| | ᠯᠢᠩᠬᠸ᠎ᠠ ᠶᠢᠨ ᠨᠠᠪᠴᠢᠨ ᠴᠤᠬᠤ ᠶᠢᠨ | ᠬᠦᠨᠦᠭᠡᠯ ᠢ ᠰᠡᠷᠭᠡᠶᠢᠯᠡᠨ ᠵᠠᠰᠠᠬᠤ | | | | | | ᠯᠢᠩᠬᠸ᠎ᠠ ᠶᠢᠨ ᠨᠠᠪᠴᠢᠨ ᠴᠤᠬᠤ ᠶᠢᠨ ᠪᠡᠶᠡᠯᠡᠭᠰᠡᠨ ᠬᠤᠷᠤᠬᠠᠢ ᠨᠢ ᠭᠦᠷᠡᠩ ᠨᠤᠭᠤᠭᠠᠨ ᠭᠢᠯᠳᠤᠭᠠᠨ᠋ᠬᠠᠰᠠᠨ ᠦᠡᠭᠭᠡ ᠲᠠᠢ ᠵᠢᠵᠢᠭ ᠬᠤᠶ᠋ᠬᠠᠳᠤ | ᠬᠤᠷᠤᠬᠠᠢ ᠪᠤᠯᠤᠨ᠎ᠠ᠂ ᠪᠠᠶ᠎ᠠ ᠶᠢᠨ ᠤᠷᠳᠤ ᠨᠢ 6 ᠰᠠᠠᠲ᠋ᠢᠮᠧᠲᠷ᠂ ᠭᠡᠪᠡᠯᠢ ᠶᠢᠨ ᠭᠡᠰᠡᠭ ᠤᠨ ᠨᠢᠷᠤᠭᠤᠨ ᠬᠠᠪᠳᠠᠰᠤ ᠨᠢ ᠲᠦᠷᠪᠡᠯᠵᠢᠨ᠂ ᠭᠡᠪᠡᠯᠢ | ᠳᠡᠭᠡᠨ ᠵᠤᠵᠠᠭᠠᠨ ᠨᠢᠠᠠᠳᠠ ᠮᠦᠡᠭᠭᠦᠨ ᠦᠡᠭᠭᠡ ᠶᠢᠨ ᠨᠤᠯᠤᠤᠷ ᠲᠠᠢ᠂ ᠬᠤᠶᠠᠭ ᠲᠠᠯᠠᠪᠴᠢ ᠨᠢ ᠭᠤᠤ ᠲᠠᠳ᠋ᠬᠠᠰᠠᠨ ᠲᠤᠯᠪᠤ ᠲᠠᠢ᠂ ᠵᠢᠭᠦᠷ ᠤᠨ ᠦᠵᠦᠭᠦᠷ | ᠨᠢ ᠲᠡᠭᠰᠢᠭᠡᠨ ᠪᠠᠶᠢᠳᠠᠭ᠂ ᠦᠨᠳᠡᠭᠡ ᠨᠢ ᠤᠷᠳᠤᠯᠵᠢᠨ ᠵᠤᠤᠪᠠᠨᠭ᠌ ᠭᠡᠯᠪᠡᠷᠢ ᠲᠠᠢ᠂ ᠲᠡᠭᠰᠢᠭᠡᠨ ᠪᠦᠭᠡᠳ ᠭᠢᠯᠳᠤᠭᠠᠨ᠋ᠬᠠᠰᠠᠨ ᠦᠡᠭᠭᠡ ᠲᠠᠢ᠂ ᠠᠩᠬ᠎ᠠ | ᠦᠨᠳᠡᠭᠡᠯᠡᠭᠦ ᠳᠡᠭᠡᠨ ᠴᠠᠭᠠᠨ ᠦᠡᠭᠭᠡ ᠲᠠᠢ ᠪᠠᠶᠢᠵᠤ᠂ ᠨᠡᠪᠴᠢᠭᠦ ᠠᠴᠠ ᠪᠠᠨ ᠡᠮᠦᠨ᠎ᠠ ᠰᠢᠷᠭᠠᠯ ᠦᠡᠭᠭᠡ ᠲᠠᠢ ᠪᠤᠯᠵᠤ᠂ ᠦᠨᠳᠡᠭᠡᠨ ᠮᠦᠭᠦᠯᠢᠭ ᠨᠢ | ᠲᠦᠪᠯᠡᠷᠡᠭᠰᠡᠨ ᠤᠪᠤᠭ᠎ᠠ ᠪᠤᠯᠵᠤ᠂ ᠲᠡᠭᠡᠭᠦᠷ ᠨᠢ ᠴᠠᠭᠠᠨ ᠦᠡᠭᠭᠡ ᠶᠢᠨ ᠲᠤᠩᠭᠠᠯᠠᠭ ᠴᠠᠪᠠᠤᠯᠢᠭ ᠡᠳ᠋ ᠪᠦᠷᠭᠦᠵᠤ ᠪᠠᠶᠢᠳᠠᠭ᠃ ᠠᠪᠠᠭᠠᠯᠳᠠᠢ ᠨᠢ ᠴᠠᠭᠠᠨ | ᠦᠳᠤ ᠶᠢᠨ ᠭᠡᠯᠪᠡᠷᠢ ᠲᠠᠢ᠂ ᠲᠤᠯᠤᠭᠠᠢ ᠨᠢ ᠵᠢᠵᠢᠭ᠂ ᠭᠡᠪᠡᠯᠢ ᠶᠢᠨ ᠭᠡᠰᠡᠭ ᠨᠢ ᠲᠠᠷᠭᠤᠨ ᠪᠦᠳᠦᠭᠦᠨ᠂ ᠪᠠᠭ᠎ᠠ ᠮᠤᠷᠤᠢ ᠭᠡᠯᠪᠡᠷᠢ ᠲᠠᠢ᠂ ᠪᠡᠶ᠎ᠠ ᠶᠢᠨ | ᠤᠷᠳᠤ ᠨᠢ 9 ~11 ᠰᠠᠠᠲ᠋ᠢᠮᠧᠲᠷ᠂ ᠵᠢᠷᠭᠤᠭᠠᠨ ᠭᠦᠯ ᠲᠠᠢ᠂ ᠰᠡᠭᠦᠯ ᠤᠨ ᠦᠵᠦᠭᠦᠷ ᠲᠤᠨᠢ ᠨᠢᠭᠡᠨ ᠬᠤᠤᠰ ᠭᠦᠷᠡᠩ ᠦᠡᠭᠭᠡ ᠶᠢᠨ ᠰᠠᠪᠠᠷ ᠤᠨ | ᠲᠦᠷᠰᠦᠳᠡᠢ ᠰᠡᠭᠦᠯ ᠤᠨ ᠭᠤᠬ᠎ᠠ ᠲᠠᠢ ᠪᠠᠶᠢᠳᠠᠭ᠃ ᠭᠡᠤᠭᠡᠯᠳᠡᠢ ᠨᠢ 8 ᠰᠠᠠᠲ᠋ᠢᠮᠧᠲᠷ ᠤᠷᠳᠤ᠂ ᠴᠠᠭᠠᠨ ᠦᠡᠭᠭᠡ ᠲᠠᠢ᠂ ᠤᠯᠠᠭᠠᠨ ᠭᠦᠷᠡᠩ ᠦᠡᠭᠭᠡ | ᠶᠢᠨ ᠴᠠᠪᠠᠤᠯᠢᠭ ᠡᠳ᠋ ᠤᠨ ᠡᠭᠦᠷ ᠲᠤ ᠨᠢᠭᠤᠠᠠᠳᠠᠵᠤ ᠪᠠᠶᠢᠳᠠᠭ᠃ ᠯᠢᠩᠬᠸ᠎ᠠ ᠶᠢᠨ ᠴᠤᠬᠤ ᠪᠤᠯ ᠭᠤᠤᠯ ᠨᠢ ᠯᠢᠩᠬᠸ᠎ᠠ ᠶᠢᠨ ᠦᠨᠳᠤᠰᠤ ᠶᠢ | ᠭᠦᠨᠦᠭᠡᠳᠡᠭ᠃ ᠭᠦᠨᠦᠭᠡᠯ ᠤᠨ ᠰᠢᠨᠵᠢ ᠨᠢ ᠭᠡᠪᠡᠯ᠄ ᠠᠪᠠᠭᠠᠯᠳᠠᠢ ᠶᠢᠨ ᠲᠦᠷᠰᠤ ᠪᠠᠷ ᠢᠶᠠᠨ ᠯᠢᠩᠬᠸ᠎ᠠ ᠶᠢᠨ ᠦᠨᠳᠤᠰᠤᠨ ᠤ ᠰᠠᠬᠠᠯ᠂ ᠦᠨᠳᠤᠰᠤᠨ | ᠭᠡᠰᠡᠭ ᠵᠡᠷᠭᠡ ᠭᠠᠵᠠᠷ ᠢ ᠭᠦᠨᠦᠭᠡᠳᠡᠭ᠃ ᠭᠦᠨᠦᠭᠡᠭᠳᠡᠭᠰᠡᠨ ᠭᠡᠰᠡᠭ ᠲᠤᠨᠢ ᠬᠠᠷ᠎ᠠ ᠭᠦᠷᠡᠩ ᠲᠤᠯᠪᠤ ᠰᠠᠭᠤᠵᠤ᠂ ᠦᠨᠳᠤᠰᠤᠨ ᠭᠡᠰᠡᠭ ᠨᠢ ᠬᠠᠷᠠᠯᠠᠵᠤ᠂ | ᠯᠢᠩᠬᠸ᠎ᠠ ᠶᠢᠨ ᠨᠠᠪᠴᠢ ᠨᠢ ᠰᠢᠷᠠᠯᠠᠵᠤ᠂ ᠦᠨᠳᠤᠰᠤᠨ ᠤ ᠤᠷᠭᠤᠯᠳᠠ ᠨᠢ ᠰᠠᠭᠠᠳ ᠲᠤ ᠤᠴᠠᠷᠠᠵᠤ᠂ ᠶᠠᠰᠤ ᠴᠢᠨᠠᠷ ᠢ ᠨᠢ ᠪᠠᠭᠤᠷᠠᠳᠠᠭ᠃ ᠯᠢᠩᠬᠸ᠎ᠠ | ᠶᠢᠨ ᠴᠤᠬᠤ ᠨᠢ ᠵᠢᠯ ᠳᠤ ᠨᠢᠭᠡ ᠦᠶ᠎ᠠ ᠦᠷᠡᠵᠢᠵᠤ᠂ ᠠᠪᠠᠭᠠᠯᠳᠠᠢ ᠨᠢ ᠯᠢᠩᠬᠸ᠎ᠠ ᠶᠢᠨ ᠦᠨᠳᠤᠰᠤ ᠶᠢᠨ ᠰᠠᠬᠠᠯ ᠪᠤᠶᠤ ᠯᠢᠩᠬᠸ᠎ᠠ ᠶᠢᠨ ᠦᠶ᠎ᠠ ᠳᠤ | ᠡᠪᠤᠯᠵᠢᠵᠤ᠂ ᠲᠠᠷᠠᠭ᠎ᠠ ᠵᠢᠯ ᠤᠨ 4 ᠳ᠋ᠤᠭᠡᠷ ᠰᠠᠷ᠎ᠠ ᠶᠢᠨ ᠰᠡᠭᠦᠯᠴᠢ ᠠᠴᠠ 5 ᠳ᠋ᠤᠭᠠᠷ ᠰᠠᠷ᠎ᠠ ᠶᠢᠨ ᠡᠭᠢ ᠪᠠᠷ ᠡᠪᠤᠯᠵᠢᠭ᠍ᠰᠡᠨ ᠠᠪᠠᠭᠠᠯᠳᠠᠢ ᠨᠢ ᠡᠭᠢᠯᠡᠨ | ᠭᠦᠨᠦᠭᠡᠯ ᠲᠠᠷᠢᠳᠠᠭ᠂ 5 ~ 6 ᠳ᠋ᠤᠭᠠᠷ ᠰᠠᠷ᠎ᠠ ᠶᠢᠨ ᠬᠤᠭᠤᠷᠤᠨᠳᠤ᠂ ᠲᠤᠮᠤ ᠠᠪᠠᠭᠠᠯᠳᠠᠢ ᠨᠢ ᠯᠢᠩᠬᠸ᠎ᠠ ᠶᠢᠨ ᠦᠨᠳᠤᠰᠤᠨ ᠭᠡᠰᠡᠭ ᠲᠤ ᠴᠠᠭᠠᠨ | ᠦᠡᠭᠭᠡ ᠶᠢᠨ ᠨᠢᠯᠴᠠᠭᠠᠢ ᠡᠳ᠋ ᠱᠦᠭᠦᠷᠡᠭᠦᠯᠦᠨ᠂ ᠪᠡᠶ᠎ᠠ ᠪᠠᠨ ᠪᠦᠰᠡᠯᠡᠵᠤ᠂ ᠴᠠᠪᠠᠤᠯᠢᠭ ᠨᠢᠮᠭᠡᠨ ᠡᠭᠦᠷ ᠪᠤᠯᠭᠠᠨ ᠭᠡᠤᠭᠡᠯᠳᠡᠶᠢᠵᠢᠳᠡᠭ᠂ ᠪᠠᠶᠡᠯᠡᠭᠰᠡᠨ | ᠬᠤᠷᠤᠬᠠᠢ ᠨᠢ ᠭᠦᠷᠤᠰᠤᠨ ᠳᠤ ᠲᠠᠯᠠᠪᠴᠢᠯᠬᠠᠰᠠᠨ ᠤ ᠪᠠᠨ ᠰᠡᠭᠦᠯᠡᠷ ᠤᠰᠤᠨ ᠲᠡᠭᠡᠷ᠎ᠡ ᠭᠠᠷᠴᠤ ᠢᠷᠡᠨ᠂ ᠪᠡᠯᠭᠡ ᠬᠠᠷᠢᠴᠠᠵᠤ᠂ 7 ᠳ᠋ᠤᠭᠠᠷ ᠰᠠᠷ᠎ᠠ ᠳᠤ᠂ | ᠪᠡᠶᠡᠯᠡᠭᠰᠡᠨ ᠴᠤᠬᠤ ᠶᠢᠨ ᠦᠨᠳᠡᠭᠡᠯᠡᠭᠦ ᠭᠦᠭ ᠦᠶ᠎ᠠ ᠪᠤᠯᠵᠤ᠂ ᠭᠤᠤᠯ ᠨᠢ ᠤᠰᠤᠨ ᠭᠦᠷᠰᠢ ᠶᠢᠨ ᠨᠠᠪᠴᠢᠨ ᠤ ᠠᠷᠤ ᠲᠠᠯ᠎ᠠ ᠪᠠ ᠯᠢᠩᠬᠸ᠎ᠠ ᠶᠢᠨ | ᠨᠠᠪᠴᠢ᠂ ᠨᠠᠭᠤᠷ ᠤᠨ ᠭᠦᠭᠡ ᠴᠠᠴᠡᠭ ᠤᠨ ᠨᠠᠪᠴᠢᠨ ᠲᠡᠭᠡᠷ᠎ᠠ ᠦᠨᠳᠡᠭᠡᠯᠡᠳᠡᠭ ᠪᠠᠶᠢᠨ᠎ᠠ᠃ ᠪᠡᠶᠡᠯᠡᠭᠰᠡᠨ ᠴᠤᠬᠤ ᠨᠢ ᠮᠠᠰᠢ ᠭᠦᠭᠵᠢᠶᠠᠨ ᠲᠠᠢ ᠪᠠᠶᠢᠵᠤ᠂ | ᠠᠶᠤᠨ ᠰᠤᠴᠢᠠᠠᠰᠠᠨ ᠦᠶ᠎ᠠ ᠳᠤ ᠤᠰᠤ ᠶᠢ ᠨᠠᠭᠠᠯᠳᠤᠨ ᠨᠢᠰᠤᠨ ᠲᠤᠳᠠᠭᠠᠳᠠᠭ᠃ ᠠᠪᠠᠭᠠᠯᠳᠠᠢ ᠨᠢ ᠨᠠᠪᠴᠢᠭ᠍ᠰᠡᠨ ᠤ ᠰᠡᠭᠦᠯᠡᠷ ᠲᠠᠷᠤᠶᠢᠬᠠᠨ ᠤᠰᠤᠨ | ᠳᠤ ᠤᠷᠤᠵᠤ᠂ ᠭᠦᠷᠦᠰᠤᠨ ᠳᠤᠨᠢ ᠰᠢᠷᠭᠤᠨ ᠯᠢᠩᠬᠸ᠎ᠠ ᠶᠢᠨ ᠦᠨᠳᠤᠰᠤ ᠶᠢ ᠭᠦᠨᠦᠭᠡᠳᠡᠭ᠃ | ᠯᠢᠩᠬᠸᠡ ᠶᠢᠨ ᠴᠤᠬᠤ ᠶᠢ ᠰᠡᠷᠭᠡᠶᠢᠯᠡᠨ ᠵᠠᠰᠠᠬᠤ ᠠᠷᠭ᠎ᠠ ᠭᠡᠪᠡᠯ᠄ ︵1︶ ᠭᠦᠨᠦᠭᠡᠯ ᠭᠦᠨᠳᠤ ᠨᠤᠴᠢᠳᠡᠢ ᠡᠭᠦᠰᠦᠭᠰᠡᠨ ᠲᠠᠷᠢᠶᠠᠨ ᠭᠡᠰᠡᠭ ᠲᠤ | ᠨᠢᠭᠡ ᠬᠤᠶᠠᠷ ᠵᠢᠯ ᠬᠠᠭᠤᠷᠠᠢ ᠶᠢᠨ ᠲᠠᠷᠢᠮᠠᠯ ᠰᠤᠯᠢᠵᠤ ᠲᠠᠷᠢᠬᠤ ᠪᠤᠶᠤ ᠡᠪᠤᠯ ᠳᠡᠭᠡᠨ ᠲᠠᠷᠢᠶᠠᠨ ᠭᠠᠵᠠᠷ ᠲᠠᠬᠢ ᠲᠤᠨᠤᠮᠠᠯ ᠤᠰᠤ ᠶᠢ ᠵᠠᠯᠠᠵᠤ ᠭᠠᠷᠭᠠᠨ᠎ᠠ | ᠃ ︵2︶ ᠶᠠᠷᠦᠩᠭᠡᠢ ᠳᠡᠭᠡᠨ ᠬᠠᠪᠤᠷ ᠡᠷᠳᠡ ᠯᠢᠩᠬᠸ᠎ᠠ ᠶᠢ ᠨᠠᠭᠢᠶᠠᠯᠠᠬᠤ ᠠᠴᠠ ᠨᠢ ᠡᠮᠦᠨ᠎ᠠ᠂ ᠠᠪᠠᠭᠠᠯᠳᠠᠢ ᠶᠢᠨ ᠢᠴᠡᠭᠡᠯᠡᠯ ᠠᠴᠠ ᠭᠠᠷᠬᠤ ᠠᠴᠠ | ᠠᠪᠤᠭᠠᠳ ᠡᠭᠦᠰᠭᠦ ᠤᠷᠭᠢᠯ ᠦᠶ᠎ᠠ ᠭᠦᠷᠳᠡᠯ᠎ᠠ ᠲᠠᠷᠢᠶᠠᠨ ᠭᠠᠵᠠᠷ ᠤᠨ ᠲᠤᠨᠤᠮᠠᠯ ᠤᠰᠤ ᠶᠢ ᠵᠠᠯᠠᠨ ᠭᠠᠷᠭᠠᠵᠤ᠂ ᠭᠠᠵᠠᠷ ᠢᠶᠠᠨ ᠲᠤᠭᠢᠳᠡᠢ | ᠤᠷᠪᠠᠭᠤᠯᠵᠤ᠂ ᠮᠤ᠋ ᠪᠦᠷᠢ 50% ᠶᠢᠨ ᠰᠢᠨ ᠯᠢᠤ ᠯᠢᠨ ︵辛硫磷︶ ᠡᠮ ᠢ 25 ᠺᠢᠯᠤᠭ᠍ᠷᠡᠮ ᠨᠠᠷᠢᠨ ᠰᠢᠷᠤᠢ ᠲᠠᠢ ᠬᠤᠯᠢᠨ ᠭᠦᠷᠦᠰᠤᠨ | ᠳᠤᠨᠢ ᠰᠠᠴᠤᠵᠤ᠂ ᠡᠪᠤᠯᠵᠢᠭ᠍ᠰᠡᠨ ᠠᠪᠠᠭᠠᠯᠳᠠᠢ ᠶᠢ ᠰᠡᠷᠭᠡᠶᠢᠯᠡᠨ᠎ᠠ᠃ ︵3︶ ᠯᠢᠩᠬᠸ᠎ᠠ ᠲᠠᠷᠢᠬᠤ ᠳᠠᠭᠠᠨ ᠮᠤ᠋ ᠪᠦᠷᠢ 50 ᠺᠢᠯᠤᠭ᠍ᠷᠡᠮ ᠴᠤᠬᠤᠢ | ᠤᠷᠤᠭᠤᠯᠵᠤ᠂ ᠭᠦᠷᠦᠰᠤ ᠰᠢᠷᠤᠢ ᠶᠢᠨ ᠭᠦᠴᠢᠯ ᠤᠨ ᠭᠡᠮᠵᠢᠶ᠎ᠠ ᠶᠢ ᠲᠤᠭᠢᠷᠠᠭᠤᠯᠪᠠᠯ᠂ ᠭᠡᠮ ᠬᠤᠷᠤᠬᠠᠢ ᠶᠢᠨ ᠭᠦᠨᠦᠭᠡᠯ ᠢ ᠰᠡᠷᠭᠡᠶᠢᠯᠡᠵᠤ ᠴᠢᠳᠠᠬᠤ | ᠮᠦᠷᠳᠡᠭᠡᠨ ᠪᠠᠰᠠ ᠡᠪᠤᠯᠵᠢᠭ᠍ᠰᠡᠨ ᠠᠪᠠᠭᠠᠯᠳᠠᠢ ᠶᠢ ᠰᠡᠷᠭᠡᠶᠢᠯᠡᠨ ᠵᠠᠰᠠᠵᠤ ᠴᠢᠳᠠᠨ᠎ᠠ᠂ ᠡᠰᠡᠭᠦᠯ᠎ᠠ ᠮᠤ᠋ ᠪᠦᠷᠢ 15 ~ 20 ᠺᠢᠯᠤᠭ᠍ᠷᠡᠮ ᠭᠠᠶᠢᠮᠤ ᠶᠢᠨ | ᠦᠷ᠎ᠠ ᠶᠢᠨ ᠨᠤᠨᠳᠠᠭ ᠤᠷᠤᠭᠤᠯᠵᠤ᠂ ᠬᠠᠪᠤᠷ ᠤᠨ ᠢᠴᠡᠭᠡᠯᠡᠯ ᠠᠴᠠ ᠭᠠᠷᠬᠤ ᠠᠪᠠᠭᠠᠯᠳᠠᠢ ᠶᠢ ᠰᠡᠷᠭᠡᠶᠢᠯᠡᠨ᠎ᠡ᠃ ︵4︶ ᠪᠡᠶᠡᠯᠡᠭᠰᠡᠨ ᠬᠤᠷᠤᠬᠠᠢ | ᠡᠭᠦᠰᠭᠦ ᠭᠦᠭ ᠦᠶ᠎ᠠ ᠳᠤ ᠮᠤ᠋ ᠪᠦᠷᠢ 100 ~150 ᠭᠷᠡᠮ 90% ᠶᠢᠨ ᠲᠠᠯᠠᠰᠳᠤ ᠳ᠋ᠢ ᠪᠠᠢ ᠴᠦᠡᠭ ︵敌百虫︶ ᠡᠮ ᠢ ᠰᠢᠷᠤᠢ ᠲᠠᠢ | ᠬᠤᠯᠢᠨ ᠬᠤᠤᠷᠠᠳᠤ ᠰᠢᠷᠤᠢ ᠪᠤᠯᠭᠠᠵᠤ᠂ ᠦᠷᠯᠦᠭᠡ ᠡᠷᠳᠡ ᠰᠢᠭᠦᠳᠡᠷᠢ ᠶᠢᠨ ᠤᠰᠤ ᠬᠠᠳᠠᠬᠤ ᠠᠴᠠ ᠡᠮᠦᠨ᠎ᠠ ᠰᠠᠴᠤᠵᠤ ᠤᠷᠤᠭᠤᠯᠤᠨ᠎ᠠ᠃ ︵5︶ | ᠯᠢᠩᠬᠸ᠎ᠠ ᠶᠢᠨ ᠦᠨᠳᠤᠰᠤ ᠶᠢᠨ ᠤᠷᠭᠤᠯᠳᠠ ᠶᠢᠨ ᠬᠤᠭᠤᠴᠠᠭᠠᠨ ᠳᠤ᠂ ᠲᠠᠷᠢᠶᠠᠨ ᠳᠠᠬᠢ ᠰᠤᠯᠠ ᠡᠪᠡᠰᠤ ᠶᠢ ᠴᠠᠭ ᠲᠠᠷᠤᠢ ᠳᠤᠨᠢ ᠴᠠᠪᠠᠷᠯᠡᠨ | ᠠᠷᠢᠯᠭᠠᠵᠤ᠂ ᠢᠯᠠᠩᠭᠤᠶ᠎ᠠ ᠤᠰᠤᠨ ᠭᠦᠷᠰᠢ᠂ ᠨᠠᠭᠤᠷ ᠤᠨ ᠭᠦᠭᠡ ᠴᠠᠴᠡᠭ ᠵᠡᠷᠭᠡ ᠶᠢ ᠰᠠᠶᠢᠳᠤᠷ ᠴᠠᠪᠠᠷᠯᠡᠨ ᠠᠷᠢᠯᠭᠠᠵᠤ᠂ ᠪᠡᠶᠡᠯᠡᠭᠰᠡᠨ ᠬᠤᠷᠤᠬᠠᠢ | ᠶᠢᠨ ᠢᠳᠡᠰᠢ ᠪᠡ ᠦᠨᠳᠡᠭᠡᠯᠡᠭᠦ ᠭᠠᠵᠠᠷ ᠲᠠᠯᠠᠪᠤᠷ ᠢ ᠪᠠᠭᠠᠰᠬᠠᠨ᠎ᠠ᠃ ᠪᠠᠶᠢᠡᠭᠭᠤ ᠭᠡᠷᠡᠭᠯᠡᠳᠡᠭ ᠡᠮ ᠳᠤ ᠰᠢᠨ ᠯᠢᠤ ᠯᠢᠨ ︵辛硫磷︶ ᠵᠡᠷᠭᠡ | ᠡᠮ ᠪᠠᠶᠢᠨ᠎ᠠ᠃ |