| | ᠰᠢᠬᠤᠯᠤ ᠭᠤᠸ᠎ᠠ ᠲᠠᠷᠢᠬᠤ ᠮᠡᠷᠭᠡᠵᠢᠯ | | | | | 1. ᠰᠢᠬᠤᠯᠤ ᠭᠤᠸ᠎ᠠ ᠨᠢ ᠭᠠᠳᠠᠭᠠᠳᠤ ᠤᠷᠴᠢᠨ ᠨᠦᠭᠦᠴᠡᠯ ᠳᠤ ᠶᠠᠮᠠᠷ ᠱᠠᠭᠠᠷᠳᠠᠯᠭ᠎ᠠ ᠲᠠᠢ ᠪᠠᠶᠢᠳᠠᠭ ᠪᠤᠢ︖ | ︵1︶ ᠂ ᠲᠤᠯᠠᠭᠠᠨ ᠤ ᠭᠡᠮᠵᠢᠶ᠎ᠠ ᠶᠢᠨ ᠱᠠᠭᠠᠷᠳᠠᠯᠭ᠎ᠠ᠄ ᠦᠷ᠎ᠠ ᠶᠢᠨ ᠰᠤᠶᠤᠭᠠᠯᠠᠯᠳᠠ ᠶᠢᠨ ᠬᠠᠮᠤᠭ ᠤᠨ ᠲᠤᠤᠷ᠎ᠡ ᠲᠤᠯᠠᠭᠠᠨ ᠤ | ᠭᠡᠮᠵᠢᠶ᠎ᠠ ᠪᠤᠯ 30℃ ᠪᠤᠯᠤᠨ᠎ᠠ᠂ 20℃ ᠠᠴᠠ ᠲᠤᠷᠤᠠᠠᠰᠢ ᠪᠤᠯᠪᠠᠯ ᠰᠤᠶᠤᠭᠠᠯᠠᠯᠳᠠ ᠶᠢᠨ ᠨᠤᠷᠮ᠎ᠠ ᠨᠢ ᠪᠠᠭᠤᠷᠠᠳᠠᠭ᠂ ᠬᠠᠮᠤᠭ ᠤᠨ ᠲᠤᠭᠢᠷᠠᠮᠵᠢᠳᠡᠢ | ᠲᠤᠯᠠᠭᠠᠨ ᠤ ᠭᠡᠮᠵᠢᠶ᠎ᠠ ᠪᠤᠯ 20 ~ 30℃ ᠪᠤᠯᠤᠨ᠎ᠠ᠃ 20 ~ 25℃ ᠳᠤ ᠰᠤᠶᠤᠭᠠᠯᠠᠬᠤ ᠨᠢ ᠤᠳᠠᠭᠠᠨ ᠪᠤᠯᠪᠠᠴᠤ ᠵᠢᠭᠳᠡ ᠪᠠᠶᠢᠳᠠᠭ᠃ | 25 ~30℃ ᠳᠤ ᠰᠤᠶᠤᠭᠠᠯᠠᠬᠤ ᠨᠢ ᠲᠦᠷᠭᠡᠨ ᠪᠤᠯᠪᠠᠴᠤ ᠵᠢᠭᠳᠡ ᠪᠤᠰᠤ ᠪᠠᠶᠢᠳᠠᠭ᠃ 12℃ ᠠᠴᠠ ᠲᠤᠷᠤᠠᠠᠰᠢ᠂ 35℃ ᠠᠴᠠ ᠦᠨᠳᠤᠷ | ᠪᠤᠯᠪᠠᠯ ᠴᠦᠮ ᠰᠤᠶᠤᠭᠠᠯᠠᠯᠳᠠ ᠶᠢ ᠨᠢ ᠨᠦᠯᠦᠭᠡᠯᠡᠨ᠎ᠡ᠃ | ᠰᠢᠬᠤᠯᠤ ᠭᠤᠸ᠎ᠠ ᠶᠢᠨ ᠤᠷᠭᠤᠯᠳᠠ ᠦᠷᠡᠵᠢᠯᠳᠡ ᠶᠢᠨ ᠬᠠᠮᠤᠭ ᠤᠨ ᠲᠤᠭᠢᠷᠠᠮᠵᠢᠳᠡᠢ ᠲᠤᠯᠠᠭᠠᠨ ᠤ ᠭᠡᠮᠵᠢᠶ᠎ᠠ ᠪᠤᠯ 15 ~ 29℃ | ᠪᠤᠯᠤᠨ᠎ᠠ᠂ ᠤᠷᠭᠤᠯᠳᠠ ᠶᠢᠨ ᠬᠠᠮᠤᠭ ᠤᠨ ᠲᠤᠭᠢᠷᠠᠮᠵᠢᠳᠡᠢ ᠲᠤᠯᠭᠠᠨ ᠤ ᠭᠡᠮᠵᠢᠶ᠎ᠠ ᠪᠤᠯ 18 ~ 25℃᠂ ᠴᠡᠴᠡᠭᠯᠡᠵᠤ ᠵᠢᠮᠢᠰᠯᠡᠭᠦ ᠶᠢᠨ | ᠲᠤᠭᠢᠷᠠᠮᠵᠢᠳᠡᠢ ᠲᠤᠯᠠᠭᠠᠨ ᠪᠤᠯ 22 ~ 25℃ ᠪᠤᠯᠤᠨ᠎ᠠ᠃ 15℃ ᠠᠴᠠ ᠲᠤᠷᠤᠠᠠᠰᠢ ᠪᠤᠯᠪᠠᠯ ᠲᠤᠭᠤᠰᠤᠳᠠᠨ ᠦᠷᠡᠯᠡᠭᠦ ᠨᠢ ᠮᠠᠭᠤᠳᠠᠵᠤ᠂ 35℃ | ᠠᠴᠠ ᠦᠨᠳᠤᠷ ᠪᠤᠯᠪᠠᠯ ᠬᠤᠶᠠᠷ ᠪᠡᠯᠭᠡ ᠶᠢᠨ ᠴᠡᠴᠡᠭ ᠠᠮᠠᠷᠬᠠᠨ ᠪᠤᠢ ᠪᠤᠯᠳᠠᠭ᠃ | ᠭᠡᠷᠡᠯ ᠤᠨ ᠨᠡᠶᠢᠯᠡᠯᠭᠡ ᠶᠢᠨ ᠦᠢᠯᠡᠳᠦᠯ ᠤᠨ ᠬᠠᠮᠤᠭ ᠤᠨ ᠲᠤᠭᠢᠷᠠᠮᠵᠢᠳᠡᠢ ᠲᠤᠯᠠᠭᠠᠨ ᠤ ᠭᠡᠮᠵᠢᠶ᠎ᠠ ᠨᠢ ᠪᠤᠯ 22 ~ 25℃ ᠪᠤᠯᠤᠨ᠎ᠠ᠂ | ᠭᠡᠷᠡᠯ ᠤᠨ ᠨᠡᠶᠢᠯᠡᠯᠭᠡ ᠶᠢᠨ ᠦᠢᠯᠡᠳᠦᠯ ᠤᠨ ᠲᠤᠭᠢᠷᠠᠮᠵᠢᠳᠡᠢ ᠲᠤᠯᠠᠭᠠᠨ ᠤ ᠭᠡᠮᠵᠢᠶ᠎ᠠ ᠨᠢ ᠪᠤᠯ 20 ~ 23℃ ᠪᠤᠯᠤᠨ᠎ᠠ᠃ 5 ~ 15℃ ᠳᠤ | ᠬᠠᠷᠠᠩᠭᠤᠢ ᠠᠮᠢᠰᠬᠤᠯ ᠤᠨ ᠬᠤᠷᠳᠤᠴᠠ ᠶᠢᠨ ᠨᠤᠷᠮ᠎ᠠ ᠨᠢ ᠮᠠᠰᠢ ᠲᠤᠷᠤᠠᠠᠰᠢᠯᠠᠵᠤ᠂ 15℃ ᠠᠴᠠ ᠭᠡᠳᠦᠷᠡᠪᠡᠯ ᠬᠠᠷᠠᠩᠭᠤᠢ ᠠᠮᠢᠰᠬᠤᠯ ᠤᠨ | ᠬᠤᠷᠳᠤᠴᠠ ᠶᠢᠨ ᠨᠤᠷᠮ᠎ᠠ ᠨᠢ ᠠᠯᠭᠤᠷ ᠢᠶᠠᠷ ᠨᠡᠮᠡᠭᠳᠡᠳᠡᠭ ᠪᠠᠶᠢᠨ᠎ᠠ᠃ | ᠰᠢᠬᠤᠯᠤ ᠭᠤᠸ᠎ᠠ ᠨᠢ ᠲᠤᠤᠷ᠎ᠡ ᠲᠤᠯᠠᠭᠠᠨ ᠳᠤ ᠮᠠᠰᠢ ᠲᠤᠭᠢᠷᠠᠯᠴᠠᠬᠤ ᠴᠢᠳᠠᠯ ᠲᠠᠢ ᠪᠠᠶᠢᠵᠤ᠂ ᠦᠷᠡᠯᠡᠭᠰᠡᠨ ᠵᠢᠮᠢᠰ ᠨᠢ 8 ~ 10℃ ᠤᠨ | ᠰᠦᠨᠢ ᠶᠢᠨ ᠲᠤᠯᠠᠭᠠᠨ ᠳᠤ᠂ 16~ 20℃ ᠤᠨ ᠰᠦᠨᠢ ᠶᠢᠨ ᠲᠤᠯᠠᠭᠠᠨ ᠳᠤ ᠦᠷᠡᠯᠡᠩᠰᠡᠨ ᠵᠢᠮᠢᠰ ᠲᠠᠢ ᠨᠢᠭᠡᠨ ᠠᠳᠠᠯᠢ ᠤᠷᠭᠤᠨ ᠲᠤᠮᠤᠭᠠᠷᠠᠵᠤ | ᠂ ᠰᠦᠨᠢ ᠳᠡᠭᠡᠨ 13 ~ 15℃ ᠳᠤ ᠭᠡᠷᠡᠯ ᠤᠨ ᠨᠡᠶᠢᠯᠡᠯᠭᠡ ᠶᠢᠨ ᠡᠳ᠋ ᠤᠨ ᠤᠯᠠᠷᠢᠯᠳᠡ ᠶᠢ ᠠᠭᠢᠭᠤᠯᠳᠠᠭ ᠪᠠᠶᠢᠨ᠎ᠠ᠃ | ᠦᠨᠳᠤᠰᠤᠨ ᠰᠢᠰᠲ᠋ᠧᠮ ᠤᠨ ᠰᠤᠨᠤᠯᠳᠠ ᠶᠢᠨ ᠬᠠᠮᠤᠭ ᠤᠨ ᠲᠤᠤᠷ᠎ᠠ ᠲᠤᠯᠠᠭᠠᠨ ᠤ ᠭᠡᠮᠵᠢᠶ᠎ᠠ ᠪᠤᠯ 6~ 8℃᠂ ᠰᠠᠬᠠᠯ ᠦᠨᠳᠤᠰᠤᠨ | ᠤ ᠤᠷᠭᠤᠯᠳᠠ ᠶᠢᠨ ᠬᠠᠮᠤᠭ ᠤᠨ ᠲᠤᠤᠷ᠎ᠠ ᠲᠤᠯᠠᠭᠠᠨ ᠤ ᠭᠡᠮᠵᠢᠶ᠎ᠠ ᠪᠤᠯ 12℃᠂ ᠬᠠᠮᠤᠭ ᠤᠨ ᠲᠤᠭᠢᠷᠠᠮᠵᠢᠳᠡᠢ ᠭᠠᠵᠠᠷ ᠤᠨ ᠲᠤᠯᠠᠭᠠᠨ ᠪᠤᠯ | 20 ~ 22℃ ᠪᠤᠯᠤᠨ᠎ᠠ᠃ | ︵2︶᠂ ᠭᠡᠷᠡᠯ ᠤᠨ ᠲᠤᠰᠤᠯᠳᠠ ᠶᠢᠨ ᠱᠠᠭᠠᠷᠳᠠᠯᠭ᠎ᠠ᠄ ᠰᠢᠬᠤᠯᠤ ᠭᠤᠸ᠎ᠠ ᠶᠢᠨ ᠭᠡᠷᠡᠯ ᠤᠨ ᠲᠤᠰᠤᠯᠳᠠ ᠶᠢᠨ ᠬᠤᠷᠴᠠ ᠶᠢᠨ | ᠱᠠᠭᠠᠷᠳᠠᠯᠭ᠎ᠠ ᠨᠢ ᠦᠷᠭᠡᠰᠤᠳᠤ ᠭᠡᠮᠭᠡ ᠶᠢᠨ ᠬᠢ ᠠᠴᠠ ᠲᠤᠤᠷ᠎ᠠ ᠪᠠᠶᠢᠳᠠᠭ᠃ ᠦᠢᠯᠡᠳᠪᠤᠷᠢᠯᠡᠯ ᠤᠨ ᠦᠢᠯᠡᠳᠦᠯᠭᠡ ᠠᠴᠠ ᠦᠵᠡᠪᠡᠯ᠂ ᠵᠢᠮᠢᠰᠯᠡᠭᠦ | ᠬᠤᠭᠤᠴᠠᠭᠠᠨ ᠳᠤ ᠭᠡᠷᠡᠯ ᠤᠨ ᠲᠤᠰᠤᠯᠳᠠ ᠭᠦᠢᠴᠡᠳ ᠪᠤᠯ ᠭᠡᠷᠡᠯ ᠤᠨ ᠨᠡᠶᠢᠯᠡᠯᠭᠡ ᠶᠢᠨ ᠡᠳ᠋ ᠤᠯᠠᠳᠠᠵᠤ᠂ ᠵᠢᠮᠢᠰ ᠲᠤ ᠤᠯᠠᠮᠵᠢᠯᠠᠬᠤ ᠰᠢᠮ᠎ᠠ | ᠲᠡᠵᠢᠭᠡᠯ ᠨᠢ ᠠᠷᠪᠢᠳᠴᠤ᠂ ᠵᠢᠮᠢᠰ ᠨᠢ ᠮᠠᠰᠢ ᠰᠠᠶᠢᠨ ᠪᠤᠶᠢᠵᠢᠵᠤ᠂ ᠶᠠᠰᠤ ᠴᠢᠨᠠᠷ ᠨᠢ ᠲᠡᠭᠡᠭᠰᠢᠯᠡᠳᠡᠭ ᠪᠠᠶᠢᠨ᠎ᠠ᠃ ᠭᠡᠷᠡᠯ ᠤᠨ ᠲᠤᠰᠤᠯᠳᠠ ᠨᠢ | ᠭᠦᠢᠴᠡᠳ ᠦᠭᠡᠢ ᠪᠤᠯ ᠭᠡᠷᠡᠯ ᠤᠨ ᠨᠡᠶᠢᠯᠡᠯᠭᠡ ᠶᠢᠨ ᠦᠢᠯᠡᠳᠦᠯ ᠨᠢ ᠭᠦᠷᠦᠯᠴᠡᠭᠡ ᠦᠭᠡᠢ ᠪᠤᠯᠵᠤ᠂ ᠰᠢᠮ᠎ᠠ ᠲᠡᠵᠢᠭᠡᠯ ᠤᠨ ᠪᠠᠶᠢᠳᠠᠯ ᠨᠢ ᠴᠤ ᠠᠨᠠᠢ | ᠪᠤᠯᠵᠤ᠂ ᠵᠢᠮᠢᠰ ᠤᠨ ᠭᠡᠪ ᠤᠨ ᠪᠤᠶᠢᠵᠢᠯᠳᠡ ᠶᠢ ᠨᠦᠯᠦᠭᠡᠯᠡᠳᠡᠭ ᠪᠠᠶᠢᠨ᠎ᠠ᠃ | ᠰᠢᠬᠤᠯᠤ ᠭᠤᠸ᠎ᠠ ᠶᠢᠨ ᠭᠡᠷᠡᠯ ᠲᠤᠯᠠᠭᠠᠨ ᠤ ᠨᠦᠭᠦᠴᠡᠯ ᠤᠨ ᠱᠠᠭᠠᠷᠳᠠᠯᠭ᠎ᠠ ᠶᠢ ᠨᠢ ᠬᠤᠷᠢᠶᠠᠩᠭᠤᠶᠢᠯᠠᠪᠠᠯ᠂ ᠨᠠᠷᠠᠯᠠᠭ ᠭᠦᠯᠡᠮᠵᠢ᠂ | ᠰᠦᠯᠢᠶᠤᠤ ᠰᠠᠷᠠᠪᠴᠢᠨ ᠳᠤ ᠲᠠᠷᠢᠬᠤ ᠳᠤ ᠰᠢᠬᠤᠯᠤ ᠭᠤᠸ᠎ᠠ ᠶᠢ ᠦᠷᠭᠡᠰᠤᠳᠤ ᠭᠡᠮᠭᠡ ᠠᠴᠠ 20 ᠡᠳᠤᠷ ᠤᠷᠢᠳᠴᠢᠯᠡᠨ ᠲᠠᠷᠢᠬᠤ ᠪᠤᠶᠤ | ᠬᠤᠶᠢᠰᠢᠯᠠᠭᠤᠯᠤᠨ ᠲᠠᠷᠢᠵᠤ ᠪᠤᠯᠤᠨ᠎ᠠ ᠭᠡᠳᠡᠭ ᠢ ᠤᠨᠤᠯ ᠪᠤᠯᠤᠨ ᠦᠢᠯᠡᠳᠦᠯᠭᠡ ᠭᠡᠷᠡᠴᠢᠯᠡᠵᠤ ᠪᠠᠶᠢᠨ᠎ᠠ᠃ | ︵3︶᠂ ᠤᠰᠤᠨ ᠤ ᠱᠠᠭᠠᠷᠳᠠᠯᠭ᠎ᠠ᠄ ᠰᠢᠬᠤᠯᠤ ᠭᠤᠸ᠎ᠠ ᠪᠤᠯ ᠴᠢᠭᠢᠭ ᠨᠤᠶᠢᠳᠡᠨ ᠳᠤ ᠲᠤᠷᠠᠳᠡᠢ᠂ ᠬᠠᠷᠢᠨ ᠭᠠᠨᠭ᠌ ᠬᠠᠭᠰᠠᠷᠭᠠᠨ ᠳᠤ | ᠲᠠᠰᠪᠤᠷᠢ ᠦᠭᠡᠢ ᠪᠠᠶᠢᠳᠠᠭ᠃ ᠢᠯᠠᠩᠭᠤᠶ᠎ᠠ ᠭᠤᠸ᠎ᠠ ᠰᠠᠭᠤᠬᠤ ᠦᠶ᠎ᠠ ᠳᠤᠨᠢ ᠭᠦᠷᠦᠰᠤ ᠰᠢᠷᠤᠢ ᠨᠢ ᠴᠢᠭᠢᠭ ᠰᠠᠶᠢᠳᠠᠢ ᠪᠠᠶᠢᠪᠠᠯ ᠰᠠᠶ᠋ᠢ ᠦᠨᠳᠤᠷ | ᠬᠤᠷᠢᠶᠠᠯᠳᠠ ᠤᠯᠵᠤ ᠴᠢᠳᠠᠨ᠎ᠠ᠃ | ᠰᠢᠬᠤᠯᠤ ᠭᠤᠸ᠎ᠠ ᠶᠢᠨ ᠭᠡᠷᠡᠯ ᠤᠨ ᠨᠡᠶᠢᠯᠡᠯᠭᠡ ᠶᠢᠨ ᠦᠢᠯᠡᠳᠦᠯ ᠤᠨ ᠲᠤᠭᠢᠷᠠᠮᠵᠢᠳᠡᠢ ᠭᠦᠷᠦᠰᠤᠨ ᠤ ᠴᠢᠭᠢᠭ ᠤᠨ ᠭᠡᠮᠵᠢᠶ᠎ᠠ ᠨᠢ ᠪᠤᠯ | 60% ~80% ᠪᠤᠯᠤᠨ᠎ᠠ᠃ ᠭᠦᠷᠦᠰᠤ ᠰᠢᠷᠤᠢ ᠶᠢᠨ ᠬᠠᠷᠢᠴᠠᠩᠭᠤᠢ ᠴᠢᠭᠢᠭ ᠤᠨ ᠭᠡᠮᠵᠢᠶ᠎ᠠ ᠨᠢ 40% ᠠᠴᠠ ᠲᠤᠷᠤᠠᠠᠰᠢ ᠪᠤᠶᠤ ᠭᠦᠷᠦᠰᠤ | ᠰᠢᠷᠤᠢ ᠶᠢᠨ ᠬᠠᠷᠢᠴᠠᠩᠭᠤᠢ ᠴᠢᠭᠢᠭ ᠤᠨ ᠭᠡᠮᠵᠢᠶ᠎ᠠ ᠨᠢ 90% ᠠᠴᠠ ᠲᠡᠭᠡᠭᠰᠢ ᠪᠤᠯᠪᠠᠯ ᠭᠡᠷᠡᠯ ᠤᠨ ᠨᠡᠶᠢᠯᠡᠯᠭᠡ ᠶᠢᠨ ᠬᠤᠷᠳᠤᠴᠠ ᠶᠢᠨ ᠨᠤᠷᠮ᠎ᠠ | ᠨᠢ 43.5% ~ 55.9% ᠪᠤᠯᠵᠤ ᠪᠠᠭᠤᠷᠠᠳᠠᠭ᠃ ᠤᠷᠭᠤᠯᠳᠠ ᠦᠷᠡᠵᠢᠯᠳᠡ ᠶᠢᠨ ᠡᠭᠢᠨ ᠤ ᠬᠤᠭᠤᠴᠠᠭᠠᠨ ᠳᠤ ᠠᠷᠴᠢᠬᠤ᠂ ᠤᠰᠤ ᠶᠢ | ᠭᠢᠵᠠᠭᠠᠷᠯᠠᠬᠤ ᠪᠠ ᠴᠢᠭᠢ ᠲᠠᠷᠤᠰᠢᠭᠤᠯᠬᠤ ᠪᠠᠷ ᠭᠤᠤᠯ ᠪᠤᠯᠭᠠᠵᠤ᠂ ᠬᠠᠷᠢᠨ ᠵᠢᠮᠢᠰᠯᠡᠭᠦ ᠬᠤᠭᠤᠴᠠᠭᠠᠨ ᠳᠤᠨᠢ ᠭᠦᠷᠦᠰᠤ ᠰᠢᠷᠤᠢ ᠶᠢ ᠨᠡᠯᠢᠶᠡᠳ ᠴᠢᠭᠢᠭ | ᠲᠠᠢ ᠪᠠᠶᠢᠯᠭᠠᠬᠤ ᠶᠢ ᠱᠠᠭᠠᠷᠳᠠᠨ᠎ᠠ᠃ | ᠰᠢᠬᠤᠯᠤ ᠭᠤᠸ᠎ᠠ ᠶᠢᠨ ᠤᠰᠤᠨ ᠤ ᠱᠠᠭᠠᠷᠳᠠᠯᠭ᠎ᠠ ᠶᠢ ᠦᠷᠭᠡᠰᠤᠳᠤ ᠭᠡᠮᠭᠡ ᠶᠢᠨ ᠡᠭᠢ ᠲᠠᠢ ᠬᠠᠷᠢᠴᠠᠭᠤᠯᠪᠠᠯ᠂ ᠦᠷᠭᠡᠰᠤᠳᠤ ᠭᠡᠮᠭᠡ ᠶᠢ | ᠪᠤᠳᠤᠪᠠᠯ ᠭᠠᠨᠭ᠌ ᠳᠤ ᠲᠠᠰᠪᠤᠷᠢ ᠲᠠᠢ ᠪᠦᠭᠡᠳ ᠴᠢᠭᠢᠭ ᠲᠤ ᠲᠤᠷᠠᠳᠡᠢ᠂ ᠤᠰᠤᠳᠤᠯ ᠳᠤ ᠲᠠᠰᠪᠤᠷᠢ ᠲᠠᠢ ᠪᠠᠶᠢᠳᠠᠭ᠂ ᠵᠢᠱᠢᠶᠡᠯᠡᠪᠡᠯ ᠦᠷᠭᠡᠰᠤᠳᠤ ᠭᠡᠮᠭᠡ | ᠶᠢᠨ ᠭᠦᠷᠦᠰᠤᠨ ᠰᠢᠷᠤᠢ ᠶᠢᠨ ᠴᠢᠭᠢᠭ ᠤᠨ ᠭᠡᠮᠵᠢᠶ᠎ᠠ ᠨᠢ ᠬᠠᠮᠤᠭ ᠤᠨ ᠲᠤᠤᠷ᠎ᠡ ᠳᠠᠭᠠᠨ 40% ~ 50% ᠪᠠᠶᠢᠬᠤ ᠳᠤ ᠰᠢᠬᠤᠯᠤ ᠭᠤᠸ᠎ᠠ | ᠶᠢᠨ ᠬᠠᠷᠢᠨ 40% ᠪᠠᠶᠢᠳᠠᠭ᠃ ᠦᠷᠭᠡᠰᠤᠳᠤ ᠭᠡᠮᠭᠡ ᠶᠢᠨ ᠬᠠᠮᠤᠭ ᠤᠨ ᠲᠤᠭᠢᠷᠠᠮᠵᠢᠳᠡᠢ ᠭᠦᠷᠦᠰᠤ ᠰᠢᠷᠤᠢ ᠶᠢᠨ ᠴᠢᠭᠢᠭ ᠤᠨ ᠭᠡᠮᠵᠢᠶ᠎ᠠ ᠨᠢ | 60% ~70% ᠪᠠᠶᠢᠬᠤ ᠳᠤ ᠬᠠᠷᠢᠨ ᠰᠢᠬᠤᠯᠤ ᠭᠤᠸ᠎ᠠ ᠶᠢᠨ ᠬᠢ 60% ~80% ᠪᠠᠶᠢᠳᠠᠭ︔ ᠦᠷᠭᠡᠰᠤᠳᠤ ᠭᠡᠮᠭᠡ ᠶᠢᠨ ᠭᠦᠷᠦᠰᠤ | ᠰᠢᠷᠤᠢ ᠶᠢᠨ ᠬᠠᠮᠤᠭ ᠤᠨ ᠦᠨᠳᠤᠷ ᠴᠢᠭᠢᠭ ᠤᠨ ᠭᠡᠮᠵᠢᠶ᠎ᠠ ᠨᠢ 70% ~80% ᠪᠠᠶᠢᠬᠤ ᠳᠤ ᠬᠠᠷᠢᠨ ᠰᠢᠬᠤᠯᠤ ᠭᠤᠸ᠎ᠠ ᠶᠢᠨ ᠬᠢ 90% | ᠶᠢᠨ ᠴᠢᠭᠢᠭ ᠲᠠᠢ ᠪᠠᠶᠢᠬᠤ ᠳᠤ ᠮᠠᠰᠢ ᠲᠤᠭᠢᠷᠠᠮᠵᠢᠳᠡᠢ ᠪᠠᠶᠢᠳᠠᠭ᠂ ᠪᠦᠭᠴᠢᠮ ᠬᠠᠯᠠᠭᠤᠨ ᠭᠠᠨᠭ᠌ ᠬᠠᠭᠰᠠᠷᠭᠠᠨ ᠲᠠᠢ ᠨᠦᠭᠦᠴᠡᠯ ᠲᠤᠤᠷ᠎ᠡ᠂ ᠡᠪᠡᠳᠴᠢᠨ | ᠤ ᠬᠤᠤᠷ ᠤᠨ ᠭᠡᠮ ᠠᠮᠠᠷᠬᠠᠨ ᠡᠭᠦᠰᠳᠡᠭ ᠪᠦᠭᠡᠳ ᠨᠠᠮᠤᠷ ᠤᠨ ᠦᠨᠳᠤᠷ ᠬᠠᠯᠠᠭᠤᠨ᠂ ᠦᠨᠳᠤᠷ ᠴᠢᠭᠢᠭ ᠲᠤ ᠴᠠᠭᠠᠨ ᠲᠤᠭᠤᠰᠤᠳᠤ ᠭᠡᠮ ᠮᠠᠰᠢ | ᠠᠮᠠᠷᠬᠠᠨ ᠡᠭᠦᠰᠳᠡᠭ ᠪᠠᠶᠢᠨ᠎ᠠ᠃ | ︵4︶᠂ ᠭᠦᠷᠤᠰᠤ ᠰᠢᠷᠤᠢ ᠪᠠ ᠰᠢᠮ᠎ᠠ ᠲᠡᠵᠢᠭᠡᠯ ᠤᠨ ᠱᠠᠭᠠᠷᠳᠠᠯᠭ᠎ᠠ᠄ ᠰᠢᠬᠤᠯᠤ ᠭᠤᠸ᠎ᠠ ᠨᠢ ᠭᠦᠷᠦᠰᠤ ᠰᠢᠷᠤᠢ ᠶᠢᠨ ᠲᠠᠯ᠎ᠠ ᠪᠠᠷ ᠲᠠᠶᠢᠮᠤ | ᠴᠢᠩᠭ᠎ᠠ ᠱᠠᠭᠠᠷᠳᠠᠯᠭ᠎ᠠ ᠦᠭᠡᠢ ᠪᠠᠶᠢᠳᠠᠭ᠃ ᠬᠠᠶᠢᠷᠳᠤ ᠭᠦᠷᠦᠰᠤ᠂ ᠰᠦᠪᠡᠷᠭᠡᠭ ᠭᠦᠷᠦᠰᠤ ᠪᠤᠯᠤᠨ ᠨᠠᠩᠭᠢ ᠭᠦᠷᠦᠰᠤᠨ ᠳᠤ ᠴᠦᠮ ᠲᠠᠷᠢᠵᠤ ᠪᠤᠯᠤᠨ᠎ᠠ᠃ | ᠬᠠᠶᠢᠷᠳᠤ ᠰᠦᠪᠡᠷᠭᠡᠭ ᠭᠦᠷᠤᠰᠤ ᠪᠤᠯ ᠭᠦᠷᠦᠰᠤᠨ ᠤ ᠲᠤᠯᠠᠭᠠᠨ ᠨᠢ ᠲᠦᠷᠭᠡᠨ ᠲᠡᠭᠡᠭᠰᠢᠯᠡᠵᠤ᠂ ᠦᠨᠳᠤᠰᠤ ᠬᠠᠳᠬᠤᠨ ᠴᠢᠭᠢᠯᠡᠭᠦ ᠳᠤᠨᠢ ᠠᠰᠢᠠᠠᠳᠠᠢ | ᠪᠠᠶᠢᠵᠤ᠂ ᠵᠠᠬ᠎ᠠ ᠲᠡᠯᠭᠡᠭᠦᠷ ᠲᠤ ᠡᠷᠳᠡ ᠬᠠᠨᠭ᠍ᠭᠠᠵᠤ ᠪᠤᠯᠳᠠᠭ᠃ ᠲᠤᠷᠰᠢᠯᠳᠡ ᠶᠢ ᠦᠨᠳᠤᠰᠦᠯᠠᠪᠯ 1000 ᠺᠢᠯᠤᠭ᠍ᠷᠡᠮ ᠰᠢᠬᠤᠯᠤ ᠭᠤᠸ᠎ᠠ ᠲᠠᠷᠢᠵᠤ | ᠬᠤᠷᠢᠶᠠᠬᠤ ᠪᠦᠷᠢ 5.47 ᠺᠢᠯᠤᠭ᠍ᠷᠡᠮ ᠠᠽᠤᠲ᠂ 2.22 ᠺᠢᠯᠤᠭ᠍ᠷᠡᠮ ᠹᠤᠰᠹᠤᠷ᠂ 4.09 ᠺᠢᠯᠤᠭ᠍ᠷᠡᠮ ᠺᠠᠯᠢ ᠭᠡᠷᠡᠭᠰᠡᠵᠤ᠂ ᠡᠨᠡ ᠨᠢ ᠦᠷᠭᠡᠰᠤᠳᠤ ᠭᠡᠮᠭᠡ | ᠶᠢ ᠪᠤᠳᠤᠪᠠᠯ ᠪᠤᠷᠳᠤᠭᠤᠷ ᠠᠷᠪᠢᠨ ᠭᠡᠷᠡᠭᠰᠡᠳᠡᠭ ᠪᠠᠶᠢᠨ᠎ᠠ᠃ | ᠭᠦᠷᠤᠰᠤ ᠰᠢᠷᠤᠢ ᠶᠢᠨ ᠭᠦᠴᠢᠯ ᠬᠤᠵᠢᠷ ᠤᠨ ᠭᠡᠮᠵᠢᠶ᠎ᠠ ᠳᠤ ᠲᠤᠭᠢᠷᠠᠯᠴᠠᠬᠤ ᠪᠠᠷ ᠰᠠᠶᠢᠨ ᠪᠠᠶᠢᠳᠠᠭ᠃ ᠡᠷᠡᠳᠡᠰᠤᠨ ᠪᠤᠳᠠᠰ ᠤᠨ ᠰᠢᠮ᠎ᠠ | ᠲᠡᠵᠢᠭᠡᠯ ᠭᠦᠷᠳᠡᠭᠦ ᠴᠢᠳᠠᠯ ᠨᠢ ᠪᠤᠯ ᠺᠠᠯᠢ ~ ᠠᠽᠤᠲ ~ ᠺᠠᠯᠼ ~ ᠮᠠᠩᠭᠠᠨ ~ ᠹᠤᠰᠹᠤᠷ ᠵᠡᠷᠭᠡ ᠪᠤᠯᠤᠨ᠎ᠠ᠃ | 2. ᠰᠢᠬᠤᠯᠤ ᠭᠤᠸ᠎ᠠ ᠶᠢᠨ ᠦᠷ᠎ᠡ ᠳᠤ ᠶᠠᠮᠠᠷ ᠰᠤᠷᠲ ᠢ ᠰᠤᠩᠭᠤᠬᠤ ᠪᠤᠢ︖ | ᠤᠳᠤᠬᠠᠨ ᠳᠤ ᠦᠢᠯᠡᠳᠪᠤᠷᠢᠯᠡᠯ ᠲᠡᠭᠡᠷ᠎ᠡ ᠶᠡᠭᠡ ᠭᠡᠪᠴᠢᠶ᠎ᠠ ᠪᠠᠷ ᠲᠠᠷᠢᠵᠤ ᠪᠠᠶᠢᠭ᠎ᠠ ᠡᠭᠦᠯᠳᠡᠷ ᠭᠡᠪᠡᠯ ᠳ᠋ᠠ ᠸᠠᠩ ︵达旺︶᠂ ᠽᠤᠤ | ᠴᠦᠨ ᠢ ᠳ᠋ᠠᠢ ︵早春一代︶᠂ ᠠ ᠲᠠᠢ ︵阿太︶᠂ ᠨᠠᠪᠴᠢᠳᠤ ᠰᠢᠬᠤᠯᠤ᠂ ᠾᠸᠢ ᠮᠸᠢ ᠯᠢ ︵黑美丽︶᠂ ᠾᠦᠢ ᠼᠠᠢ | ᠨᠢ ︵灰采尼︶ ᠵᠡᠷᠭᠡ ᠪᠤᠢ᠃ ᠤᠳᠤ ᠰᠢᠷ᠎ᠠ ᠵᠢᠮᠢᠰ ᠲᠠᠢ ᠰᠢᠬᠤᠯᠤ ︵香蕉西葫︶ ᠶᠢ ᠡᠭᠢᠯᠡᠨ ᠲᠡᠯᠭᠡᠷᠡᠭᠦᠯᠵᠤ ᠪᠠᠶᠢᠨ᠎ᠠ᠃ | 3. ᠰᠢᠬᠤᠯᠤ ᠭᠤᠸ᠎ᠠ ᠶᠢᠨ ᠴᠢᠭᠢ ᠪᠤᠶᠢᠵᠢᠭᠤᠯᠬᠤ ᠳᠤ ᠶᠠᠮᠠᠷ ᠵᠠᠩᠭᠢᠯᠠᠭ᠎ᠠ ᠶᠢᠨ ᠮᠡᠷᠭᠡᠵᠢᠯ ᠪᠠᠶᠢᠬᠤ ᠪᠤᠢ︖ | ᠢᠳᠡᠷᠡᠭᠦᠨ ᠴᠢᠭᠢ ᠶᠢᠨ ᠭᠦᠢᠴᠡᠳᠭᠡᠯ ᠲᠤᠭ᠎ᠠ ᠨᠢ ᠭᠡᠪᠡᠯ᠄ ᠰᠠᠭᠤᠷᠢ ᠶᠢᠨ ᠦᠨᠳᠤᠷ ᠨᠢ 13~15 ᠰᠠᠠᠲ᠋ᠢᠮᠧᠲᠷ᠂ ᠡᠰᠢᠨ ᠤ | ᠪᠦᠳᠦᠭᠦᠨ ᠨᠢ 0.4 ~ 0.5 ᠰᠠᠠᠲ᠋ᠢᠮᠧᠲᠷ᠂ 3 ~ 4 ᠵᠢᠩᠭᠢᠨᠢ ᠨᠠᠪᠴᠢ ᠲᠠᠢ᠂ ᠦᠶ᠎ᠠ ᠨᠢ ᠤᠬᠤᠷ᠂ ᠰᠠᠭᠤᠷᠢ ᠨᠢ ᠠᠪᠤᠴᠠᠯᠳᠤᠩᠭᠤᠢ᠂ | ᠦᠨᠳᠤᠰᠤᠨ ᠰᠢᠰᠲ᠋ᠧᠮ ᠨᠢ ᠪᠦᠷᠢᠨ᠂ ᠭᠡᠮ ᠬᠤᠷᠤᠬᠠᠢ ᠶᠢᠨ ᠭᠦᠨᠦᠭᠡᠯ ᠦᠭᠡᠢ ᠪᠠᠶᠢᠬᠤ ᠭᠡᠷᠡᠭᠳᠡᠢ᠃ ᠰᠢᠬᠤᠯᠤ ᠭᠤᠸ᠎ᠠ ᠶᠢᠨ ᠢᠳᠡᠷᠡᠭᠦᠨ ᠴᠢᠭᠢ | ᠶᠢᠨ ᠭᠦᠢᠴᠡᠳᠭᠡᠯ ᠲᠤᠭ᠎ᠠ ᠳᠤ ᠭᠦᠷᠦᠭᠦᠯᠭᠦ ᠶᠢᠨ ᠲᠤᠰᠠᠳᠠ᠂ ᠰᠢᠷᠤᠢ ᠶᠢᠨ ᠤᠪᠤᠭ᠎ᠠ ᠨᠢ ᠲᠤᠮᠤ᠂ ᠴᠢᠭᠢᠯᠡᠭᠦ ᠨᠢ ᠲᠦᠷᠭᠡᠨ᠂ ᠲᠤᠯᠠᠭᠠᠨ ᠤ | ᠭᠡᠮᠵᠢᠶ᠎ᠠ ᠨᠢ ᠲᠤᠤᠷ᠎ᠠ᠂ ᠲᠤᠬᠠᠶᠢᠯᠠᠪᠠᠯ ᠴᠢᠭᠢᠯᠡᠭᠦ ᠦᠶ᠎ᠠ ᠶᠢᠨ ᠲᠤᠯᠠᠭᠠᠨ ᠤ ᠭᠡᠮᠵᠢᠶ᠎ᠠ ᠶᠢ ᠡᠳᠤᠷ ᠲᠡᠭᠡᠨ 18 ~ 22℃᠂ ᠰᠦᠨᠢ ᠳᠡᠭᠡᠨ 6 | ~ 8℃ ᠪᠠᠶᠢᠯᠭᠠᠬᠤ ᠭᠡᠷᠡᠭᠳᠡᠢ᠃ | ᠦᠷ᠎ᠠ ᠶᠢ ᠰᠢᠢᠳᠪᠤᠷᠢᠯᠡᠭᠦ ᠲᠠᠯ᠎ᠠ ᠪᠠᠷ ᠰᠢᠬᠤᠯᠤ ᠭᠤᠸ᠎ᠠ ᠶᠢᠨ ᠦᠷ᠎ᠡ ᠶᠢᠨ ᠮᠢᠩᠭᠠᠨ ᠮᠦᠭᠦᠯᠢᠭ ᠤᠨ ᠭᠦᠨᠳᠤ ᠶᠢ 150 ~ 200 | ᠭᠷᠡᠮ ᠪᠠᠶᠢᠯᠭᠠᠨ᠂ ᠮᠤ᠋ ᠪᠦᠷᠢ ᠶᠢᠨ ᠲᠤᠭ᠎ᠠ ᠶᠢ 2100 ~ 2200 ᠰᠠᠭᠤᠷᠢ ᠪᠠᠶᠢᠯᠭᠠᠵᠤ᠂ ᠮᠤ᠋ ᠪᠦᠷᠢ 500 ᠭᠷᠡᠮ ᠦᠷ᠎ᠡ ᠭᠡᠷᠡᠭᠯᠡᠨ᠎ᠠ᠃ ᠦᠷ᠎ᠡ | ᠪᠠᠨ 60 ~ 62℃ ᠤᠨ ᠤᠰᠤᠨ ᠳᠤ 10 ᠮᠢᠨᠦ᠋ᠲ ᠲᠡᠪᠳᠦᠭᠡᠨ ᠠᠷᠢᠭᠤᠳᠬᠠᠵᠤ᠂ ᠲᠠᠭᠢᠨ 8 ~ 12 ᠴᠠᠭ ᠲᠡᠪᠳᠦᠭᠡᠵᠤ᠂ ᠤᠰᠤ ᠶᠢ ᠨᠢ | ᠱᠦᠭᠦᠷᠡᠭᠦᠯᠦᠨ ᠬᠠᠳᠠᠭᠠᠭᠠᠳ᠂ ᠨᠤᠶᠢᠳᠡᠨ ᠱᠠ ᠪᠦᠰ ᠲᠤ ᠰᠠᠶᠢᠳᠤᠷ ᠪᠤᠭᠤᠵᠤ᠂ 20 ~ 25℃ ᠲᠤ 48 ᠴᠠᠭ ᠲᠠᠯᠪᠢᠵᠤ ᠰᠤᠶᠤᠭᠠᠯᠠᠭᠤᠯᠤᠨ᠎ᠠ᠃ | | ᠲᠠᠷᠢᠬᠤ ᠲᠠᠯ᠎ᠠ ᠪᠠᠷ ᠶᠠᠷᠦᠩᠭᠡᠢ ᠳᠡᠭᠡᠨ 12 ~ 15 ᠰᠠᠠᠲ᠋ᠢᠮᠧᠲᠷ ᠲᠡᠭᠰᠢ ᠲᠦᠷᠪᠡᠯᠵᠢᠨ ᠮᠧᠲᠷ ᠤᠨ ᠰᠦᠯᠢᠶᠤᠤ ᠴᠤᠮᠤ᠂ ᠰᠦᠯᠢᠶᠤᠤ | ᠲᠦᠡᠭᠰᠡ ᠪᠤᠶᠤ ᠲᠦᠷᠪᠡᠯᠵᠢᠨ ᠴᠠᠭᠠᠰᠤᠨ ᠬᠠᠶᠢᠷᠴᠠᠭ ᠲᠤ ᠲᠠᠷᠢᠨ᠎ᠠ︔ ᠴᠢᠨᠠᠷᠯᠢᠭ ᠬᠠᠰᠢᠶᠠᠨ ᠰᠢᠷᠤᠢ ᠶᠢ ᠤᠷᠭᠠᠨᠢᠭ ᠪᠤᠷᠳᠤᠭᠤᠷ ᠲᠠᠢ 6᠄ 4 ᠶᠢᠨ | ᠬᠠᠷᠢᠴᠠᠯ ᠢᠶᠠᠷ ᠰᠢᠮ᠎ᠠ ᠲᠡᠵᠢᠭᠡᠯᠳᠤ ᠰᠢᠷᠤᠢ ᠪᠤᠯᠭᠠᠨ ᠨᠠᠶᠢᠷᠠᠭᠤᠯᠵᠤ᠂ ᠴᠢᠭᠢ ᠪᠤᠶᠢᠵᠢᠭᠤᠯᠬᠤ ᠲᠠᠪᠠᠭ ᠪᠦᠷᠢ ᠨᠢᠭᠡ ᠴᠢᠭᠢ ᠦᠷ᠎ᠡ ᠰᠠᠭᠤᠯᠭᠠᠵᠤ᠂ 15 | ᠰᠠᠠᠲ᠋ᠢᠮᠧᠲᠷ ᠰᠢᠷᠤᠢ ᠪᠠᠷ ᠬᠤᠴᠠᠨ᠎ᠠ᠃ | ᠲᠠᠷᠢᠠᠠᠰᠠᠨ ᠤ ᠲᠠᠷᠠᠭ᠎ᠠ ᠠᠷᠠᠴᠢᠯᠠᠬᠤ ᠲᠠᠯ᠎ᠠ ᠪᠠᠷ ᠲᠠᠷᠢᠠᠠᠰᠠᠨ ᠤ ᠪᠠᠨ ᠲᠠᠷᠠᠭ᠎ᠠ ᠴᠢᠭᠢᠯᠡᠯᠳᠡ ᠶᠢ ᠨᠢ ᠠᠭᠢᠭᠤᠯᠬᠤ ᠶᠢᠨ ᠲᠤᠰᠠᠳᠠ᠂ | ᠲᠤᠯᠠᠭᠠᠨ ᠤ ᠭᠡᠮᠵᠢᠶ᠎ᠠ ᠶᠢ ᠡᠳᠤᠷ ᠲᠡᠭᠡᠨ 28 ~ 30℃᠂ ᠰᠦᠨᠢ ᠳᠡᠭᠡᠨ 18 ~ 20℃ ᠪᠠᠶᠢᠯᠭᠠᠪᠠᠯ᠂ 3 ~ 5 ᠡᠳᠤᠷ ᠤᠨ ᠲᠤᠳᠤᠷ᠎ᠡ | ᠴᠢᠭᠢᠯᠡᠭᠦ ᠪᠤᠯᠤᠨ᠎ᠠ᠂ ᠴᠢᠭᠢᠯᠡᠭᠰᠡᠨ ᠤ ᠰᠡᠭᠦᠯᠡᠷ ᠲᠡᠨᠡᠭ ᠤᠷᠭᠤᠬᠤ ᠶᠢ ᠰᠡᠷᠭᠡᠶᠢᠯᠡᠵᠤ᠂ ᠴᠢᠭᠢᠨ ᠤ ᠢᠳᠡᠷᠡᠭᠦᠨ ᠤᠷᠭᠤᠬᠤ ᠶᠢ ᠨᠢ ᠪᠠᠳᠤᠯᠬᠠᠤ ᠶᠢᠨ | ᠲᠤᠰᠠᠳᠠ᠂ 50% ~60% ᠶᠢᠨ ᠨᠢᠯᠬ᠎ᠠ ᠴᠢᠭᠢ ᠨᠢ ᠨᠠᠪᠴᠢᠯᠡᠭᠦ ᠦᠶ᠎ᠠ ᠳᠤ ᠰᠠᠯᠭᠢ ᠨᠡᠪᠳᠡᠷᠡᠭᠦᠯᠦᠨ ᠲᠤᠯᠠᠭᠠᠨ ᠢ ᠪᠠᠭᠤᠷᠠᠭᠤᠯᠵᠤ᠂ ᠡᠳᠤᠷ | ᠲᠡᠭᠡᠨ 20 ~ 25℃᠂ ᠰᠦᠨᠢ ᠳᠡᠭᠡᠨ 8 ~ 12℃ ᠪᠠᠶᠢᠯᠭᠠᠵᠤ᠂ ᠭᠤᠤᠯ ᠨᠢ ᠲᠤᠤᠷ᠎ᠡ ᠭᠦᠪᠤᠷᠡᠯ ᠤᠨ ᠲᠡᠩᠭᠡᠯᠢᠭ ᠨᠢ ᠤᠷᠳᠤ ᠤᠷᠭᠤᠬᠤ | ᠶᠢ ᠨᠢ ᠭᠢᠵᠠᠭᠠᠷᠯᠠᠨ᠎ᠠ᠃ | ᠨᠢᠭᠡᠳᠦᠭᠡᠷ ᠭᠡᠯᠳᠡᠰ ᠵᠢᠩᠭᠢᠨᠢ ᠨᠠᠪᠴᠢ ᠨᠢ ᠲᠡᠯᠭᠡᠭᠰᠡᠨ ᠤ ᠲᠠᠷᠠᠭ᠎ᠠ᠂ ᠴᠡᠴᠡᠭ ᠤᠨ ᠨᠠᠭᠢᠶ᠎ᠠ ᠨᠢ ᠡᠭᠢᠯᠡᠨ ᠰᠠᠯᠠᠭᠠᠪᠤᠷᠢᠯᠡᠨᠡ᠃ ᠰᠤᠳᠤᠯᠤᠯ ᠢ | ᠦᠨᠳᠦᠰᠦᠯᠡᠪᠡᠯ᠂ ᠲᠤᠯᠠᠭᠠᠨ ᠤ ᠭᠡᠮᠵᠢᠶ᠎ᠠ ᠶᠢ ᠡᠳᠤᠷ ᠲᠡᠭᠡᠨ 20℃᠂ ᠰᠦᠨᠢ ᠳᠡᠭᠡᠨ 10℃ ᠪᠠᠶᠢᠯᠭᠠᠵᠤ᠂ ᠡᠳᠤᠷ ᠪᠦᠷᠢ 8 ~12 ᠴᠠᠭ | ᠭᠡᠷᠡᠯ ᠲᠤᠰᠬᠠᠪᠠᠯ᠂ ᠡᠮ᠎ᠡ ᠴᠡᠴᠡᠭ ᠪᠤᠢ ᠪᠤᠯᠬᠤ ᠳᠤ ᠲᠤᠭᠢᠷᠠᠮᠵᠢᠳᠡᠢ ᠪᠠᠶᠢᠵᠤ᠂ ᠡᠮ᠎ᠠ ᠴᠡᠴᠡᠭ ᠤᠯᠠᠨ ᠪᠤᠯᠵᠤ ᠦᠷᠡᠪᠴᠢ ᠨᠢ ᠴᠤ ᠨᠡᠯᠢᠶᠡᠳ ᠲᠤᠮᠤ | ᠪᠤᠯᠳᠠᠭ ᠪᠠᠶᠢᠨ᠎ᠠ᠃ ᠡᠶᠢᠮᠤ ᠠᠴᠠ ᠰᠢᠬᠤᠯᠤ ᠭᠤᠸ᠎ᠠ ᠶᠢᠨ ᠨᠢᠯᠬ᠎ᠠ ᠴᠢᠭᠢ ᠨᠢ ᠨᠠᠭᠢᠶᠠᠯᠠᠨ ᠰᠠᠯᠬᠤ ᠦᠶᠡᠰ᠂ ᠲᠤᠯᠠᠭᠠᠨ ᠤ ᠭᠡᠮᠵᠢᠶ᠎ᠠ ᠶᠢ ᠨᠡᠯᠢᠶᠡᠳ | ᠲᠤᠤᠷ᠎ᠡ᠂ ᠭᠡᠷᠡᠯ ᠤᠨ ᠲᠤᠰᠤᠯᠳᠠ ᠶᠢ ᠨᠡᠯᠢᠶᠡᠳ ᠤᠬᠤᠷ ᠪᠠᠶᠢᠯᠭᠠᠵᠤ᠂ ᠡᠮ᠎ᠡ ᠴᠡᠴᠡᠭ ᠤᠨ ᠪᠤᠢ ᠪᠤᠯᠬᠤ ᠶᠢ ᠠᠭᠢᠭᠤᠯᠬᠤ ᠨᠢ ᠲᠤᠩ ᠴᠢᠬᠤᠯᠠ | ᠲᠠᠢ ᠶᠤᠮ᠃ | ᠴᠢᠭᠢ ᠪᠤᠶᠢᠵᠢᠭᠤᠯᠬᠤ ᠰᠡᠭᠦᠯᠴᠢ ᠶᠢᠨ ᠬᠤᠭᠤᠴᠠᠭᠠᠨ ᠳᠤ᠂ ᠲᠤᠯᠠᠭᠠᠨ ᠤ ᠭᠡᠮᠵᠢᠶ᠎ᠠ ᠶᠢ ᠡᠳᠤᠷ ᠲᠡᠭᠡᠨ 18 ~ 22℃᠂ ᠰᠦᠨᠢ ᠳᠡᠭᠡᠨ | 6 ~ 8℃ ᠪᠠᠶᠢᠯᠭᠠᠬᠤ ᠭᠡᠷᠡᠭᠳᠡᠢ᠂ ᠰᠦᠯᠢᠶᠤᠤ ᠴᠤᠮᠤ ᠪᠠᠷ ᠤᠰᠤ ᠶᠢ ᠠᠷᠪᠢᠯᠠᠬᠤ ᠵᠠᠷᠴᠢᠮ ᠢ ᠪᠠᠷᠢᠮᠳᠠᠯᠠᠵᠤ᠂ ᠰᠢᠷᠤᠢ ᠶᠢᠨ ᠪᠦᠭᠡᠮ ᠨᠢ | ᠬᠠᠳᠠᠵᠤ᠂ ᠨᠠᠪᠴᠢᠨ ᠭᠡᠯᠳᠡᠰ ᠨᠢ ᠦᠳᠡ ᠪᠤᠶᠤ ᠦᠳᠡ ᠶᠢᠨ ᠬᠤᠶᠢᠨ᠎ᠠ ᠬᠤᠮᠢᠬᠤ ᠦᠶᠡᠰ ᠤᠰᠤᠯᠠᠵᠤ᠂ ᠶᠠᠷᠦᠩᠭᠡᠢ ᠳᠡᠭᠡᠨ ᠴᠢᠭᠢ ᠪᠤᠶᠢᠵᠢᠭᠤᠯᠬᠤ | ᠶᠠᠪᠤᠴᠠ ᠳᠤ 2 ~3 ᠤᠳᠠᠭ᠎ᠠ ᠤᠰᠤᠯᠠᠬᠤ ᠭᠡᠷᠡᠭᠳᠡᠢ᠃ | 4. ᠰᠢᠬᠤᠯᠤ ᠭᠤᠸ᠎ᠠ ᠶᠢ ᠰᠠᠭᠤᠷᠢᠰᠢᠭᠤᠯᠤᠨ ᠲᠠᠷᠢᠠᠠᠰᠠᠨ ᠤ ᠰᠡᠭᠦᠯᠡᠷ ᠶᠠᠭᠠᠭᠢᠵᠤ ᠠᠷᠠᠴᠢᠯᠠᠬᠤ ᠪᠤᠢ︖ | ᠭᠦᠯᠡᠮᠵᠢᠨ ᠳᠠᠬᠢ ᠬᠠᠪᠤᠷ ᠤᠨ ᠭᠤᠤᠷᠰᠤᠨ ᠤ ᠰᠢᠬᠤᠯᠤ ᠭᠤᠸ᠎ᠠ ᠳᠤ ᠡᠷᠳᠡ ᠭᠡᠰᠡᠨ ᠦᠭᠡ ᠶᠢ ᠲᠤᠪᠤᠶᠢᠯᠭᠠᠬᠤ ᠭᠡᠷᠡᠭᠳᠡᠢ᠃ ᠲᠤᠬᠠᠶᠢᠯᠠᠪᠠᠯ | ᠂ ᠦᠷᠭᠡᠰᠤᠳᠤ ᠭᠡᠮᠭᠡ ᠠᠴᠠ 20 ᠡᠳᠤᠷ ᠤᠷᠢᠳᠴᠢᠯᠡᠨ ᠰᠠᠭᠤᠷᠢᠰᠢᠭᠤᠯᠤᠨ ᠲᠠᠷᠢᠵᠤ᠂ ᠶᠠᠷᠦᠩᠭᠡᠢ ᠳᠡᠭᠡᠨ ᠨᠢᠭᠡᠳᠦᠭᠡᠷ ᠰᠠᠷ᠎ᠠ ᠶᠢᠨ ᠡᠭᠢ ᠪᠠᠷ ᠲᠠᠷᠤᠢ | ᠰᠠᠭᠤᠷᠢᠰᠢᠭᠤᠯᠤᠨ ᠲᠠᠷᠢᠵᠤ᠂ 5 ᠳ᠋ᠤᠭᠠᠷ ᠰᠠᠷ᠎ᠠ ᠶᠢᠨ ᠡᠴᠤᠰ ᠢᠶᠠᠷ ᠵᠠᠯ᠎ᠠ ᠲᠠᠳᠠᠵᠤ᠂ ᠲᠠᠷᠠᠭ᠎ᠠ ᠶᠢᠨ ᠲᠠᠷᠢᠬᠤ ᠭᠤᠤᠷᠰᠤᠨ ᠳᠤ ᠠᠮᠳᠠᠳᠤ ᠯᠠᠵᠤᠤ᠂ | ᠲᠦᠪᠡᠳ ᠬᠠᠰᠢ᠂ ᠴᠢᠩᠼᠠᠢ ᠵᠡᠷᠭᠡ ᠶᠢ ᠲᠠᠷᠢᠵᠤ ᠪᠤᠯᠤᠨ᠎ᠠ᠃ ᠨᠠᠮᠤᠷ ᠤᠨ ᠭᠤᠤᠷᠰᠤᠨ ᠤ ᠰᠢᠬᠤᠯᠤ ᠭᠤᠸ᠎ᠠ ᠶᠢ 8 ᠳ᠋ᠤᠭᠠᠷ ᠰᠠᠷ᠎ᠠ ᠶᠢᠨ | ᠲᠤᠮᠳᠡᠴᠢ ᠪᠠᠷ ᠰᠢᠭᠤᠳ ᠲᠠᠷᠢᠬᠤ ᠪᠤᠶᠤ ᠴᠢᠭᠢ ᠪᠤᠶᠢᠵᠢᠭᠤᠯᠵᠤ᠂ 12 ᠳ᠋ᠤᠭᠠᠷ ᠰᠠᠷ᠎ᠠ ᠶᠢᠨ ᠡᠴᠤᠰ ᠭᠦᠷᠳᠡᠯ᠎ᠠ ᠦᠷᠭᠦᠯᠵᠢᠯᠡᠨ ᠲᠡᠭᠦᠨ ᠬᠤᠷᠢᠶᠠᠭᠠᠳ | ᠵᠡᠯ᠎ᠠ ᠪᠠᠨ ᠲᠠᠳᠠᠵᠤ ᠪᠤᠯᠤᠨ᠎ᠠ᠃ | ᠮᠤ᠋ ᠪᠦᠷᠢ ᠤᠷᠭᠠᠨᠢᠭ ᠪᠤᠷᠳᠤᠭᠤᠷ 4000 ᠺᠢᠯᠤᠭ᠍ᠷᠡᠮ ᠤᠷᠴᠢᠮ ᠤᠷᠤᠭᠤᠯᠵᠤ᠂ ᠭᠠᠵᠠᠷ ᠢᠶᠠᠨ ᠬᠤᠶᠠᠷ ᠤᠳᠠᠭ᠎ᠠ 25 ~ 30 | ᠰᠠᠠᠲ᠋ᠢᠮᠧᠲᠷ ᠭᠦᠨ ᠤᠷᠪᠠᠭᠤᠯᠵᠤ᠂ 1 ~ 1.1 ᠮᠧᠲᠷ ᠦᠷᠭᠡᠨ ᠲᠠᠳᠠᠭᠠᠯ ᠲᠤᠳᠤᠷ᠎ᠡ 60 ᠰᠠᠠᠲ᠋ᠢᠮᠧᠲᠷ ᠦᠷᠭᠡᠨ᠂ 20 ~30 ᠰᠠᠠᠲ᠋ᠢᠮᠧᠲᠷ | ᠦᠨᠳᠤᠷ ᠲᠡᠯᠡᠩ ᠪᠤᠰᠬᠠᠭᠠᠳ᠂ ᠪᠦᠷᠭᠦᠭᠦᠯ ᠢᠶᠠᠷ ᠢᠶᠠᠨ ᠪᠦᠳᠡᠭᠡᠨᠠ᠂ ᠪᠤᠷᠳᠤᠭᠤᠷ ᠤᠷᠤᠭᠤᠯᠬᠤ ᠠᠷᠭ᠎ᠠ ᠶᠢᠨ ᠲᠠᠯ᠎ᠠ ᠪᠠᠷ ᠭᠤᠷᠪᠡᠨ ᠤ ᠬᠤᠶᠠᠷ | ᠬᠤᠪᠢ ᠶᠢ ᠨᠢ ᠰᠠᠭᠤᠷᠢ ᠪᠤᠷᠳᠤᠭᠤᠷ ᠪᠤᠯᠭᠠᠨ ᠨᠡᠶᠢᠳᠡᠮ ᠰᠠᠴᠤᠨ ᠤᠷᠤᠭᠤᠯᠵᠤ᠂ ᠭᠤᠷᠪᠡᠨ ᠤ ᠨᠢᠭᠡ ᠶᠢᠨ ᠤᠷᠭᠠᠨᠢᠭ ᠪᠤᠷᠳᠤᠭᠤᠷ ᠢ ᠲᠠᠯᠠᠩ ᠳᠤᠨᠢ | ᠲᠦᠪᠯᠡᠷᠡᠭᠦᠯᠦᠨ ᠤᠷᠤᠭᠤᠯᠵᠤ ᠪᠤᠯᠤᠨ᠎ᠠ᠂ ᠰᠠᠭᠤᠷᠢᠰᠢᠭᠤᠯᠤᠨ ᠲᠠᠷᠢᠬᠤ ᠦᠶᠡᠰ ᠴᠤᠨᠤᠭ ᠪᠦᠷᠢ 10 ᠭᠷᠡᠮ ᠤᠷᠴᠢᠮ ᠹᠤᠰᠹᠤᠷ ᠭᠦᠴᠢᠯ ᠤᠨ | ᠬᠤᠶᠠᠷᠴᠢ ᠠᠮᠮᠤᠨᠢ ᠤᠷᠤᠭᠤᠯᠵᠤ ᠪᠤᠯᠤᠨ᠎ᠠ᠃ | ᠰᠠᠭᠤᠷᠢᠰᠢᠭᠤᠯᠤᠨ ᠲᠠᠷᠢᠬᠤ ᠳᠤ ᠮᠦᠷ ᠤᠨ ᠵᠠᠢ ᠶᠢ 0.6 ~ 0.8 ᠮᠧᠲᠷ᠂ ᠰᠠᠭᠤᠷᠢ ᠶᠢᠨ ᠵᠠᠢ ᠶᠢ 50 ᠰᠠᠠᠲ᠋ᠢᠮᠧᠲᠷ ᠪᠠᠶᠢᠯᠭᠠᠵᠤ᠂ | ᠮᠤ᠋ ᠪᠦᠷᠢ 2000 ᠰᠠᠭᠤᠷᠢ ᠰᠠᠭᠤᠯᠭᠠᠨ᠎ᠠ᠃ ᠬᠠᠪᠤᠷ ᠡᠷᠳᠡ ᠰᠠᠭᠤᠷᠢᠰᠢᠭᠤᠯᠤᠨ ᠲᠠᠷᠢᠬᠤ ᠳᠤ ᠲᠤᠩᠭᠠᠯᠠᠭ ᠡᠳᠤᠷ ᠢ ᠰᠤᠩᠭᠤᠨ᠂ ᠴᠤᠨᠤᠭ ᠭᠠᠷᠭᠠᠨ | ᠤᠰᠤᠯᠠᠭᠠᠳ᠂ ᠨᠤᠶᠢᠳᠡᠨ ᠰᠢᠷᠤᠢ ᠪᠠᠷ ᠨᠢᠠᠠᠳᠠ ᠲᠠᠷᠤᠨ᠎ᠠ᠂ 3 ~ 4 ᠡᠳᠤᠷ ᠤᠨ ᠲᠠᠷᠠᠭ᠎ᠠ ᠨᠢᠭᠡ ᠤᠳᠠᠭ᠎ᠠ ᠪᠠᠭ᠎ᠠ ᠤᠰᠤᠯᠠᠨ᠎ᠠ᠃ ᠴᠢᠭᠢᠯᠡᠯᠳᠡ ᠶᠢ | ᠨᠢ ᠠᠭᠢᠭᠤᠯᠬᠤ ᠶᠢᠨ ᠲᠤᠰᠠᠳᠠ᠂ ᠬᠠᠪᠤᠷ ᠡᠷᠳᠡ ᠰᠠᠭᠤᠷᠢᠰᠢᠭᠤᠯᠤᠨ ᠲᠠᠷᠢᠠᠠᠰᠠᠨ ᠤ ᠪᠠᠨ ᠲᠠᠷᠠᠭ᠎ᠠ ᠲᠤᠯᠠᠭᠠᠨ ᠤ ᠭᠡᠮᠵᠢᠶ᠎ᠠ ᠶᠢ ᠡᠳᠤᠷ ᠲᠡᠭᠡᠨ 23 | ~ 25℃᠂ ᠬᠠᠮᠤᠭ ᠤᠨ ᠦᠨᠳᠤᠷ ᠲᠡᠭᠡᠨ 32℃᠂ ᠰᠦᠨᠢ ᠳᠡᠭᠡᠨ 12~13℃ ᠪᠠᠶᠢᠯᠭᠠᠨ᠎ᠠ᠃ ᠴᠢᠭᠢᠯᠡᠭᠰᠡᠨ ᠤ ᠰᠡᠭᠦᠯᠡᠷ ᠡᠳᠤᠷ ᠲᠡᠭᠡᠨ | 20 ~23℃᠂ ᠰᠦᠨᠢ ᠳᠡᠭᠡᠨ 16 ~18℃ ᠪᠠᠶᠢᠯᠭᠠᠨ᠎ᠠ᠃ ᠠᠩᠬᠠᠳ᠋ᠬᠠᠴᠢ ᠡᠮ᠎ᠡ ᠴᠡᠴᠡᠭ ᠲᠡᠯᠭᠡᠭᠰᠡᠨ ᠤ ᠰᠡᠭᠦᠯᠡᠷ ᠦᠨᠳᠤᠰᠤᠨ ᠭᠤᠸ᠎ᠠ ᠨᠢ | 8 ᠢᠮᠠᠬᠤ ᠲᠤᠮᠤᠭᠠᠷᠠᠬᠤ ᠦᠶ᠎ᠠ ᠳᠤ ᠲᠤᠯᠠᠭᠠᠨ ᠤ ᠭᠡᠮᠵᠢᠶ᠎ᠠ ᠶᠢ ᠲᠤᠭᠢᠳᠡᠢ ᠲᠡᠭᠡᠭᠰᠢᠯᠡᠭᠦᠯᠵᠤ᠂ ᠡᠳᠤᠷ ᠲᠡᠭᠡᠨ 22 ~25℃᠂ ᠰᠦᠨᠢ | ᠳᠡᠭᠡᠨ 11 ~13℃ ᠪᠠᠶᠢᠯᠭᠠᠨ᠎ᠠ᠃ | ᠤᠰᠤ ᠪᠤᠷᠳᠤᠭᠤᠷ ᠤᠨ ᠬᠠᠮᠢᠶᠠᠷᠤᠯᠳᠠ ᠶᠢᠨ ᠲᠠᠯ᠎ᠠ ᠪᠠᠷ ᠴᠡᠴᠡᠭ ᠲᠡᠯᠭᠡᠨ ᠵᠢᠮᠢᠰᠯᠡᠭᠦ ᠠᠴᠠ ᠨᠢ ᠡᠮᠦᠨ᠎ᠠ᠂ ᠠᠷᠴᠢᠬᠤ ᠪᠠ ᠤᠰᠤ ᠲᠤᠯᠠᠭᠠᠨ ᠢ | ᠭᠢᠵᠠᠭᠠᠷᠯᠠᠬᠤ ᠪᠠᠷ ᠭᠤᠤᠯ ᠪᠤᠯᠭᠠᠨ᠂ ᠵᠡᠯ᠎ᠡ ᠨᠢ ᠢᠳᠡᠷᠵᠢᠭᠦ ᠶᠢ ᠠᠭᠢᠭᠤᠯᠵᠤ᠂ ᠲᠡᠨᠡᠭ ᠤᠷᠭᠤᠬᠤ ᠠᠴᠠ ᠰᠡᠷᠭᠡᠶᠢᠯᠡᠨ᠎ᠡ᠃ ᠦᠨᠳᠤᠰᠤᠨ ᠭᠤᠸ᠎ᠠ ᠨᠢ | ᠲᠤᠮᠤᠭᠠᠷᠠᠬᠤ ᠦᠶᠡᠰ ᠡᠭᠢᠯᠡᠨ ᠤᠰᠤᠯᠠᠵᠤ᠂ ᠤᠰᠤᠯᠠᠬᠤ ᠶᠢᠨ ᠲᠠᠭᠠᠤ 15 ~20 ᠺᠢᠯᠤᠭ᠍ᠷᠡᠮ ᠹᠤᠰᠹᠤᠷ ᠬᠤᠶᠠᠷᠴᠢ ᠠᠮᠮᠤᠨᠢ ᠪᠤᠶᠤ ᠰᠢᠭᠡᠰᠦᠯᠢᠭ | ᠡᠳ᠋ ᠨᠦᠭᠦᠨ ᠤᠷᠤᠭᠤᠯᠵᠤ᠂ ᠤᠰᠤᠯᠠᠵᠤ ᠪᠤᠷᠳᠤᠭᠤᠷ ᠤᠷᠤᠭᠤᠯᠤᠠᠠᠰᠠᠨ ᠤ ᠪᠠᠨ ᠲᠠᠷᠠᠭ᠎ᠠ ᠰᠠᠯᠭᠢ ᠨᠡᠪᠳᠡᠷᠡᠭᠦᠯᠦᠨ ᠴᠢᠭᠢᠭ ᠢ ᠨᠢ ᠭᠠᠷᠭᠠᠬᠤ ᠶᠢ | ᠠᠩᠬᠠᠷᠬᠤ ᠭᠡᠷᠡᠭᠳᠡᠢ᠃ ᠦᠨᠳᠤᠰᠤᠨ ᠭᠤᠸ᠎ᠠ ᠶᠢ ᠲᠡᠭᠦᠵᠤ ᠬᠤᠷᠢᠶ᠋ᠬᠠᠰᠠᠨ ᠤ ᠰᠡᠭᠦᠯᠡᠷ ᠬᠤᠶᠠᠷᠳᠡᠭᠢ ᠭᠤᠸ᠎ᠠ ᠲᠤᠮᠤᠭᠠᠷᠠᠬᠤ ᠭᠦᠷᠳᠡᠯ᠎ᠡ ᠵᠢᠮᠢᠰᠯᠡᠭᠦ | ᠬᠤᠭᠤᠴᠠᠭᠠᠨ ᠤ ᠲᠠᠯ᠎ᠠ ᠪᠠᠷ ᠭᠦᠷᠤᠰᠤ ᠰᠢᠷᠤᠢ ᠶᠢᠨ ᠤᠰᠤᠨ ᠤ ᠭᠡᠮᠵᠢᠶ᠎ᠠ ᠨᠢ ᠠᠬᠠᠳᠤᠵᠤ᠂ ᠠᠽᠤᠲ ᠪᠤᠷᠳᠤᠭᠤᠷ ᠤᠷᠤᠭᠤᠯᠤᠠᠠᠰᠠᠨ ᠭᠡᠮᠵᠢᠶ᠎ᠠ ᠨᠢ | ᠭᠡᠳᠦᠷᠡᠭᠰᠡᠨ ᠠᠴᠠ ᠪᠤᠯᠵᠤ᠂ ᠰᠤᠯᠢᠭᠤ ᠤᠷᠭᠤᠬᠤ ᠶᠢ ᠠᠩᠬᠠᠷᠬᠤ ᠶᠢᠨ ᠬᠠᠮᠳᠤ ᠪᠠᠰᠠ ᠪᠤᠷᠳᠤᠭᠤᠷ ᠪᠠᠭᠠᠳᠤᠠᠠᠰᠠᠨ ᠠᠴᠠ ᠪᠤᠯᠵᠤ ᠨᠠᠪᠴᠢ ᠨᠢ | ᠰᠢᠷᠠᠯᠠᠨ ᠤᠨᠠᠬᠤ ᠠᠴᠠ ᠰᠡᠷᠭᠡᠶᠢᠯᠡᠭᠦ ᠭᠡᠷᠡᠭᠳᠡᠢ᠃ | ᠴᠡᠴᠡᠭ ᠵᠢᠮᠢᠰ ᠢ ᠬᠠᠮᠠᠭᠠᠯᠠᠬᠤ ᠲᠠᠯ᠎ᠠ ᠪᠠᠷ ᠨᠠᠷᠠᠯᠠᠭ ᠭᠦᠯᠡᠮᠵᠢᠨ ᠳᠤ ᠰᠢᠬᠤᠯᠤ ᠭᠤᠸ᠎ᠠ ᠲᠠᠷᠢᠬᠤ ᠳᠤ ᠴᠢᠭᠢᠭ ᠲᠤᠯᠠᠭᠠᠨ ᠤ ᠭᠡᠮᠵᠢᠶ᠎ᠠ | ᠦᠨᠳᠤᠷ᠂ ᠭᠡᠷᠡᠯ ᠤᠨ ᠲᠤᠰᠤᠯᠳᠠ ᠪᠠᠭᠤᠷᠠᠢ ᠰᠠᠯᠭᠢ ᠨᠡᠪᠳᠡᠷᠡᠭᠦ ᠨᠢ ᠮᠠᠭᠤ ᠠᠴᠠ ᠪᠤᠯᠤᠭᠠᠳ᠂ ᠰᠠᠭᠤᠷᠢ ᠶᠢᠨ ᠰᠢᠮ᠎ᠠ ᠲᠡᠵᠢᠭᠡᠯᠳᠤ ᠴᠤᠠᠠᠴᠠ ᠶᠢᠨ | ᠤᠷᠭᠤᠯᠳᠠ ᠨᠢ ᠭᠡᠳᠦᠷᠭᠡᠢ ᠪᠠᠳᠠᠷᠠᠭᠤᠨ ᠪᠤᠯᠵᠤ᠂ ᠭᠤᠸ᠎ᠠ ᠨᠢ ᠬᠠᠶᠢᠯᠬᠤ ᠨᠢ ᠭᠦᠨᠳᠤ ᠨᠤᠴᠢᠳᠡᠢ ᠪᠤᠯᠳᠠᠭ᠃ ᠡᠶᠢᠮᠤ ᠠᠴᠠ ᠴᠡᠴᠡᠭ ᠵᠢᠮᠢᠰ ᠢ | ᠬᠠᠮᠠᠭᠠᠯᠠᠨ ᠨᠢᠯᠬ᠎ᠠ ᠵᠢᠮᠢᠰ ᠤᠨ ᠤᠷᠭᠤᠯᠳᠠ ᠶᠢ ᠠᠭᠢᠭᠤᠯᠬᠤ ᠨᠢ ᠨᠢᠭᠡᠨ ᠴᠢᠬᠤᠯᠠ ᠮᠡᠷᠭᠡᠵᠢᠯ ᠪᠤᠯᠤᠨ᠎ᠠ᠃ | ᠵᠢᠮᠢᠰᠯᠡᠭᠦ ᠬᠤᠭᠤᠴᠠᠭᠠᠨ ᠳᠤ ᠡᠳᠤᠷ ᠪᠦᠷᠢ ᠦᠷᠯᠦᠭᠡ ᠡᠷᠳᠡ 6 ~8 ᠴᠠᠭ ᠲᠤ ᠭᠦᠮᠦᠨ ᠤ ᠭᠦᠴᠤ ᠪᠠᠷ ᠲᠤᠭᠤᠰᠤᠳᠠᠭᠤᠯᠵᠤ᠂ | ᠲᠤᠭᠤᠰᠤᠳᠠᠭᠤᠯᠤᠠᠠᠰᠨᠨ ᠤ ᠬᠤᠶᠠᠳᠤᠭᠠᠷ ᠡᠳᠤᠷ ᠲᠤ ᠨᠢᠯᠬ᠎ᠠ ᠭᠤᠸ᠎ᠠ ᠳᠠᠭᠠᠨ ᠦᠳᠭᠡᠴᠡ ᠨᠢ 20 ~30ppm ᠶᠢᠨ 2.4᠂ b ᠡᠮ ᠢ | ᠨᠢᠯᠬ᠎ᠠ ᠵᠢᠮᠢᠰ ᠤᠨ ᠲᠡᠭᠡᠷᠡᠭᠢ ᠲᠠᠷᠬᠠᠯᠳᠠ ᠨᠢ ᠵᠢᠭᠳᠡ ᠪᠤᠯ ᠦᠷᠡᠪᠴᠢ ᠪᠦᠷᠢ 1 ~ 2 ᠮᠢᠯᠢᠭᠷᠡᠮ ᠭᠡᠷᠡᠭᠯᠡᠵᠤ᠂ ᠭᠡᠮᠵᠢᠶ᠎ᠠ ᠶᠢ ᠨᠢ ᠭᠡᠳᠦᠷᠭᠡᠢ ᠶᠡᠭᠡ | ᠭᠡᠷᠡᠭᠯᠡᠭᠰᠡᠨ ᠪᠠ ᠡᠮ ᠤᠨ ᠲᠠᠷᠬᠠᠯᠳᠠ ᠨᠢ ᠵᠢᠭᠳᠡ ᠦᠭᠡᠢ ᠠᠴᠠ ᠪᠤᠯᠵᠤ ᠵᠡᠷᠡᠮᠳᠡᠭ ᠵᠢᠮᠢᠰ ᠰᠠᠭᠤᠬᠤ ᠶᠢ ᠰᠡᠷᠭᠡᠶᠢᠯᠡᠭᠦ ᠭᠡᠷᠡᠭᠳᠡᠢ᠃ | ᠰᠢᠬᠤᠯᠤ ᠭᠤᠸ᠎ᠠ ᠳᠤ ᠲᠠᠩ ᠵᠠᠯ᠎ᠠ ᠪᠠᠷ ᠮᠦᠴᠢᠷ ᠢ ᠨᠢ ᠵᠠᠰᠠᠬᠤ ᠠᠷᠭ᠎ᠠ ᠶᠢ ᠠᠪᠴᠤ᠂ ᠬᠠᠵᠠᠭᠤ ᠶᠢᠨ ᠰᠠᠯᠠᠭ᠎ᠠ ᠶᠢ ᠴᠠᠭ ᠲᠠᠷᠤᠢ ᠳᠤᠨᠢ | ᠠᠪᠴᠤ ᠬᠠᠶᠠᠬᠤ ᠭᠡᠷᠡᠭᠳᠡᠢ᠂ ᠨᠡᠯᠢᠶᠡᠳ ᠪᠦᠭᠡ ᠰᠦᠯᠢᠶᠤᠤ ᠲᠡᠭᠡᠰᠤ ᠪᠠᠷ ᠵᠠᠯ᠎ᠠ ᠶᠢ ᠨᠢ ᠲᠡᠭᠦᠵᠢᠯᠡᠪᠡᠯ᠂ ᠭᠡᠷᠡᠯ ᠭᠦᠢᠴᠡᠳ ᠲᠤᠰᠴᠤ᠂ ᠨᠠᠪᠴᠢ ᠨᠢ | ᠬᠠᠷᠢᠯᠴᠠᠨ ᠰᠡᠭᠦᠳᠡᠷᠯᠡᠭᠦ ᠶᠢ ᠰᠡᠷᠭᠡᠶᠢᠯᠡᠵᠤ ᠪᠤᠯᠤᠨ᠎ᠠ᠃ ᠵᠡᠯ᠎ᠡ ᠲᠡᠭᠦᠵᠢᠯᠡᠭᠦ ᠦᠶᠡᠰ ᠰᠠᠭᠤᠷᠢ ᠶᠢᠨ ᠤᠷᠭᠤᠯᠳᠠ ᠶᠢᠨ ᠴᠢᠭ᠋᠂ ᠲᠦᠷᠦᠭᠦᠤ ᠶᠢᠨ | ᠦᠨᠳᠤᠷ ᠪᠤᠭᠤᠨᠢ ᠶᠢ ᠲᠡᠩᠴᠡᠭᠦᠯᠵᠤ᠂ ᠲᠠᠳᠠᠭᠠᠯ ᠪᠦᠷᠢ ᠶᠢ ᠡᠮᠦᠨᠡᠭᠢ ᠨᠢ ᠲᠤᠤᠷ᠎ᠡ ᠬᠤᠶᠢᠨᠠᠭᠢ ᠨᠢ ᠦᠨᠳᠤᠷ ᠪᠠᠶᠢᠯᠭᠠᠵᠤ᠂ ᠪᠦᠯᠦᠭᠯᠡᠯ ᠪᠡᠶᠡᠳᠤ ᠳᠤ | ᠪᠦᠷᠢᠮᠦᠰᠤᠨ ᠭᠡᠷᠡᠯ ᠭᠦᠷᠳᠡᠭᠡᠭᠦ ᠭᠡᠷᠡᠭᠳᠡᠢ᠃ | ᠵᠢᠮᠢᠰᠯᠡᠭᠦ ᠶᠢᠨ ᠲᠤᠮᠳᠡᠴᠢ ᠰᠡᠭᠦᠯᠴᠢ ᠶᠢᠨ ᠬᠤᠭᠤᠴᠠᠭᠠᠨ ᠳᠤ ᠰᠠᠭᠤᠷᠢ ᠶᠢᠨ ᠤᠷᠭᠤᠯᠳᠠ ᠶᠢᠨ ᠢᠳᠡ ᠨᠢ ᠪᠠᠭᠤᠷᠠᠬᠤ ᠪᠤᠯᠬᠤᠷ ᠰᠠᠭᠤᠷᠢ | ᠶᠢᠨ ᠲᠡᠭᠡᠳᠤ ᠭᠡᠰᠡᠭ ᠲᠤ 1 ~ 2 ᠬᠠᠵᠠᠭᠤ ᠶᠢᠨ ᠰᠠᠯᠠᠭ᠎ᠠ ᠦᠯᠡᠳᠡᠭᠡᠨ ᠭᠤᠤᠯ ᠵᠠᠯ᠎ᠠ ᠶᠢᠨ ᠭᠤᠸ᠎ᠠ ᠰᠠᠭᠤᠬᠤ ᠶᠢ ᠤᠷᠤᠯᠠᠭᠤᠯᠬᠤ ᠶᠢ | ᠰᠠᠯᠠᠭ᠎ᠠ ᠵᠠᠰᠠᠯᠳᠠ ᠶᠢᠨ ᠰᠢᠨᠡᠴᠢᠯᠡᠯᠳᠡ ᠭᠡᠳᠡᠭ᠂ ᠤᠷᠭᠤᠮᠠᠯ ᠤᠨ ᠰᠠᠭᠤᠷᠢᠨ ᠭᠡᠰᠡᠭ ᠤᠨ ᠨᠠᠪᠴᠢ ᠰᠢᠷᠠᠯᠠᠬᠤ ᠪᠠ ᠡᠪᠡᠳᠴᠢᠨ ᠲᠠᠢ ᠨᠠᠪᠴᠢ | ᠢᠯᠡᠷᠡᠪᠡᠯ ᠴᠠᠭ ᠲᠠᠷᠤᠢ ᠳᠤᠨᠢ ᠠᠪᠴᠤ ᠬᠠᠶᠠᠵᠤ᠂ ᠰᠠᠯᠭᠢ ᠨᠡᠪᠳᠡᠷᠡᠭᠦᠯᠦᠨ ᠭᠡᠷᠡᠯ ᠲᠤᠰᠬᠠᠬᠤ ᠭᠡᠷᠡᠭᠳᠡᠢ᠃ | ᠰᠢᠬᠤᠯᠤ ᠭᠤᠸ᠎ᠠ ᠨᠢ 4 ᠲᠦᠮᠡᠨ ᠯᠸᠦ᠋ᠾᠰ ︵勒志斯︶ ᠤᠨ ᠬᠤᠷᠴᠡ ᠭᠡᠷᠡᠯ᠂ 22 ~23℃ ᠲᠤᠯᠠᠭᠠᠨ ᠤ ᠨᠦᠭᠦᠴᠡᠯ | ᠲᠤᠤᠷ᠎ᠠ᠂ ᠨᠡᠭᠦᠷᠡᠰᠦᠳᠦ᠋ᠷᠦᠭᠴᠢ ᠶᠢᠨ ᠲᠠᠪᠬᠤᠷ ᠢᠰᠦᠯ ᠤᠨ ᠨᠦᠭᠦᠪᠤᠷᠢ ᠴᠢᠭ᠋ ᠨᠢ 63ppm ᠪᠠᠶᠢᠳᠠᠭ᠂ ᠵᠢᠱᠢᠶᠡᠯᠡᠪᠡᠯ ᠨᠡᠭᠦᠷᠡᠰᠦᠳᠦ᠋ᠷᠦᠭᠴᠢ | ᠶᠢᠨ ᠲᠠᠪᠬᠤᠷ ᠢᠰᠦᠯ ᠤᠨ ᠦᠳᠭᠡᠴᠡ ᠨᠢ 800ppm ᠪᠤᠯᠬᠤ ᠦᠶᠡᠰ᠂ ᠭᠡᠷᠡᠯ ᠤᠨ ᠨᠡᠶᠢᠯᠡᠯᠭᠡ ᠶᠢᠨ ᠬᠤᠷᠳᠤᠴᠠ ᠶᠢᠨ ᠨᠤᠷᠮ᠎ᠠ ᠨᠢ ᠨᠢᠭᠡ | ᠲᠠᠭᠢᠨ ᠢᠶᠠᠷ ᠨᠡᠮᠡᠭᠳᠡᠳᠡᠭ᠃ ᠡᠶᠢᠮᠤ ᠠᠴᠠ ᠵᠢᠮᠢᠰᠯᠡᠭᠦ ᠬᠤᠭᠤᠴᠠᠭᠠᠨ ᠳᠤᠨᠢ ᠨᠡᠭᠦᠷᠡᠰᠦᠳᠦ᠋ᠷᠦᠭᠴᠢ ᠶᠢᠨ ᠲᠠᠪᠬᠤᠷ ᠢᠰᠦᠯ ᠤᠨ ᠭᠡᠶᠢᠳᠤ ᠪᠤᠷᠳᠤᠭᠤᠷ | ᠤᠷᠤᠭᠤᠯᠪᠠᠯ ᠬᠤᠷᠢᠶᠠᠯᠳᠠ ᠶᠢ ᠮᠡᠳᠡᠭᠳᠡᠮ᠎ᠡ ᠨᠡᠮᠡᠭᠳᠡᠭᠦᠯᠵᠤ ᠪᠤᠯᠤᠨ᠎ᠠ᠃ | ᠲᠡᠭᠦᠵᠤ ᠬᠤᠷᠢᠶᠠᠬᠤ ᠲᠠᠯ᠎ᠠ ᠪᠠᠷ ᠵᠢᠮᠢᠰ ᠨᠢ 0.5 ~1 ᠺᠢᠯᠤᠭ᠍ᠷᠡᠮ ᠭᠦᠨᠳᠤ ᠪᠤᠯᠬᠤ ᠦᠶ᠎ᠠ ᠳᠤ ᠲᠠᠷᠤᠶᠢᠬᠠᠨ ᠲᠡᠭᠦᠵᠤ ᠬᠤᠷᠢᠶᠠᠨ᠎ᠠ᠂ ᠭᠡᠷᠪᠡ | ᠭᠡᠳᠦᠷᠭᠡᠢ ᠤᠷᠤᠢ ᠲᠡᠭᠦᠵᠤ ᠬᠤᠷᠢᠶᠠᠪᠠᠯ ᠤᠨᠠᠯᠳᠠ ᠨᠢ ᠪᠠᠭᠤᠷᠠᠬᠤ ᠮᠦᠷᠳᠡᠭᠡᠨ ᠪᠠᠰᠠ ᠴᠢᠨᠠᠷ ᠨᠢ ᠮᠠᠭᠤᠳᠠᠳᠠᠭ ᠪᠠᠶᠢᠨ᠎ᠠ᠃ |