠡᠭᠳᠡᠢ᠃ ᠡᠷᠡᠨᠳᠡ ᠶᠢ ᠲᠠᠪᠳᠡᠨ ᠲᠠᠷᠢᠬᠤ ᠪᠠ ᠤᠠᠠᠳᠤᠨ ᠲᠠᠷᠢᠪᠠᠯ ᠭᠦᠷᠦᠰᠤ ᠰᠢᠷᠤᠢ ᠶᠢᠨ ᠦᠡᠭ ᠰᠢᠮ᠎ᠠ ᠶᠢ ᠶᠡᠭᠡᠳᠡ ᠬᠤᠷᠤᠠᠠᠳᠠᠭᠤᠯᠵᠤ | ᠂ ᠡᠷᠨᠨᠳᠡ ᠶᠢᠨ ᠤᠨᠠᠯᠳᠠ ᠪᠠ ᠶᠠᠰᠤ ᠴᠢᠨᠠᠷ ᠢ ᠪᠠᠭᠤᠷᠠᠭᠤᠯᠬᠤ ᠮᠦᠷᠳᠡᠭᠡᠨ ᠤᠯᠠᠨ ᠵᠢᠯ ᠲᠠᠷᠢᠠᠠᠰᠠᠨ ᠠᠴᠠ ᠪᠤᠯᠤᠭᠠᠳ ᠭᠦᠷᠦᠰᠤ ᠰᠢᠷᠤᠢ ᠳᠠᠬᠢ | ᠭᠡᠮ ᠲᠠᠢ ᠨᠠᠪᠴᠢ ᠨᠠᠮᠠᠭ᠎ᠠ ᠨᠢ ᠤᠯᠠᠰᠢᠷᠠᠵᠤ᠂ ᠡᠪᠡᠳᠴᠢᠨ ᠤ ᠪᠠᠺᠲ᠋ᠧᠷᠢ ᠲᠦᠷᠭᠡᠨ ᠦᠷᠡᠵᠢᠨ ᠬᠠᠯᠳᠠᠪᠤᠷᠢᠯᠠᠵᠤ᠂ ᠵᠢᠯ ᠠᠴᠠ ᠵᠢᠯ ᠭᠦᠨᠳᠦᠷᠡᠭᠦ | ᠪᠤᠯᠤᠨ᠎ᠠ᠂ ᠡᠭᠦᠨ ᠤ ᠬᠠᠮᠳᠤ ᠡᠷᠨᠨᠳᠡ ᠶᠢ ᠡᠭᠡᠯᠵᠢᠯᠡᠨ ᠲᠠᠷᠢᠪᠠᠯ ᠲᠠᠷᠠᠭ᠎ᠠ ᠲᠠᠷᠢᠬᠤ ᠲᠠᠷᠢᠮᠠᠯ ᠤᠨ ᠤᠨᠠᠯᠳᠠ ᠶᠢ ᠪᠦᠳᠦᠮᠵᠢᠳᠡᠢ ᠪᠠᠷ ᠲᠡᠭᠡᠭᠰᠢᠯᠡᠭᠦᠯᠵᠤ | ᠴᠢᠳᠠᠨ᠎ᠠ᠃ | 17. ᠡᠷᠡᠨᠳᠡ ᠶᠢ ᠶᠠᠮᠠᠷ ᠲᠠᠷᠢᠮᠠᠯ ᠲᠠᠢ ᠡᠭᠡᠯᠵᠢᠯᠡᠨ ᠲᠠᠷᠢᠵᠤ ᠪᠤᠯᠬᠤ ᠪᠤᠢ︖ | ᠡᠷᠡᠨᠳᠡ ᠶᠢ ᠡᠷᠳᠡᠨᠢ ᠰᠢᠰᠢ᠂ ᠰᠢᠰᠢ᠂ ᠬᠠᠷ᠎ᠠ ᠪᠤᠳᠠᠭ᠎ᠠ ᠵᠢᠴᠢ ᠲᠦᠮᠤᠰᠤ ᠲᠠᠢ ᠪᠦᠷ ᠡᠭᠡᠯᠵᠢᠯᠡᠨ ᠲᠠᠷᠢᠵᠤ ᠪᠤᠯᠤᠨ᠎ᠠ᠃ ᠭᠡᠭᠦ ᠳᠡᠭᠡᠨ ᠬᠠᠮᠤᠭ | ᠤᠨ ᠰᠠᠶᠢᠨ ᠨᠢ ᠭᠦᠶᠦᠭᠡᠨ ᠦᠨᠳᠤᠰᠤ ᠲᠠᠢ ᠲᠠᠷᠢᠮᠠᠯ ᠲᠠᠢ ᠡᠭᠡᠯᠵᠢᠯᠡᠨ ᠲᠠᠷᠢᠪᠡᠯ ᠨᠡᠩ ᠰᠠᠶᠢᠨ ᠪᠠᠶᠢᠳᠠᠭ᠃ | 18. ᠡᠷᠡᠨᠳᠡ ᠶᠢ ᠭᠡᠷᠭᠢᠨ ᠲᠡᠭᠦᠵᠤ ᠬᠤᠷᠢᠶᠠᠬᠤ ᠪᠠ ᠮᠦᠯᠢᠭᠦ ᠪᠤᠢ︖ | ᠡᠷᠡᠨᠳᠡ ᠶᠢᠨ ᠲᠦᠷᠦᠭᠦᠤ ᠨᠢ ᠤᠳᠠᠭᠠᠯᠠᠨ ᠪᠤᠯᠪᠠᠰᠤᠷᠠᠳᠠᠭ ᠲᠤᠯᠠ ᠴᠠᠭ ᠲᠠᠷᠤᠢ ᠳᠤᠨᠢ ᠡᠯᠪᠡᠭ ᠬᠤᠷᠢᠶᠠᠬᠤ ᠭᠡᠷᠡᠭᠳᠡᠢ᠃ ᠡᠷᠡᠠᠳᠡ ᠶᠢᠨ | ᠪᠤᠯᠪᠠᠰᠤᠷᠬᠠᠰᠠᠨ ᠪᠠᠷᠢᠮᠵᠢᠶ᠎ᠠ ᠨᠢ ᠪᠤᠯ ᠪᠦᠭᠦᠶᠢᠯᠡ ᠲᠦᠷᠦᠭᠦᠤ ᠶᠢᠨ ᠭᠢᠨᠢ ᠭᠤᠷᠪᠡᠨ ᠤ ᠨᠢᠭᠡ ᠶᠢᠨ ᠬᠤᠨᠭ᠍ᠭᠤᠷᠴᠤᠠᠠᠳᠤ ᠵᠢᠮᠢᠰ ᠤᠨ ᠭᠠᠳᠠᠷ ᠬᠠᠯᠢᠰᠤ | ᠨᠢ ᠬᠠᠭᠠᠷᠠᠵᠤ ᠭᠦᠷᠡᠩᠳᠡᠪᠡᠯ ᠭᠦᠢᠴᠡᠳ ᠪᠤᠯᠪᠠᠰᠤᠷᠬᠠᠰᠠᠨ ᠢ ᠢᠯᠡᠳᠭᠡᠭᠦ ᠲᠤᠯᠠ ᠲᠠᠷᠠ ᠲᠠᠷᠤᠢ ᠳᠤᠨᠢ ᠲᠡᠭᠦᠵᠤ ᠬᠤᠷᠢᠶᠠᠬᠤ ᠭᠡᠷᠡᠭᠳᠡᠢ᠃ ᠲᠡᠭᠦᠵᠤ | ᠬᠤᠷᠢᠶᠠᠬᠤ ᠳᠠᠭᠠᠨ ᠵᠢᠮᠢᠰ ᠤᠨ ᠮᠤᠳᠤᠨ ᠤ ᠬᠠᠶᠢᠴᠢ ᠪᠤᠯᠤᠨ ᠭᠢᠳᠤᠭ᠎ᠠ ᠪᠠᠷ ᠰᠠᠭᠤᠷᠢ ᠭᠡᠰᠡᠭ ᠤᠨ ᠪᠦᠭᠦᠯᠢ ᠲᠦᠷᠦᠭᠦᠤ ᠶᠢ ᠨᠢ ᠬᠠᠶᠢᠴᠢᠯᠡᠨ | ᠠᠪᠤᠭᠠᠳ ᠬᠠᠳᠠᠭᠠᠬᠤ ᠪᠠ ᠲᠦᠪᠯᠡᠷᠡᠭᠦᠯᠦᠨ ᠬᠠᠳᠠᠭᠠᠯᠠᠵᠤ᠂ ᠪᠦᠭᠦᠨ ᠢ ᠲᠡᠭᠦᠵᠤ ᠬᠤᠷᠢᠶ᠋ᠬᠠᠰᠠᠨ ᠤ ᠰᠡᠭᠦᠯᠡᠷ ᠨᠢᠭᠡᠯᠡ ᠤᠳᠠᠭ᠎ᠠ ᠲᠡᠭᠡᠷ᠎ᠡ ᠪᠦᠭᠦᠨ ᠢ | ᠮᠦᠯᠢᠭᠦ ᠭᠡᠷᠡᠭᠳᠡᠢ᠂ ᠡᠷᠡᠨᠳᠡ ᠶᠢᠨ ᠬᠤᠨᠭ᠍ᠭᠤᠷᠴᠤᠠᠠᠳᠤ ᠵᠢᠮᠢᠰ ᠤᠨ ᠭᠠᠳᠠᠷ ᠬᠠᠯᠢᠰᠤ ᠨᠢ ᠨᠠᠯᠢᠶᠠᠳ ᠵᠤᠵᠠᠭᠠᠨ ᠪᠦᠭᠡᠳ ᠤᠰᠤᠨ ᠤ ᠠᠭᠤᠯᠤᠭᠳᠠᠴᠨ | ᠨᠢ ᠶᠡᠭᠡ ᠪᠠᠶᠢᠳᠠᠭ ᠪᠤᠯᠬᠤᠷ ᠨᠢᠭᠡᠯᠡ ᠲᠡᠭᠡᠷ᠎ᠡ ᠰᠠᠶᠢᠨ ᠬᠠᠳᠠᠭᠠᠬᠤ ᠭᠡᠷᠡᠭᠳᠡᠢ᠃ ᠭᠡᠳᠦᠢ ᠰᠠᠶᠢᠨ ᠬᠠᠳᠠᠭᠠᠪᠠᠯ ᠮᠦᠭᠦᠯᠢᠭ ᠢ ᠨᠢ ᠮᠦᠯᠢᠭᠦ ᠳᠤ ᠲᠠᠳᠦᠢ | ᠠᠮᠠᠷᠬᠠᠨ ᠪᠠᠶᠢᠳᠠᠭ᠃ ᠬᠠᠭᠠᠰ ᠬᠠᠳ᠋ᠬᠠᠰᠠᠨ ᠡᠷᠡᠨᠳᠡ ᠶᠢᠨ ᠮᠦᠭᠦᠯᠢᠭ ᠢ ᠮᠦᠯᠢᠭᠦ ᠳᠤ ᠲᠤᠩ ᠭᠦᠴᠢᠷᠳᠡᠢ ᠪᠠᠶᠢᠳᠠᠭ ᠪᠦᠭᠡᠳ ᠦᠷ᠎ᠡ ᠶᠢ ᠨᠢ | ᠠᠮᠠᠷᠬᠠᠨ ᠭᠡᠮᠭᠡᠯᠴᠢᠭᠡᠳᠡᠭ᠃ ᠮᠦᠯᠢᠭᠦ ᠠᠷᠭ᠎ᠠ ᠨᠢ ᠭᠡᠪᠡᠯ ᠨᠢᠭᠡ ᠳᠤ ᠲᠤᠰᠬᠠᠢ ᠮᠦᠯᠢᠭᠦ ᠮᠠᠰᠢᠨ ᠢᠶᠠᠷ ᠮᠦᠯᠢᠨ᠎ᠠ᠃ ᠬᠤᠶᠠᠷ ᠲᠤ ᠭᠦᠮᠦᠨ ᠤ ᠭᠦᠴᠤ | ᠪᠠᠷ ᠮᠦᠯᠢᠨ᠎ᠠ᠃ ᠭᠦᠮᠦᠨ ᠤ ᠭᠦᠴᠤ ᠪᠠᠷ ᠮᠦᠯᠢᠭᠦ ᠠᠷᠭ᠎ᠠ ᠪᠤᠯ ᠬᠠᠳᠠᠭᠠᠠᠠᠰᠠᠨ ᠡᠷᠡᠨᠳᠡ ᠪᠠᠨ ᠬᠠᠳᠠᠭᠤ ᠭᠠᠵᠠᠷ ᠲᠠᠯᠠᠪᠤᠷ ︵ᠱᠤᠶᠢᠨᠢ ᠲᠠᠯᠠᠪᠤᠷ ᠢ | ᠭᠡᠷᠡᠭᠯᠡᠵᠤ ᠪᠤᠯᠬᠤ ᠦᠭᠡᠢ︶ ᠲᠡᠭᠡᠷ᠎ᠡ 10 ᠰᠠᠠᠲ᠋ᠢᠮᠧᠲᠷ ᠤᠷᠴᠢᠮ ᠵᠤᠵᠠᠭᠠᠨ ᠲᠡᠯᠭᠡᠨ ᠲᠡᠪᠢᠰᠴᠤ᠂ ᠴᠢᠯᠠᠭᠤᠨ ᠰᠢᠳᠠᠮ ᠪᠤᠶᠤ ᠮᠤᠳᠤᠨ ᠰᠢᠳᠡᠮ ᠢᠶᠠᠷ | ᠲᠠᠭᠢᠨ ᠲᠠᠪᠳᠡᠨ ᠰᠠᠪᠠᠵᠤ ᠬᠠᠯᠢᠰᠤ ᠶᠢ ᠨᠢ ᠴᠠᠪᠡᠷᠯᠡᠨ ᠠᠷᠢᠯᠭᠠᠨ᠎ᠠ᠃ | 19. ᠡᠷᠡᠨᠳᠡ ᠲᠠᠷᠢᠬᠤ ᠳᠤ ᠪᠦᠷᠭᠦᠭᠦᠯ ᠲᠠᠳᠠᠵᠤ ᠪᠤᠯᠤᠨ᠎ᠠ ᠤᠤ︖ | ᠭᠡᠯᠡᠯᠭᠡᠨ ᠦᠭᠡᠢ ᠪᠤᠯᠤᠨ᠎ᠠ᠃ ᠪᠦᠷᠭᠦᠭᠦᠯ ᠢᠶᠠᠷ ᠬᠤᠴᠢᠪᠡᠯ᠂ ᠭᠠᠵᠠᠷ ᠤᠨ ᠲᠤᠯᠠᠭᠠᠨ ᠢ ᠲᠡᠭᠡᠭᠰᠢᠯᠡᠭᠦᠯᠦᠨ᠂ ᠡᠷᠳᠡ ᠰᠤᠶᠤᠭᠠᠯᠠᠬᠤ | ᠲᠦᠷᠭᠡᠨ ᠤᠷᠭᠤᠬᠤ ᠶᠢ ᠠᠭᠢᠭᠤᠯᠵᠤ᠂ ᠭᠦᠷᠦᠰᠤ ᠰᠢᠷᠤᠢ ᠶᠢᠨ ᠴᠢᠭᠢᠭ ᠪᠤᠷᠳᠤᠭᠤᠷ ᠢ ᠬᠠᠮᠠᠭᠠᠯᠠᠬᠤ ᠪᠠ ᠭᠦᠷᠦᠰᠤ ᠰᠢᠷᠤᠢ ᠶᠢ ᠰᠤᠯᠠᠬᠠᠨ | ᠪᠠᠶᠢᠯᠭᠠᠵᠤ᠂ ᠭᠦᠷᠦᠰᠤ ᠰᠢᠷᠤᠢ ᠶᠢᠨ ᠰᠢᠮ᠎ᠠ ᠲᠡᠵᠢᠭᠡᠯ ᠤᠨ ᠠᠰᠢᠠᠠᠯᠠᠯᠳᠠ ᠶᠢᠨ ᠨᠤᠷᠮ᠎ᠡ ᠶᠢ ᠲᠡᠭᠡᠭᠰᠢᠯᠡᠭᠦᠯᠵᠤ᠂ ᠭᠦᠷᠦᠰᠤᠨ ᠤ ᠲᠠᠪᠤᠰᠤᠵᠢᠯ | ᠤᠨ ᠭᠡᠮᠵᠢᠶ᠎ᠠ ᠶᠢ ᠬᠤᠷᠢᠠᠠᠯᠠᠵᠤ᠂ ᠭᠡᠮ ᠬᠤᠷᠤᠬᠠᠢ ᠶᠢᠨ ᠭᠦᠨᠦᠭᠡᠯ ᠢ ᠪᠠᠭᠠᠰᠬᠠᠵᠤ᠂ ᠭᠦᠳᠡᠯᠮᠤᠷᠢ ᠶᠢᠨ ᠡᠷᠴᠢᠮ ᠢ ᠪᠠᠭᠤᠷᠠᠭᠤᠯᠵᠤ᠂ ᠶᠠᠷᠦᠩᠭᠡᠢ | ᠳᠡᠭᠡᠨ ᠤᠨᠠᠯᠳᠠ ᠶᠢ 30% ᠠᠴᠠ ᠲᠡᠭᠡᠭᠰᠢ ᠨᠡᠮᠡᠭᠳᠡᠭᠦᠯᠳᠡᠭ᠂ ᠭᠡᠪᠡᠴᠤ ᠡᠩ ᠲᠠᠷᠢᠭᠦᠨ ᠳᠤ ᠤᠷᠤᠭᠤᠯᠤᠯᠳᠠ ᠪᠠ ᠭᠠᠷᠭᠠᠯᠳᠠ ᠶᠢᠨ ᠭᠦᠴᠤᠨ | ᠵᠤᠶᠢᠯ ᠢ ᠪᠤᠳᠤᠯᠭᠢᠯᠠᠬᠤ ᠭᠡᠷᠡᠭᠳᠡᠢ᠃ ᠶᠠᠷᠤ ᠶᠢᠨ ᠪᠠᠶᠢᠳᠠᠯ ᠲᠤᠤᠷ᠎ᠠ᠂ ᠪᠦᠷᠭᠦᠭᠦᠯ ᠢᠶᠠᠷ ᠬᠤᠴᠢᠬᠤ ᠮᠡᠷᠭᠡᠵᠢᠯ ᠢ ᠭᠡᠷᠡᠭᠯᠡᠭᠦ ᠳᠤ ᠮᠤ᠋ ᠪᠦᠷᠢ ᠦᠪᠡᠷ | ᠤᠨ ᠦᠷᠳᠡᠭ ᠢ 30 ~ 50 ᠲᠦᠭᠦᠷᠢᠭ ᠨᠡᠮᠡᠭᠳᠡᠭᠦᠯᠭᠦ ᠴᠢᠬᠤᠯᠠ ᠲᠠᠢ ᠶᠤᠮ᠂ ᠭᠡᠷᠪᠡ ᠡᠷᠡᠨᠳᠡ ᠶᠢᠨ ᠵᠠᠬ᠎ᠠ ᠲᠡᠯᠭᠡᠭᠦᠷ ᠤᠨ ᠪᠤᠷᠤᠯᠠᠭᠤᠯᠭ᠎ᠠ | ᠶᠢᠨ ᠦᠨ᠎ᠠ ᠬᠠᠨᠭ᠍ᠰᠢ ᠭᠡᠳᠦᠷᠭᠡᠢ ᠲᠤᠤᠷ᠎ᠡ ᠪᠤᠯᠪᠠᠯ ᠦᠷ᠎ᠡ ᠠᠰᠢᠭ ᠬᠠᠷᠢᠴᠠᠩᠭᠤᠢ ᠪᠠᠷ ᠬᠠᠰᠤᠠᠠᠳᠠᠵᠤ ᠠᠰᠠᠭᠤᠳᠠᠯ ᠲᠤᠯᠭᠠᠷᠠᠨ᠎ᠠ᠃ ᠡᠶᠢᠮᠤ ᠪᠢᠰᠢ ᠪᠤᠯ | ᠮᠡᠳᠡᠭᠳᠡᠮ᠎ᠡ ᠠᠵᠤ ᠠᠬᠤᠢ ᠶᠢᠨ ᠦᠷ᠎ᠡ ᠠᠰᠢᠭ ᠤᠯᠬᠤ ᠪᠤᠯᠤᠨ᠎ᠠ᠃ | 20. ᠡᠷᠡᠨᠳᠡ ᠶᠢ ᠪᠦᠷᠭᠦᠭᠦᠯ ᠳᠤ ᠶᠠᠭᠠᠭᠢᠵᠤ ᠲᠠᠷᠢᠬᠤ ᠪᠤᠢ︖ | ᠡᠩ ᠲᠡᠷᠢᠭᠦᠨ ᠳᠤ ᠪᠦᠷᠭᠦᠭᠦᠯ ᠤᠨ ᠭᠠᠵᠠᠷ ᠲᠠᠯᠠᠪᠠᠢ ᠪᠠᠨ ᠰᠠᠶᠢᠳᠤᠷ ᠲᠡᠭᠰᠢᠯᠡᠨ᠂ ᠪᠤᠷᠳᠤᠭᠤᠷ ᠤᠷᠤᠭᠤᠯᠬᠤ ᠭᠡᠷᠡᠭᠳᠡᠢ᠃ ᠶᠠᠷᠦᠩᠭᠢ ᠳᠡᠭᠡᠨ | ᠡᠪᠤᠯ ᠭᠠᠵᠠᠷ ᠲᠠᠯᠠᠪᠠᠢ ᠳᠠᠭᠠᠨ 1000 ~ 2000 ᠺᠢᠯᠤᠭ᠍ᠷᠡᠮ ᠤᠷᠭᠠᠨᠢᠭ ᠪᠠ ᠰᠢᠭᠡᠭ ᠪᠤᠷᠳᠤᠭᠤᠷ ᠤᠷᠤᠭᠤᠯᠵᠤ᠂ ᠬᠠᠪᠤᠷ ᠭᠠᠵᠠᠷ ᠭᠡᠰᠦᠭᠰᠡᠨ ᠤ | ᠰᠡᠭᠦᠯᠡᠷ ᠮᠤ᠋ ᠪᠦᠷᠢ 30 ~ 50 ᠺᠢᠯᠤᠭ᠍ᠷᠡᠮ ᠭᠤᠷᠪᠡᠨ ᠨᠡᠶᠢᠯᠡᠯᠭᠡ ᠶᠢᠨ ᠰᠠᠭᠤᠷᠢ ᠪᠤᠷᠳᠤᠭᠤᠷ ᠰᠠᠴᠤᠨ ᠤᠷᠤᠭᠤᠯᠬᠤ ᠪᠤᠶᠤ 50 ᠺᠢᠯᠤᠭ᠍ᠷᠡᠮ ᠭᠡᠳᠤ | ᠹᠤᠰᠹᠤᠷ ᠭᠦᠴᠢᠯ ᠤᠨ ᠺᠠᠯᠼ ᠶᠢ 10 ~15 ᠺᠢᠯᠤᠭ᠍ᠷᠡᠮ ᠭᠦᠭᠦᠷ ᠭᠦᠴᠢᠯ ᠤᠨ ᠺᠠᠯᠢ ᠲᠠᠢ ᠬᠤᠯᠢᠨ ᠤᠷᠤᠭᠤᠯᠵᠤ᠂ 30 ~ 40 ᠺᠢᠯᠤᠭ᠍ᠷᠡᠮ | ᠨᠡᠭᠦᠷᠡᠰᠤ ᠭᠦᠴᠢᠯ ᠤᠨ ᠤᠰᠤᠳᠦ᠋ᠷᠦᠭᠴᠢ ᠰᠢᠪᠳᠤᠷ ᠢ ᠰᠠᠭᠤᠷᠢ ᠪᠤᠷᠳᠤᠭᠤᠷ ᠪᠤᠯᠭᠠᠵᠤ᠂ ᠲᠠᠷᠠᠭ᠎ᠠ ᠪᠠᠷ ᠨᠢ ᠭᠦᠨ ᠬᠠᠭᠠᠯᠪᠤᠷᠢᠯᠠᠨ ᠲᠡᠭᠰᠢᠯᠡᠨ᠎ᠡ᠃ | ᠬᠠᠭᠠᠯᠪᠤᠷᠢᠯᠠᠬᠤ ᠠᠴᠠ ᠪᠠᠨ ᠡᠮᠦᠨ᠎ᠠ ᠪᠤᠷᠳᠤᠭᠤᠷ ᠤᠷᠤᠭᠤᠯᠤᠭᠰᠠᠨ ᠦᠭᠡᠢ ᠭᠠᠵᠠᠷ ᠭᠡᠰᠡᠭ ᠲᠤ ᠬᠠᠭᠠᠯᠪᠤᠷᠢᠯᠬᠠᠰᠠᠨ ᠤ ᠪᠠᠨ ᠰᠡᠭᠦᠯᠡᠷ ᠡᠷᠡᠨᠳᠡ ᠶᠢᠨ | ᠢᠶᠠᠨ ᠵᠤᠷᠬ᠎ᠠ ᠶᠢᠨ ᠵᠠᠢ ᠶᠢ ᠦᠨᠳᠦᠰᠦᠯᠡᠨ ᠲᠠᠷᠢᠬᠤ ᠮᠦᠷ ᠠᠴᠠ ᠪᠠᠨ 15 ~ 20 ᠰᠠᠠᠲ᠋ᠢᠮᠧᠲᠷ ᠵᠠᠶᠢᠳᠠᠢ᠂ 5 ~ 10 ᠰᠠᠠᠲ᠋ᠢᠮᠧᠲᠷ ᠭᠦᠨ | ᠳᠤ ᠮᠠᠰᠢᠨ ᠢᠶᠠᠷ ᠪᠤᠷᠳᠤᠭᠤᠷ ᠤᠷᠤᠭᠤᠯᠬᠤ ᠭᠡᠷᠡᠭᠳᠡᠢ᠃ ᠭᠡᠭᠦ ᠳᠡᠭᠡᠨ ᠬᠤᠵᠢᠷᠯᠢᠭ ᠭᠠᠵᠠᠷ ᠢ ᠪᠤᠯ ᠭᠦᠯᠳᠡᠭᠦ ᠠᠴᠠ ᠡᠮᠦᠨ᠎ᠠ ᠭᠦᠨ ᠬᠠᠭᠠᠯᠪᠤᠷᠢᠯᠠᠨ | ᠨᠠᠷᠬᠠᠳᠠᠬᠤ ᠦᠭᠡᠢ ᠲᠠᠯᠪᠢᠨ᠂ ᠭᠦᠷᠤᠰᠤ ᠰᠢᠷᠤᠢ ᠶᠢᠨ ᠰᠠᠯᠭᠢᠵᠢᠯ ᠢ ᠠᠭᠢᠭᠤᠯᠵᠤ᠂ ᠬᠠᠪᠤᠷ ᠭᠠᠵᠠᠷ ᠭᠡᠰᠦᠭᠰᠡᠨ ᠤ ᠰᠡᠭᠦᠯᠡᠷ ᠤᠰᠤᠯᠠᠨ ᠬᠤᠵᠢᠷ ᠢ | ᠨᠢ ᠲᠠᠷᠤᠵᠤ ᠨᠠᠷᠢᠯᠢᠭ ᠨᠠᠷᠬᠠᠳᠠᠨ ᠲᠡᠭᠰᠢᠯᠡᠨ᠎ᠡ᠃ ᠤᠷᠭᠠᠨᠢᠭ ᠪᠤᠷᠳᠤᠭᠤᠷ ᠨᠡᠮᠡᠨ ᠤᠷᠤᠭᠤᠯᠵᠤ᠂ ᠭᠡᠳᠤ ᠹᠤᠰᠹᠤᠷ ᠭᠦᠴᠢᠯ ᠤᠨ ᠺᠠᠯᠼ ᠪᠠᠷ ᠭᠦᠷᠦᠰᠤ | ᠰᠢᠷᠤᠢ ᠶᠢᠨ ᠪᠦᠳᠦᠴᠡ ᠶᠢ ᠰᠠᠶᠢᠵᠢᠷᠠᠭᠤᠯᠵᠤ᠂ ᠭᠦᠷᠦᠰᠤ ᠰᠢᠷᠤᠢ ᠶᠢᠨ ᠭᠡᠢ ᠨᠡᠪᠳᠡᠷᠡᠭᠦ ᠴᠢᠨᠠᠷ ᠪᠠ ᠤᠰᠤ ᠬᠠᠳᠠᠭᠠᠯᠠᠯᠳᠠ ᠶᠢ ᠨᠡᠮᠡᠭᠳᠡᠭᠦᠯᠵᠤ᠂ | ᠲᠠᠪᠤᠰᠤᠵᠢᠯ ᠬᠤᠵᠢᠷᠳᠠᠯ ᠨᠢ ᠡᠷᠡᠨᠳᠡ ᠶᠢᠨ ᠦᠨᠳᠤᠰᠤᠨ ᠰᠢᠰᠲ᠋ᠧᠮ ᠢ ᠭᠡᠮᠳᠦᠭᠡᠭᠦ ᠠᠴᠠ ᠰᠡᠷᠭᠡᠶᠢᠯᠡᠨ᠎ᠡ᠃ | ᠲᠠᠷᠠᠭ᠎ᠠ ᠳᠤᠨᠢ ᠪᠦᠷᠭᠦᠭᠦᠯ ᠢᠶᠠᠷ ᠬᠤᠴᠢᠬᠤ ᠴᠠᠭ ᠬᠤᠭᠤᠴᠠᠭ᠎ᠠ ᠶᠢ ᠪᠤᠯ ᠡᠯ᠎ᠡ ᠭᠠᠵᠠᠷ ᠤᠨ ᠠᠭᠤᠷ ᠠᠮᠢᠰᠬᠤᠯ ᠤᠨ ᠨᠦᠭᠦᠴᠡᠯ ᠢ | ᠦᠨᠳᠦᠰᠦᠯᠡᠨ ᠲᠤᠠᠠᠳᠠᠭᠠᠨ᠎ᠠ᠃ ᠶᠠᠷᠦᠩᠭᠡᠢ ᠳᠡᠭᠡᠨ ᠬᠠᠪᠤᠷ ᠭᠠᠵᠠᠷ ᠭᠡᠰᠦᠭᠰᠡᠨ ᠤ ᠰᠡᠭᠦᠯᠡᠷ ᠭᠠᠵᠠᠷ ᠤᠨ ᠲᠤᠯᠠᠭᠠᠨ 5℃ ᠳᠤ ᠲᠤᠭᠳᠠᠪᠦᠷᠢᠵᠢᠬᠤ | ᠦᠶᠡᠰ ᠪᠦᠷᠭᠦᠭᠦᠯ ᠢᠶᠠᠨ ᠬᠤᠴᠢᠨ᠎ᠠ᠃ ᠪᠦᠷᠭᠦᠭᠦᠯ ᠢᠶᠠᠨ ᠤᠷᠢᠳᠴᠢᠯᠠᠨ ᠬᠤᠴᠢᠪᠡᠯ ᠭᠦᠷᠤᠰᠤ ᠰᠢᠷᠤᠢ ᠶᠢᠨ ᠤᠰᠤ ᠶᠢ ᠬᠠᠮᠠᠭᠠᠯᠠᠬᠤ ᠪᠠ ᠭᠠᠵᠠᠷ | ᠤᠨ ᠲᠤᠯᠠᠭᠠᠨ ᠢ ᠨᠡᠮᠡᠭᠳᠡᠭᠦᠯᠭᠦ ᠳᠤ ᠠᠰᠢᠠᠠᠳᠠᠢ ᠶᠤᠮ᠃ ᠡᠷᠨᠨᠳᠡ ᠶᠢᠨ ᠪᠦᠷᠭᠦᠭᠦᠯ ᠢ ᠶᠠᠷᠤ ᠠᠴᠠ ᠲᠡᠩ ᠮᠦᠷ ᠢᠶᠠᠷ ᠬᠤᠴᠢᠪᠡᠯ ᠨᠡᠯᠢᠶᠡᠳ | ᠰᠠᠶᠢᠨ ᠪᠠᠶᠢᠳᠠᠭ᠃ ᠡᠭᠦᠨ ᠤ ᠬᠠᠮᠳᠤ ᠪᠦᠷᠭᠦᠭᠦᠯ ᠬᠤᠴᠠᠬᠤ ᠮᠦᠷ ᠤᠨ ᠵᠠᠢ ᠶᠢ 120 ~ 140 ᠰᠠᠠᠲ᠋ᠢᠮᠧᠲᠷ ᠦᠷᠭᠡᠳᠭᠡᠵᠤ᠂ ᠪᠡᠯᠡ | ᠤᠷᠤᠭᠤᠯᠤᠯᠳᠠ ᠶᠢ ᠠᠷᠪᠢᠯᠠᠬᠤ ᠶᠢᠨ ᠲᠤᠰᠠᠳᠠ 60 ~ 70 ᠰᠠᠠᠲ᠋ᠢᠮᠧᠲᠷ ᠦᠷᠭᠡᠨ ᠡᠩ ᠲᠠᠢ᠂ 0.006 ~ 0.008 ᠰᠠᠠᠲ᠋ᠢᠮᠧᠲᠷ | ᠵᠤᠵᠠᠭᠠᠨ ᠭᠡᠳᠤ ᠨᠢᠮᠭᠡᠨ ᠭᠡᠯᠪᠡᠷᠢ ᠶᠢᠨ ᠪᠦᠭᠡᠭᠡᠨᠡᠷᠡᠯ ᠡᠲ᠋ᠧᠨ ᠪᠦᠷᠭᠦᠭᠦᠯ ᠪᠤᠶᠤ ᠲᠤᠤᠷ᠎ᠠ ᠲᠠᠷᠤᠴᠠᠳᠤ ᠪᠦᠭᠡᠭᠡᠨᠡᠷᠡᠯ ᠡᠲ᠋ᠧᠨ ᠤ ᠦᠨᠳᠤᠷ | ᠨᠢᠠᠠᠳᠠᠴᠠᠳᠤ ᠪᠦᠷᠭᠦᠭᠦᠯ ᠢ ᠭᠡᠷᠡᠭᠯᠡᠵᠤ ᠪᠤᠯᠤᠨ᠎ᠠ᠃ ᠡᠭᠦᠨ ᠠᠴᠠ ᠭᠠᠳᠠᠨ᠎ᠠ᠂ ᠪᠤᠰᠤᠳ ᠲᠠᠯ᠎ᠠ ᠶᠢᠨ ᠬᠠᠮᠢᠶᠠᠷᠤᠯᠳᠠ ᠶᠢᠨ ᠠᠷᠭ᠎ᠠ ᠶᠢ ᠡᠷᠡᠨᠳᠡ ᠶᠢᠨ | ᠪᠠᠶᠢᠡᠭᠭᠤ ᠶᠢᠨ ᠲᠠᠷᠢᠬᠤ ᠲᠦᠷᠢᠮ ᠢᠶᠠᠷ ᠶᠠᠪᠤᠠᠠᠳᠠᠭᠤᠯᠤᠨ᠎ᠠ᠃ |