| | ᠦᠷᠭᠡᠰᠦᠳᠤ ᠭᠡᠮᠭᠡ ᠲᠠᠷᠢᠬᠤ ᠮᠡᠷᠭᠡᠵᠢᠯ | | | | | 1. ᠦᠷᠭᠡᠰᠤᠳᠤ ᠭᠡᠮᠭᠡ ᠨᠢ ᠭᠠᠳᠠᠭᠠᠳᠤ ᠨᠦᠭᠦᠴᠡᠯ ᠤᠨ ᠲᠠᠯ᠎ᠠ ᠪᠠᠷ ᠶᠠᠮᠠᠷ ᠱᠠᠭᠠᠷᠳᠠᠯᠭ᠎ᠠ ᠲᠠᠢ ᠪᠠᠶᠢᠳᠠᠭ ᠪᠤᠢ︖ | ᠲᠤᠯᠠᠭᠠᠨ ᠤ ᠭᠡᠮᠵᠢᠶ᠎ᠠ ᠶᠢᠨ ᠲᠠᠯ᠎ᠠ ᠪᠠᠷ᠂ ᠦᠷᠭᠡᠰᠤᠳᠤ ᠭᠡᠮᠭᠡ ᠶᠢᠨ ᠦᠷ᠎ᠡ ᠶᠢᠨ ᠰᠤᠶᠤᠭᠠᠯᠠᠯᠳᠠ ᠶᠢᠨ ᠲᠤᠯᠠᠭᠠᠨ ᠤ ᠭᠡᠮᠵᠢᠶ᠎ᠠ ᠪᠤᠯ 12 | ~40℃ ᠪᠠᠶᠢᠵᠤ᠂ 18℃ ᠠᠴᠠ ᠲᠤᠷᠤᠠᠠᠰᠢ ᠲᠤᠯᠠᠭᠠᠨ ᠳᠤ ᠰᠤᠶᠤᠭᠠᠯᠠᠵᠤ ᠲᠠᠶᠢᠯᠦᠨ᠎ᠠ᠂ ᠬᠠᠮᠤᠭ ᠤᠨ ᠲᠤᠭᠢᠷᠠᠮᠵᠢᠳᠡᠢ ᠲᠤᠯᠠᠭᠠᠨ ᠤ ᠭᠡᠮᠵᠢᠶ᠎ᠠ | ᠪᠤᠯ 25 ~ 30℃ ᠪᠤᠯᠤᠨ᠎ᠠ᠃ 35℃ ᠠᠴᠠ ᠲᠡᠭᠡᠭᠰᠢ ᠪᠤᠯ ᠰᠤᠶᠤᠭᠠᠯᠠᠯᠳᠠ ᠶᠢᠨ ᠨᠤᠷᠮ᠎ᠠ ᠨᠢ ᠪᠠᠭᠤᠷᠠᠨ᠎ᠠ᠃ ᠤᠷᠭᠤᠯᠳᠠ ᠶᠢᠨ | ᠬᠤᠭᠤᠴᠠᠭᠠᠨ ᠳᠤᠨᠢ 10 ~ 30℃ ᠪᠤᠯ ᠮᠠᠰᠢ ᠢᠳᠡᠷᠡᠭᠦᠨ ᠤᠷᠭᠤᠵᠤ᠂ ᠨᠠᠭᠢᠶᠠᠯᠠᠵᠤ ᠵᠠᠳᠠᠷᠠᠬᠤ ᠶᠢᠨ ᠬᠠᠮᠤᠭ ᠤᠨ ᠲᠤᠭᠢᠷᠠᠮᠵᠢᠳᠡᠢ ᠲᠤᠯᠠᠭᠠᠨ | ᠪᠤᠯ ᠡᠳᠤᠷ ᠲᠡᠭᠡᠨ 25℃᠂ ᠰᠦᠨᠢ ᠳᠡᠭᠡᠨ 15℃᠂ ᠭᠠᠵᠠᠷ ᠤᠨ ᠲᠤᠯᠠᠭᠠᠨ ᠨᠢ 18℃ ᠪᠤᠯᠤᠨ᠎ᠠ᠃ | ᠦᠷᠭᠡᠰᠤᠳᠤ ᠭᠡᠮᠭᠡ ᠶᠢᠨ ᠭᠡᠷᠡᠯ ᠤᠨ ᠨᠡᠶᠢᠯᠡᠯᠭᠡ ᠶᠢᠨ ᠦᠢᠯᠡᠳᠦᠯ ᠤᠨ ᠬᠠᠮᠤᠭ ᠤᠨ ᠲᠤᠭᠢᠷᠠᠮᠵᠢᠳᠡᠢ ᠲᠤᠯᠠᠭᠠᠨ ᠪᠤᠯ 25 ~ 30℃ | ᠪᠠᠶᠢᠵᠤ᠂ 35℃ ᠳᠤ ᠭᠡᠷᠡᠯ ᠤᠨ ᠨᠡᠶᠢᠯᠡᠯᠭᠡ ᠶᠢᠨ ᠦᠢᠯᠡᠳᠦᠯ ᠤᠨ ᠬᠤᠷᠠᠮᠳᠤᠯᠭ᠎ᠠ ᠪᠤᠯᠤᠨ ᠬᠤᠷᠤᠠᠠᠳᠠᠯ ᠨᠢ ᠲᠡᠩᠴᠡᠭᠦᠨ ᠪᠠᠶᠢᠳᠠᠭ᠃ ᠡᠶᠢᠮᠤ | ᠠᠴᠠ ᠭᠦᠯᠡᠮᠵᠢᠨ ᠳᠤ ᠦᠷᠭᠡᠰᠤᠳᠤ ᠭᠡᠮᠭᠡ ᠲᠠᠷᠢᠬᠤ ᠳᠤ 35℃ ᠠᠴᠠ ᠭᠡᠳᠦᠷᠡᠭᠦᠯᠵᠤ ᠪᠤᠯᠬᠤ ᠦᠭᠡᠢ᠃ 40℃ ᠠᠴᠠ ᠲᠡᠪᠠᠪᠠᠯ ᠭᠡᠷᠡᠯ ᠤᠨ | ᠨᠡᠶᠢᠯᠡᠯᠭᠡ ᠶᠢᠨ ᠦᠢᠯᠡᠳᠦᠯ ᠨᠢ ᠰᠢᠷᠦᠭᠦᠨ ᠪᠠᠭᠤᠷᠠᠵᠤ᠂ ᠰᠤᠯᠢᠯᠴᠠᠭ᠎ᠠ ᠨᠢ ᠬᠠᠷᠰᠢᠯᠬᠠᠳᠠᠵᠤ᠂ ᠤᠷᠭᠤᠯᠳᠠ ᠨᠢ ᠵᠤᠠᠠᠰᠤᠵᠤ᠂ ᠴᠠᠴᠡᠭ ᠤᠨ ᠪᠠᠭ ᠨᠢ | ᠤᠨᠠᠳᠠᠭ᠃ | ᠦᠷᠭᠡᠰᠤᠳᠤ ᠭᠡᠮᠭᠡ ᠶᠢᠨ ᠤᠷᠭᠤᠯᠳᠠ ᠶᠢᠨ ᠬᠠᠮᠤᠭ ᠤᠨ ᠲᠤᠭᠢᠷᠠᠮᠵᠢᠳᠡᠢ ᠭᠠᠵᠠᠷ ᠤᠨ ᠲᠤᠯᠠᠭᠠᠨ ᠪᠤᠯ 20 ~ 23℃ ᠪᠤᠯᠤᠨ᠎ᠠ᠃ | ᠦᠨᠳᠤᠰᠤᠨ ᠤ ᠰᠠᠬᠠᠯ ᠤᠨ ᠤᠷᠭᠤᠬᠤ ᠬᠠᠮᠤᠭ ᠤᠨ ᠲᠤᠤᠷ᠎ᠡ ᠲᠤᠯᠠᠭᠠᠨ ᠪᠤᠯ 12 ~ — 4℃ ᠪᠤᠯᠤᠨ᠎ᠠ᠃ ᠭᠠᠵᠠᠷ ᠤᠨ ᠲᠤᠯᠠᠭᠠᠨ ᠨᠢ | 12℃ ᠠᠴᠠ ᠪᠠᠭᠤᠷᠠᠬᠤ ᠦᠶ᠎ᠠ ᠳᠤ ᠦᠨᠳᠤᠰᠤᠨ ᠰᠢᠰᠲ᠋ᠧᠮ ᠨᠢ ᠤᠰᠤ ᠪᠠ ᠲᠠᠵᠢᠭᠡᠯ ᠭᠦᠷᠳᠡᠵᠤ ᠴᠢᠳᠠᠬᠤ ᠦᠭᠡᠢ ᠪᠤᠯᠳᠠᠭ᠃ ᠡᠶᠢᠮᠤ ᠠᠴᠠ᠂ | ᠭᠦᠯᠡᠮᠵᠢᠨ ᠳᠤ ᠦᠷᠭᠡᠰᠤᠳᠤ ᠭᠡᠮᠭᠡ ᠲᠠᠷᠢᠬᠤ ᠳᠤ ᠭᠠᠵᠠᠷ ᠤᠨ ᠲᠤᠯᠠᠭᠠᠨ ᠨᠢ ᠡᠷᠭᠡᠪᠰᠢ 12℃ ᠠᠴᠠ ᠲᠡᠭᠡᠭᠰᠢ ᠪᠠᠶᠢᠬᠤ ᠭᠡᠷᠡᠭᠳᠡᠢ᠃ | ᠦᠷᠭᠡᠰᠦᠳᠤ ᠭᠡᠮᠭᠡ ᠪᠤᠯ ᠲᠡᠭ ᠠᠴᠠ ᠲᠤᠷᠤᠠᠠᠰᠢ 2℃ ~ 0℃ ᠳᠤ ᠭᠦᠯᠳᠡᠭᠡᠳ ᠦᠭᠦᠴᠢᠭᠡᠳᠡᠭ᠃ ᠦᠯᠴᠢᠷᠵᠢᠭᠦᠯᠦᠭᠰᠡᠨ ᠦᠭᠡᠢ | ᠨᠢᠯᠬ᠎ᠠ ᠴᠢᠭᠢ ᠪᠤᠯ 2 ~ 3℃ ᠤᠨ ᠲᠤᠯᠠᠭᠠᠨ ᠳᠤ ᠦᠭᠦᠴᠢᠭᠡᠳᠡᠭ᠂ ᠦᠯᠴᠢᠷᠵᠢᠭᠦᠯᠦᠭᠰᠡᠨ ᠨᠢᠯᠬ᠎ᠠ ᠴᠢᠭᠢ ᠪᠤᠯ 3℃ ᠳᠤ ᠲᠡᠰᠴᠤ ᠲᠠᠶᠢᠯᠦᠨ᠎ᠠ | ᠂ ᠤᠬᠤᠷ ᠴᠠᠭ ᠤᠨ 0℃ ᠳᠤ ᠭᠦᠯᠳᠡᠭᠦ ᠠᠴᠠ ᠪᠢᠰᠢ ᠦᠭᠦᠳᠡᠭ ᠦᠭᠡᠢ᠃ | ᠦᠷᠭᠡᠰᠤᠳᠤ ᠭᠡᠮᠭᠡ ᠶᠢᠨ ᠦᠷᠡᠯᠡᠭᠦ ᠬᠤᠭᠤᠴᠠᠭᠠᠨ ᠳᠤ ᠡᠳᠤᠷ ᠤᠨ ᠲᠤᠯᠠᠭᠠᠨ ᠨᠢ 25 ~ 32℃ ᠪᠠᠶᠢᠵᠤ᠂ ᠭᠡᠷᠡᠯ ᠤᠨ ᠨᠡᠶᠢᠯᠡᠯᠭᠡ | ᠶᠢᠨ ᠦᠢᠯᠡᠳᠦᠯ ᠢ ᠠᠭᠢᠭᠤᠯᠵᠤ᠂ ᠡᠮᠦᠨ᠎ᠠ ᠬᠠᠭᠠᠰ ᠰᠦᠨᠢ ᠶᠢᠨ ᠲᠤᠯᠠᠭᠠᠨ ᠨᠢ 16 ~20℃ ᠪᠠᠶᠢᠵᠤ᠂ ᠤᠷᠭᠤᠮᠠᠯ ᠤᠨ ᠰᠢᠮ᠎ᠠ ᠲᠡᠵᠢᠭᠡᠯᠳᠤ | ᠡᠳ᠋ ᠨᠢ ᠨᠠᠪᠴᠢᠨ ᠠᠴᠠ ᠦᠷ᠎ᠡ ᠵᠢᠮᠢᠰ ᠲᠤ ᠰᠢᠯᠵᠢᠭᠦ ᠶᠢ ᠠᠭᠢᠭᠤᠯᠵᠤ᠂ ᠰᠡᠭᠦᠯ ᠤᠨ ᠬᠠᠭᠠᠰ ᠰᠦᠨᠢ ᠶᠢᠨ ᠲᠤᠯᠠᠭᠠᠨ ᠨᠢ 12 ~14℃ | ᠪᠠᠶᠢᠵᠤ᠂ ᠠᠮᠢᠰᠬᠤᠯ ᠤᠨ ᠬᠤᠷᠤᠠᠠᠳᠠᠯ ᠢ ᠪᠠᠭᠤᠷᠠᠭᠤᠯᠬᠤ ᠭᠡᠷᠡᠭᠳᠡᠢ᠃ ᠵᠢᠮᠢᠰ ᠤᠨ ᠪᠤᠶᠢᠵᠢᠯᠳᠡ ᠶᠢᠨ ᠬᠠᠮᠤᠭ ᠤᠨ ᠲᠤᠭᠢᠷᠠᠮᠵᠢᠳᠡᠢ ᠲᠤᠯᠠᠭᠠᠨ ᠪᠤᠯ | 23 ~28℃ ᠪᠤᠯᠤᠨ᠎ᠠ᠃ 20℃ ᠠᠴᠠ ᠲᠤᠷᠤᠠᠠᠰᠢᠯᠠᠬᠤ ᠪᠤᠶᠤ 30℃ ᠠᠴᠠ ᠲᠠᠪᠠᠵᠤ ᠪᠤᠯᠬᠤ ᠦᠭᠡᠢ᠃ | ᠭᠡᠷᠡᠯ ᠤᠨ ᠲᠤᠰᠤᠯᠳᠠ᠄ ᠦᠷᠭᠡᠰᠤᠳᠤ ᠭᠡᠮᠭᠡ ᠨᠢ ᠤᠷᠭᠤᠯᠳᠠ ᠶᠢᠨ ᠬᠤᠭᠤᠴᠠᠭᠠᠨ ᠳᠠᠭᠠᠨ ᠡᠳᠤᠷ ᠪᠦᠷᠢ 8 ᠴᠠᠭ ᠠᠴᠠ ᠲᠡᠭᠡᠭᠰᠢᠭᠢ ᠨᠠᠷᠠᠨ | ᠤ ᠭᠡᠷᠡᠯ ᠤᠨ ᠲᠤᠰᠤᠯᠳᠠ ᠲᠠᠢ ᠪᠤᠯ ᠰᠠᠶ᠋ᠢ ᠦᠨᠳᠤᠷ ᠬᠤᠷᠢᠶᠠᠯᠳᠠ ᠶᠢ ᠪᠠᠳᠤᠯᠠᠵᠤ ᠴᠢᠳᠠᠨ᠎ᠠ᠃ ᠦᠪᠤᠷ ᠮᠤᠩᠭᠤᠯ ᠤᠷᠤᠨ ᠨᠢ 11 ᠳ᠋ᠤᠭᠡᠷ ᠰᠠᠷ᠎ᠠ | ᠶᠢᠨ ᠲᠤᠮᠳᠡᠴᠢ ᠠᠴᠠ ᠲᠠᠷᠠᠭ᠎ᠠ ᠵᠢᠯ ᠤᠨ 2 ᠳ᠋ᠤᠭᠠᠷ ᠰᠠᠷ᠎ᠠ ᠭᠦᠷᠳᠡᠯᠡᠭᠢ ᠡᠳᠤᠷ ᠤᠨ ᠨᠠᠷᠠᠨ ᠤ ᠭᠡᠷᠡᠯ ᠨᠢ 7 ᠴᠠᠭ ᠭᠦᠷᠭᠦ ᠦᠭᠡᠢ᠂ ᠭᠡᠷᠡᠯ ᠤᠨ | ᠡᠷᠴᠢᠮ ᠨᠢ ᠴᠤ ᠪᠠᠭᠤᠷᠠᠢ᠂ ᠠᠭᠤᠷ ᠠᠮᠢᠰᠬᠤᠯ ᠮᠠᠰᠢ ᠲᠤᠤᠷ᠎ᠠ ᠪᠠᠶᠢᠳᠠᠭ ᠪᠤᠯᠬᠤᠷ ᠦᠷᠭᠡᠰᠤᠳᠤ ᠭᠡᠮᠭᠡ ᠲᠠᠷᠢᠬᠤ ᠳᠤ ᠮᠠᠰᠢ ᠪᠡᠷᠭᠡ ᠲᠠᠢ ᠪᠠᠶᠢᠳᠠᠭ᠃ | ᠤᠰᠤᠨ ᠤ ᠰᠢᠮ᠎ᠠ᠂ ᠦᠷᠭᠡᠰᠤᠳᠤ ᠭᠡᠮᠭᠡ ᠪᠤᠯ ᠭᠦᠶᠦᠭᠡᠨ ᠦᠨᠳᠤᠰᠤ ᠲᠠᠢ ᠲᠠᠷᠢᠮᠠᠯ ᠪᠤᠯᠬᠤ ᠪᠦᠭᠡᠳ ᠭᠤᠤᠯ ᠦᠨᠳᠤᠰᠤᠨ ᠰᠢᠰᠲ᠋ᠧᠮ ᠨᠢ | 30 ᠰᠠᠠᠲ᠋ᠢᠮᠧᠲᠷ ᠤᠨ ᠭᠦᠷᠤᠰᠤᠨ ᠳᠤ ᠯᠡ ᠲᠠᠷᠬᠠᠵᠤ᠂ ᠤᠰᠤ ᠰᠢᠮᠡᠳᠭᠡᠭᠦ ᠨᠢ ᠨᠡᠯᠢᠶᠡᠳ ᠪᠠᠷᠤᠠᠠᠳᠠᠢ ᠪᠠᠶᠢᠳᠠᠭ᠃ ᠦᠷᠭᠡᠰᠤᠳᠤ ᠭᠡᠮᠭᠡ ᠶᠢᠨ ᠨᠠᠪᠴᠢ | ᠨᠢ ᠲᠤᠮᠤ ᠪᠤᠯᠬᠤᠷ ᠤᠰᠤᠨ ᠤ ᠠᠭᠤᠷᠰᠢᠯᠳᠠ ᠨᠢ ᠮᠠᠰᠢ ᠶᠡᠭᠡ ᠪᠠᠶᠢᠵᠤ᠂ ᠤᠰᠤ ᠬᠤᠷᠤᠠᠠᠳᠠᠭᠤᠯᠬᠤ ᠨᠢ ᠴᠤ ᠶᠡᠭᠡ ᠪᠠᠶᠢᠳᠠᠭ᠃ ᠡᠶᠢᠮᠤ ᠠᠴᠠ | ᠦᠷᠭᠡᠰᠤᠳᠤ ᠭᠡᠮᠭᠡ ᠨᠢ ᠭᠦᠷᠤᠰᠤ ᠰᠢᠷᠤᠢ ᠶᠢᠨ ᠴᠢᠭᠢᠭ ᠪᠤᠯᠤᠨ ᠠᠭᠤᠷ ᠠᠮᠢᠰᠬᠤᠯ ᠤᠨ ᠴᠢᠭᠢᠭ ᠤᠨ ᠲᠠᠯ᠎ᠠ ᠪᠠᠷ ᠬᠢ ᠱᠠᠭᠠᠷᠳᠠᠯᠭ᠎ᠠ ᠨᠢ ᠮᠠᠰᠢ | ᠦᠨᠳᠤᠷ ᠪᠠᠶᠢᠳᠠᠭ᠃ ᠦᠨᠳᠤᠷ ᠬᠤᠷᠢᠶᠠᠯᠳᠠ ᠤᠯᠬᠤ ᠳᠤ᠂ ᠭᠦᠯᠡᠮᠵᠢᠨ ᠤ ᠦᠷᠭᠡᠰᠤᠳᠤ ᠭᠡᠮᠭᠡ ᠶᠢᠨ ᠭᠦᠷᠦᠰᠤᠨ ᠤ ᠴᠢᠭᠢᠭ ᠨᠢ 60% ~ | 70% ᠠᠴᠠ ᠲᠡᠭᠡᠭᠰᠢ ᠪᠠᠶᠢᠬᠤ ᠶᠢ ᠪᠠᠳᠤᠯᠠᠬᠤ ᠭᠡᠷᠡᠭᠳᠡᠢ᠃ 40% ~ 50% ᠠᠴᠠ ᠲᠤᠤᠷ᠎ᠠ ᠪᠤᠯᠪᠠᠯ ᠭᠡᠷᠡᠯ ᠤᠨ ᠨᠡᠶᠢᠯᠡᠯᠭᠡ ᠶᠢᠨ | ᠦᠢᠯᠡᠳᠦᠯ ᠨᠢ ᠪᠠᠭᠤᠷᠠᠨ᠎ᠠ᠃ ᠦᠷᠭᠡᠰᠤᠳᠤ ᠭᠡᠮᠭᠡ ᠶᠢᠨ ᠭᠦᠷᠦᠰᠤᠨ ᠤ ᠴᠢᠭᠢᠭ ᠨᠢ 70%~ 80% ᠠᠴᠠ ᠲᠡᠭᠡᠭᠰᠢ ᠪᠠᠶᠢᠵᠤ ᠪᠤᠯᠬᠤ ᠦᠭᠡᠢ᠃ | ᠭᠦᠷᠦᠰᠤ ᠰᠢᠷᠤᠢ ᠨᠢ ᠭᠡᠳᠦᠷᠭᠡᠢ ᠴᠢᠭᠢᠭ ᠲᠠᠢ ᠪᠤᠯ ᠭᠡᠮ ᠬᠤᠷᠤᠬᠠᠢ ᠶᠢᠨ ᠭᠦᠨᠦᠭᠡᠯ ᠳᠤ ᠤᠴᠠᠷᠠᠬᠤ ᠪᠤᠯᠤᠨ᠎ᠠ᠃ | ᠦᠷᠭᠡᠰᠤᠳᠤ ᠭᠡᠮᠭᠡ ᠨᠢ ᠠᠳᠠᠯᠢ ᠪᠤᠰᠤ ᠤᠷᠭᠤᠯᠳᠠ ᠶᠢᠨ ᠦᠶ᠎ᠠ ᠳᠡᠭᠡᠨ ᠤᠰᠤᠨ ᠤ ᠲᠠᠯ᠎ᠠ ᠪᠠᠷ ᠬᠢ ᠱᠠᠭᠠᠷᠳᠠᠯᠭ᠎ᠠ ᠨᠢ ᠴᠤ ᠠᠳᠠᠯᠢ ᠦᠭᠡᠢ | ᠪᠠᠶᠢᠳᠠᠭ᠃ ᠨᠢᠯᠬ᠎ᠠ ᠴᠢᠭᠢᠨ ᠤ ᠬᠤᠭᠤᠴᠠᠭᠠᠨ ᠳᠤᠨᠢ ᠤᠰᠤ ᠶᠢ ᠭᠡᠳᠦᠷᠡᠭᠦᠯᠵᠤ ᠪᠤᠯᠬᠤ ᠦᠭᠡᠢ᠃ ᠲᠠᠶᠢᠮᠤ ᠪᠢᠰᠢ ᠪᠤᠯ ᠭᠠᠵᠠᠷ ᠤᠨ ᠲᠤᠯᠠᠭᠠᠨ | ᠪᠠᠭᠤᠷᠠᠬᠤ ᠠᠴᠠ ᠪᠤᠯᠤᠭᠠᠳ ᠦᠨᠳᠤᠰᠤ ᠨᠢ ᠠᠮᠠᠷᠬᠠᠨ ᠤᠰᠤᠳᠤᠨ ᠦᠭᠦᠭᠦ ᠪᠤᠯᠤᠨ᠎ᠠ᠃ ᠤᠰᠤ ᠲᠤᠳ᠋ᠬᠠᠳᠠᠪᠠᠯ ᠨᠢᠯᠬ᠎ᠠ ᠴᠢᠭᠢ ᠨᠢ ᠠᠮᠠᠷᠬᠠᠨ | ᠭᠦᠭᠰᠢᠷᠡᠵᠤ᠂ ᠡᠰᠢ ᠰᠠᠭᠤᠷᠢ ᠨᠢ ᠡᠷᠳᠡ ᠦᠳᠡᠯᠳᠡᠭ᠃ ᠠᠩᠬ᠎ᠠ ᠴᠡᠴᠡᠭᠯᠡᠭᠦ ᠦᠶ᠎ᠠ ᠳᠤᠨᠢ ᠢᠯᠡᠭᠦᠭᠡᠨ ᠤᠰᠤᠯᠠᠵᠤ᠂ ᠭᠦᠶᠦᠭᠡᠨ ᠬᠠᠭᠠᠯᠪᠤᠷᠢᠯᠠᠨ ᠴᠢᠭᠢ | ᠪᠠᠨ ᠴᠤᠨᠤᠠᠠᠯᠠᠨ ᠰᠠᠭᠤᠯᠭᠠᠵᠤ᠂ ᠦᠨᠳᠤᠰᠤᠨ ᠰᠢᠰᠲ᠋ᠧᠮ ᠤᠨ ᠤᠷᠭᠤᠯᠳᠠ ᠶᠢ ᠠᠭᠢᠭᠤᠯᠵᠤ᠂ ᠡᠰᠢ ᠨᠠᠪᠴᠢ ᠨᠢ ᠭᠡᠳᠤ ᠪᠠᠳᠠᠷᠠᠩᠭᠤᠢ ᠤᠷᠭᠤᠬᠤ | ᠠᠴᠠ ᠰᠡᠷᠭᠡᠶᠢᠯᠡᠭᠦ ᠭᠡᠷᠡᠭᠳᠡᠢ᠃ ᠦᠷᠡᠯᠡᠭᠦ ᠬᠤᠭᠤᠴᠠᠭᠠᠨ ᠳᠤ ᠲᠡᠵᠢᠭᠡᠯ ᠤᠨ ᠤᠷᠭᠤᠯᠳᠠ ᠪᠠ ᠦᠷᠡᠵᠢᠯ ᠤᠨ ᠤᠷᠭᠤᠯᠳᠠ ᠨᠢ ᠬᠠᠮᠳᠤ ᠳᠠᠭᠠᠨ | ᠶᠠᠪᠤᠠᠠᠳᠠᠬᠤ ᠲᠤᠯᠠ ᠨᠠᠪᠴᠢᠨ ᠤ ᠲᠠᠯᠠᠪᠠᠢ ᠨᠢ ᠲᠠᠰᠤᠷᠠᠯᠳᠠ ᠦᠭᠡᠢ ᠦᠷᠭᠡᠵᠢᠨ᠂ ᠨᠠᠪᠴᠢᠨ ᠤ ᠲᠤᠭ᠎ᠠ ᠨᠢ ᠤᠯᠠᠰᠢᠷᠠᠵᠤ᠂ ᠵᠢᠮᠢᠰ ᠤᠨ ᠪᠤᠶᠢᠵᠢᠯᠳᠡ | ᠨᠢ ᠲᠦᠷᠭᠡᠳᠴᠤ᠂ ᠤᠰᠤᠨ ᠤᠨ ᠱᠠᠭᠠᠷᠳᠠᠯᠭ᠎ᠠ ᠶᠡᠭᠡᠰᠭᠦ ᠲᠤᠯᠠ᠂ ᠤᠰᠤ ᠶᠢ ᠭᠦᠢᠴᠡᠳ ᠰᠠᠶᠢᠨ ᠬᠠᠨᠭ᠍ᠭᠠᠬᠤ ᠪᠤᠯ ᠡᠯᠪᠡᠭ ᠬᠤᠷᠢᠶᠠᠯᠳᠠ ᠤᠯᠬᠤ ᠶᠢᠨ | ᠪᠠᠳᠤᠯᠠᠭ᠎ᠠ ᠮᠦᠨ᠃ | ᠦᠷᠭᠡᠰᠤᠳᠤ ᠭᠡᠮᠭᠡ ᠶᠢᠨ ᠠᠭᠠᠷ ᠨᠢ 80 ~83% ᠶᠢᠨ ᠴᠢᠭᠢᠭ ᠲᠠᠢ ᠪᠤᠯᠪᠠᠯ ᠢᠯᠵᠠᠷᠠᠬᠤ ᠭᠡᠮ ᠢ ᠡᠭᠦᠰᠭᠡᠳᠡᠭ᠂ ᠡᠶᠢᠮᠤ ᠠᠴᠠ | ᠬᠠᠮᠠᠭᠠᠯᠠᠯᠳᠠ ᠶᠢᠨ ᠲᠠᠷᠢᠶᠠᠨ ᠤ ᠰᠦᠨᠢ ᠶᠢᠨ ᠠᠭᠠᠷ ᠤᠨ ᠴᠢᠭᠢᠭ ᠢ 80% ᠠᠴᠠ ᠲᠤᠷᠤᠠᠠᠰᠢ ᠪᠠᠶᠢᠯᠭᠠᠪᠠᠯ᠂ ᠢᠯᠵᠠᠷᠠᠬᠤ ᠭᠡᠮ ᠡᠭᠦᠰᠭᠦ ᠪᠡ | ᠲᠡᠯᠭᠡᠷᠡᠭᠦ ᠶᠢ ᠪᠠᠭᠠᠰᠬᠠᠵᠤ ᠴᠢᠳᠠᠨ᠎ᠠ᠃ | ᠭᠦᠷᠤᠰᠤ ᠰᠢᠷᠤᠢ ᠪᠡ ᠦᠡᠭ ᠰᠢᠮ᠎ᠠ᠄ ᠦᠷᠭᠡᠰᠤᠳᠤ ᠭᠡᠮᠭᠡ ᠶᠢᠨ ᠭᠦᠷᠤᠰᠤ ᠰᠢᠷᠤᠢ ᠳᠤ ᠲᠤᠭᠢᠷᠠᠯᠴᠠᠬᠤ ᠭᠡᠪᠴᠢᠶ᠎ᠠ ᠨᠢ ᠨᠡᠯᠢᠶᠡᠳ ᠦᠷᠭᠡᠨ | ᠪᠠᠶᠢᠵᠤ᠂ ᠪᠠᠭ᠎ᠠ ᠭᠦᠴᠢᠯᠯᠢᠭ ᠪᠤᠶᠤ ᠪᠠᠭ᠎ᠠ ᠬᠤᠵᠢᠷᠯᠢᠭ ᠭᠠᠵᠠᠷ ᠴᠦᠮ ᠲᠠᠷᠢᠵᠤ ᠪᠤᠯᠬᠤ ᠪᠦᠭᠡᠳ PH ᠭᠦᠴᠢᠯ ᠤᠨ ᠭᠡᠮᠵᠢᠶ᠎ᠠ ᠨᠢ 5.5 ~7.6 | ᠪᠠᠶᠢᠬᠤ ᠭᠡᠪᠴᠢᠶᠠᠨ ᠲᠤᠳᠤᠷ᠎ᠠ ᠴᠦᠮ ᠲᠤᠭᠢᠷᠠᠯᠴᠠᠬᠤ ᠪᠠ PH ᠭᠦᠴᠢᠯ ᠤᠨ ᠭᠡᠮᠵᠢᠶ᠎ᠠ ᠨᠢ 6.5 ᠪᠠᠶᠢᠪᠠᠯ ᠬᠠᠮᠤᠭ ᠤᠨ ᠲᠤᠭᠢᠷᠠᠮᠵᠢᠳᠡᠢ᠃ | ᠦᠷᠭᠡᠰᠤᠳᠤ ᠭᠡᠮᠭᠡ ᠨᠢ ᠬᠠᠯᠠᠭᠤᠨ ᠪᠦᠰᠡ ᠶᠢᠨ ᠤᠢ ᠰᠢᠭᠤᠶᠢᠳᠤ ᠭᠠᠵᠠᠷ ᠤᠷᠤᠨ ᠳᠤ᠂ ᠢᠯᠵᠠᠷᠠᠮᠠᠯ ᠭᠠᠵᠠᠷ ᠲᠤ ᠤᠷᠭᠤᠵᠤ ᠪᠠᠶᠢᠠᠠᠰᠠᠨ | ᠠᠴᠠ ᠦᠨᠳᠤᠰᠤᠨ ᠰᠢᠰᠲ᠋ᠧᠮ ᠨᠢ ᠭᠦᠶᠦᠭᠡᠨ ᠪᠠᠶᠢᠵᠤ᠂ ᠭᠦᠴᠢᠯᠳᠦ᠋ᠷᠦᠭᠴᠢ ᠶᠢᠨ ᠲᠠᠯ᠎ᠠ ᠪᠠᠷ ᠮᠠᠰᠢ ᠴᠢᠩᠭ᠎ᠠ ᠱᠠᠭᠠᠷᠳᠠᠯᠭ᠎ᠠ ᠲᠠᠢ ᠪᠠᠶᠢᠳᠠᠭ᠃ | ᠤᠷᠭᠠᠨᠢᠭ ᠪᠤᠷᠳᠤᠭᠤᠷ ᠨᠡᠮᠡᠨ ᠤᠷᠤᠭᠤᠯᠵᠤ᠂ ᠭᠦᠷᠦᠰᠤᠨ ᠤ ᠤᠷᠭᠠᠨᠢᠭ ᠪᠤᠳᠠᠰ ᠤᠨ ᠠᠭᠤᠯᠤᠭᠳᠠᠴᠨ ᠪᠠ ᠦᠡᠭ ᠰᠢᠮ᠎ᠠ ᠶᠢ ᠲᠡᠭᠡᠭᠰᠢᠯᠡᠭᠦᠯᠵᠤ᠂ | ᠭᠦᠷᠦᠰᠤᠨ ᠤ ᠭᠡᠢ ᠨᠡᠪᠳᠡᠷᠡᠯᠳᠡ ᠶᠢ ᠨᠡᠮᠡᠭᠳᠡᠭᠦᠯᠭᠦ ᠪᠤᠯ ᠡᠯᠪᠡᠭ ᠬᠤᠷᠢᠶᠠᠯᠳᠠ ᠤᠯᠬᠤ ᠶᠢᠨ ᠰᠠᠭᠤᠷᠢ ᠮᠦᠨ᠂ ᠮᠠᠲ᠋ᠧᠷᠢᠶᠠᠯ ᠤᠨ ᠮᠡᠳᠡᠭᠡᠯᠡᠯ ᠢ | ᠦᠨᠳᠦᠰᠦᠯᠡᠪᠡᠯ ᠮᠤ᠋ ᠪᠦᠷ ᠠᠴᠠ 100 ᠺᠢᠯᠤᠭ᠍ᠷᠡᠮ ᠵᠢᠮᠢᠰ ᠬᠤᠷᠢᠶᠠᠬᠤ ᠳᠤ ᠶᠡᠭᠡ ᠲᠦᠯᠤᠪ ᠠᠽᠤᠲ 280 ᠭᠷᠡᠮ᠂ ᠹᠤᠰᠹᠤᠷ 90 ᠭᠷᠡᠮ᠂ ᠺᠠᠯᠢ 990 | ᠭᠷᠡᠮ᠂ ᠺᠠᠯᠼ 310 ᠭᠷᠡᠮ᠂ ᠮᠠᠩᠭᠠᠨ 70 ᠭᠷᠡᠮ ᠭᠡᠷᠡᠭᠰᠡᠨ᠎ᠠ᠃ ᠡᠳᠡᠭᠡᠷ ᠰᠢᠮ᠎ᠠ ᠲᠡᠵᠢᠭᠡᠯ ᠢ ᠤᠷᠭᠠᠨᠢᠭ ᠪᠤᠷᠳᠤᠭᠤᠷ ᠭᠦᠢᠴᠡᠳ ᠰᠠᠶᠢᠨ | ᠤᠷᠤᠭᠤᠯᠪᠠᠯ ᠰᠠᠶ᠋ᠢ ᠬᠠᠨᠭ᠍ᠭᠠᠵᠤ ᠲᠠᠶᠢᠯᠦᠨ᠎ᠠ᠃ ᠬᠠᠮᠠᠭᠠᠯᠠᠯᠳᠠ ᠶᠢᠨ ᠭᠠᠵᠠᠷ ᠦᠷᠭᠡᠰᠤᠳᠤ ᠭᠡᠮᠭᠡ ᠲᠠᠷᠢᠬᠤ ᠳᠤ ᠮᠤ᠋ ᠪᠦᠷᠢ 7500 ᠺᠢᠯᠤᠭ᠍ᠷᠡᠮ ᠴᠢᠨᠠᠷ | ᠰᠠᠶᠢᠳᠠᠢ ᠤᠷᠭᠠᠨᠢᠭ ᠪᠤᠷᠳᠤᠭᠤᠷ ᠤᠷᠤᠭᠤᠯᠪᠠᠯ ᠰᠠᠶ᠋ᠢ ᠠᠽᠤᠲ᠂ ᠹᠤᠰᠹᠤᠷ᠂ ᠺᠠᠯᠢ᠂ ᠺᠠᠯᠼ᠂ ᠮᠠᠩᠭᠠᠨ ᠤ ᠭᠡᠷᠡᠭᠴᠡᠭᠡ ᠶᠢ ᠬᠠᠨᠭ᠍ᠭᠠᠵᠤ ᠲᠠᠶᠢᠯᠦᠨ᠎ᠠ᠃ | 2. ᠶᠠᠮᠠᠷ ᠰᠤᠷᠲ ᠢ ᠰᠤᠩᠭᠤᠬᠤ ᠪᠤᠢ︖ | ᠭᠦᠯᠡᠮᠵᠢᠨ ᠳᠤ ᠡᠪᠤᠯ ᠬᠠᠪᠤᠷ ᠤᠨ ᠭᠤᠤᠷᠰᠤ ᠲᠠᠷᠢᠬᠤ ᠳᠤ ᠭᠦᠢᠳᠡᠨ ᠳᠤ ᠲᠠᠰᠪᠤᠷᠢᠳᠡᠢ᠂ ᠤᠷᠭᠤᠯᠳᠠ ᠰᠠᠶᠢᠳᠠᠢ᠂ ᠦᠷᠭᠦᠯᠵᠢᠯᠡᠨ ᠵᠢᠮᠢᠰᠯᠡᠭᠦ | ᠴᠢᠳᠠᠯ ᠲᠠᠢ᠂ ᠡᠷᠳᠡ ᠪᠤᠯᠪᠠᠰᠤᠷᠠᠳᠠᠭ ᠰᠤᠷᠲ ᠢ ᠰᠤᠩᠭᠤᠬᠤ ᠭᠡᠷᠡᠭᠳᠡᠢ᠂ ᠡᠭᠦᠨ ᠳᠤ ᠱᠸᠡᠭ ᠱᠢ ᠴᠠᠩ ᠴᠦᠨ ︵盛世长春︶᠂ ᠵᠦᠡᠭ | ᠬᠤᠸᠠ ᠢᠡᠭ ᠰᠢᠶᠦ᠋ᠡᠭ ︵中华英雄︶᠂ ᠪᠤᠤ ᠶᠢᠤ ︵保优︶ 80᠂ ᠶᠢᠨ ᠶᠢᠤ ︵津优︶ 2 ᠨᠤᠮᠧᠷᠳᠤ ᠵᠡᠷᠭᠡ ᠰᠤᠷᠲ | ᠪᠠᠶᠢᠨ᠎ᠠ᠃ | 3. ᠦᠷᠭᠡᠰᠤᠳᠤ ᠭᠡᠮᠭᠡ ᠶᠢᠨ ᠴᠢᠭᠢ ᠶᠢ ᠶᠠᠭᠠᠭᠢᠵᠤ ᠪᠤᠶᠢᠵᠢᠭᠤᠯᠬᠤ ᠪᠤᠢ︖ | ᠴᠢᠭᠢ ᠪᠤᠶᠢᠵᠢᠭᠤᠯᠬᠤ ᠲᠦᠭᠦᠭᠡᠷᠤᠮᠵᠢ᠄ ᠬᠠᠪᠤᠷ ᠡᠷᠳᠡ ᠶᠢᠨ ᠭᠤᠤᠷᠰᠤᠨ ᠤ ᠦᠷᠭᠡᠰᠤᠳᠤ ᠭᠡᠮᠭᠡ ᠶᠢᠨ ᠴᠢᠭᠢ ᠪᠤᠶᠢᠵᠢᠭᠤᠯᠬᠤ | ᠬᠤᠭᠤᠴᠠᠭ᠎ᠠ ᠨᠢ ᠶᠠᠭ ᠡᠪᠤᠯ ᠤᠨ ᠬᠠᠭᠢᠷ ᠭᠦᠢᠳᠡᠨ ᠪᠤᠯᠬᠤ 11 ᠳ᠋ᠤᠭᠡᠷ ᠰᠠᠷ᠎ᠠ ᠠᠴᠠ 1 ᠳ᠋ᠤᠭᠡᠷ ᠰᠠᠷ᠎ᠠ ᠲᠤᠭᠢᠶᠠᠯᠳᠤᠵᠤ᠂ ᠡᠨᠡ ᠦᠶ᠎ᠠ ᠳᠤ | ᠲᠤᠯᠠᠭᠠᠨ ᠤ ᠭᠡᠮᠵᠢᠶ᠎ᠠ ᠲᠤᠤᠷ᠎ᠡ᠂ ᠭᠡᠷᠡᠯ ᠤᠨ ᠲᠤᠰᠤᠯᠳᠠ ᠪᠠᠭᠤᠷᠠᠢ ᠪᠤᠯᠬᠤᠷ ᠦᠷᠭᠡᠰᠤᠳᠤ ᠭᠡᠮᠭᠡ ᠶᠢᠨ ᠨᠢᠯᠬ᠎ᠠ ᠴᠢᠭᠢᠨ ᠤ ᠤᠷᠭᠤᠯᠳᠠ ᠳᠤ ᠠᠰᠢᠭ | ᠦᠭᠡᠢ ᠪᠠᠶᠢᠳᠠᠭ᠃ ᠴᠢᠭᠢ ᠪᠤᠶᠢᠵᠢᠭᠤᠯᠬᠤ ᠳᠤ ᠰᠠᠶᠢᠨ ᠰᠠᠶᠢᠬᠠᠨ ᠤᠷᠴᠢᠨ ᠨᠦᠭᠦᠴᠡᠯ ᠪᠦᠷᠢᠳᠦᠭᠦᠯᠵᠤ ᠦᠭᠭᠦ ᠶᠢᠨ ᠲᠤᠰᠠᠳᠠ᠂ ᠴᠢᠭᠢ | ᠪᠤᠶᠢᠵᠢᠭᠤᠯᠬᠤ ᠲᠤᠰᠠᠭᠠᠷ ᠦᠷᠦᠭᠡ ᠪᠠᠶᠢᠭᠤᠯᠬᠤ ᠭᠡᠷᠡᠭᠳᠡᠢ᠃ ᠭᠦᠯᠡᠮᠵᠢᠨ ᠤ ᠪᠠᠨ ᠵᠡᠭᠦᠨ ᠲᠠᠯ᠎ᠠ ᠪᠤᠶᠤ ᠪᠠᠷᠠᠭᠤᠨ ᠲᠠᠯ᠎ᠠ ᠪᠠᠷ ᠪᠠᠷᠤᠭ 6 ~ 8 | ᠮᠧᠲᠷ ᠤᠷᠳᠤ ᠪᠦᠭᠦᠢ ᠲᠤᠰᠠᠭᠠᠷᠯᠠᠬᠤ ᠭᠡᠷᠡᠮ ᠢ ᠬᠠᠭᠤᠴᠢᠨ ᠰᠦᠯᠢᠶᠤᠤ ᠪᠦᠰ ᠢᠶᠠᠷ ᠲᠠᠳᠠᠵᠤ ᠭᠠᠷᠭᠠᠵᠤ᠂ ᠭᠦᠯᠡᠮᠵᠢ ᠠᠴᠠ ᠪᠠᠨ ᠲᠤᠰᠠᠭᠠᠷᠯᠠᠵᠤ᠂ | ᠴᠢᠭᠢ ᠪᠤᠶᠢᠵᠢᠭᠤᠯᠬᠤ ᠵᠢᠵᠢᠭ ᠦᠷᠦᠭᠡ ᠭᠠᠷᠭᠠᠨ᠎ᠠ᠃ ᠴᠢᠭᠢ ᠪᠤᠶᠢᠵᠢᠭᠤᠯᠬᠤ ᠦᠷᠦᠭᠡᠨ ᠳᠡᠭᠡᠨ ᠭᠠᠯ ᠲᠦᠯᠡᠭᠦ ᠪᠡ ᠬᠠᠯᠠᠭᠤᠨ ᠭᠡᠷᠡᠮ ᠪᠡ ᠶᠠᠨᠳᠤᠩ | ᠭᠠᠷᠭᠠᠵᠤ᠂ ᠦᠷᠦᠭᠡ ᠪᠠᠨ ᠲᠤᠯᠠᠭᠠᠯᠠᠨ᠎ᠠ᠃ ᠴᠢᠭᠢ ᠪᠤᠶᠢᠵᠢᠭᠤᠯᠬᠤ ᠲᠠᠳᠠᠭᠠᠯ ᠤᠨ ᠢᠶᠠᠨ ᠲᠤᠭᠤᠤᠷ ᠲᠤᠯᠠᠭᠠᠯᠠᠯᠭ᠎ᠠ ᠶᠢᠨ ᠤᠳᠠᠰᠤ ᠲᠠᠳᠠᠨ᠎ᠠ᠃ | ᠴᠢᠭᠢ ᠪᠤᠶᠢᠵᠢᠭᠤᠯᠬᠤ ᠲᠠᠳᠠᠭᠠᠯ ᠤᠨ ᠢᠶᠠᠨ ᠲᠡᠭᠡᠭᠦᠷ ᠰᠦᠯᠢᠶᠤᠤ ᠪᠦᠷᠭᠦᠭᠦᠯ ᠢᠶᠠᠷ ᠬᠤᠴᠢᠵᠤ᠂ ᠲᠤᠯᠠᠭᠠᠨ ᠢ ᠬᠠᠮᠠᠭᠠᠯᠠᠨ᠎ᠠ᠃ | ᠰᠦᠯᠢᠶᠤᠤ ᠫᠸᠡᠭᠰᠡ ᠳᠤ ᠰᠢᠭᠤᠳ ᠲᠠᠷᠢᠵᠤ ᠴᠢᠭᠢ ᠪᠤᠶᠢᠵᠢᠭᠤᠯᠬᠤ᠂ 8 ~10 ᠰᠠᠠᠲ᠋ᠢᠮᠧᠲᠷ ᠤᠨ ᠳ᠋ᠢᠶᠠᠮᠧᠲᠷ ᠲᠠᠢ ᠰᠦᠯᠢᠶᠤᠤ ᠫᠸᠡᠭᠰᠡᠨ | ᠳᠤ ᠴᠢᠭᠢ ᠪᠤᠶᠢᠵᠢᠭᠤᠯᠪᠠᠯ᠂ ᠦᠷᠭᠡᠰᠤᠳᠤ ᠭᠡᠮᠭᠡ ᠶᠢᠨ ᠨᠢᠯᠬ᠎ᠠ ᠴᠢᠭᠢᠨ ᠤ ᠦᠨᠳᠤᠰᠤᠨ ᠰᠢᠰᠲ᠋ᠧᠮ ᠢ ᠭᠦᠭᠵᠢᠭᠦᠯᠵᠤ᠂ ᠵᠠᠶᠢᠯᠠᠬᠤ ᠦᠶ᠎ᠠ ᠳᠤ | ᠦᠨᠳᠤᠰᠤ ᠶᠢ ᠰᠢᠷᠬᠠᠳᠤᠭᠤᠯᠬᠤ ᠦᠭᠡᠢ᠂ ᠰᠠᠭᠤᠷᠢᠰᠢᠭᠤᠯᠤᠨ ᠲᠠᠷᠢᠠᠠᠰᠠᠨ ᠤ ᠰᠡᠭᠦᠯᠡᠷ ᠴᠢᠭᠢᠯᠡᠭᠦ ᠨᠢ ᠲᠦᠷᠭᠡᠨ ᠪᠠᠶᠢᠵᠤ᠂ ᠦᠨᠳᠤᠰᠤ ᠨᠢ ᠦᠤᠭᠦ | ᠦᠭᠡᠢ ᠪᠦᠭᠡᠳ ᠴᠢᠭᠢᠯᠡᠭᠦ ᠳᠡᠭᠡᠨ ᠨᠠᠯᠤᠵᠤ ᠤᠨᠠᠬᠤ ᠦᠭᠡᠢ ᠪᠠᠶᠢᠵᠤ᠂ ᠡᠷᠳ᠋ᠨ ᠪᠤᠯᠪᠠᠰᠤᠷᠠᠭᠤᠯᠤᠨ ᠡᠯᠪᠡᠭ ᠬᠤᠷᠢᠶᠠᠬᠤ ᠵᠤᠷᠢᠯᠭ᠎ᠠ ᠳᠤ ᠭᠦᠷᠴᠤ | ᠴᠢᠳᠠᠨ᠎ᠠ᠃ | 4. ᠦᠷᠭᠡᠰᠤᠳᠤ ᠭᠡᠮᠭᠡ ᠶᠢᠨ ᠦᠷ᠎ᠡ ᠶᠢ ᠭᠡᠷᠭᠢᠨ ᠰᠢᠢᠳᠪᠤᠷᠢᠯᠡᠵᠤ ᠶᠠᠮᠠᠷ ᠠᠷᠭ᠎ᠠ ᠪᠠᠷ ᠲᠠᠷᠢᠬᠤ ᠪᠤᠢ︖ | ᠦᠷ᠎ᠡ ᠪᠠᠨ ᠲᠠᠪᠳᠦᠭᠡᠵᠤ ᠰᠤᠶᠤᠭᠠᠯᠠᠭᠤᠯᠤᠨ᠎ᠠ᠃ ᠦᠷᠭᠡᠰᠤᠳᠤ ᠭᠡᠮᠭᠡ ᠶᠢᠨ ᠦᠷ᠎ᠡ ᠪᠠᠨ 55℃ ᠤᠨ ᠤᠰᠤᠨ ᠳᠤ ᠲᠡᠪᠳᠦᠭᠡᠨ᠂ | ᠲᠠᠰᠤᠷᠠᠯᠳᠠ ᠦᠭᠡᠢ ᠭᠦᠳᠡᠯᠭᠡᠵᠤ᠂ ᠤᠰᠤ ᠨᠢ ᠭᠦᠷᠦᠵᠤ 30℃ ᠪᠤᠯᠬᠤ ᠦᠶ᠎ᠠ ᠳᠤ 4 ᠴᠠᠭ ᠤᠷᠴᠢᠮ ᠲᠠᠪᠳᠦᠭᠡᠵᠤ᠂ ᠲᠠᠷᠠᠭ᠎ᠠ ᠪᠠᠷ ᠨᠢ ᠭᠤᠷᠪᠠᠨᠳᠠ | ᠰᠠᠶᠢᠳᠤᠷ ᠤᠭᠢᠶᠠᠵᠤ᠂ ᠰᠠᠶᠢᠳᠤᠷ ᠠᠷᠴᠢᠨ ᠬᠠᠳᠠᠭᠠᠵᠤ᠂ ᠲᠠᠷᠠᠭ᠎ᠠ ᠨᠢ ᠨᠤᠶᠢᠳᠡᠨ ᠭᠦᠪᠤᠡᠭ ᠠᠯᠴᠢᠭᠤᠷ ᠲᠤ ᠪᠤᠭᠤᠵᠤ᠂ 28 ~ 30℃ ᠲᠤ | ᠲᠠᠯᠪᠢᠵᠤ 24 ᠴᠠᠭ ᠰᠤᠶᠤᠭᠠᠯᠠᠭᠤᠯᠤᠨ᠎ᠠ᠃ ᠢᠡᠭᠭᠢᠭᠡᠳ ᠭᠡᠰᠡᠭ ᠦᠷ᠎ᠡ ᠨᠢ ᠴᠠᠭᠠᠨ ᠰᠤᠶᠤᠭ᠎ᠠ ᠴᠤᠬᠤᠶᠢᠬᠤ ᠦᠶᠡᠰ᠂ ᠦᠷ᠎ᠡ ᠪᠠᠨ 20 ~ | 25℃ ᠤᠨ ᠬᠠᠯᠠᠭᠤᠨ ᠳᠤ 12 ~ 24℃ ᠴᠠᠭ ᠲᠠᠯᠪᠢᠪᠠᠯ ᠵᠢᠭᠳᠡ ᠰᠤᠶᠤᠭᠠᠯᠠᠬᠤ ᠪᠤᠯᠤᠨ᠎ᠠ᠃ ᠡᠨᠡ ᠦᠶᠡᠰ ᠦᠷ᠎ᠡ ᠪᠠᠨ 12 ~15℃ | ᠤᠨ ᠬᠠᠯᠠᠭᠤᠨ ᠳᠤ ᠬᠠᠳᠠᠭᠠᠯᠠᠨ ᠲᠠᠯᠪᠢᠵᠤ ᠲᠠᠷᠢᠬᠤ ᠳᠤ ᠪᠡᠯᠡᠳᠭᠡᠨ᠎ᠡ᠃ | ᠰᠢᠮᠡᠯᠢᠭ ᠰᠢᠷᠤᠢ ᠰᠠᠪᠠᠯᠬᠠᠰᠠᠨ ᠰᠦᠯᠢᠶᠤᠤ ᠫᠸᠡᠭᠰᠡ ᠪᠠᠨ ᠴᠢᠭᠢ ᠪᠤᠶᠢᠵᠢᠭᠤᠯᠬᠤ ᠲᠠᠳᠠᠭᠠᠯ ᠳᠠᠭᠠᠨ ᠨᠢᠠᠠᠳᠠ ᠵᠢᠭᠳᠡᠷᠡᠭᠦᠯᠦᠨ ᠲᠠᠯᠪᠢᠵᠤ᠂ | ᠭᠦᠢᠴᠡᠳ ᠤᠰᠤᠯᠬᠠᠰᠠᠨ ᠤ ᠰᠡᠭᠦᠯᠡᠷ᠂ ᠰᠤᠶᠤᠭᠠᠯᠠᠭᠤᠯᠤᠠᠠᠰᠠᠨ ᠦᠷ᠎ᠡ ᠪᠠᠨ ᠫᠸᠡᠭᠰᠡ ᠪᠦᠷᠢ ᠨᠢᠭᠡ ᠰᠢᠷᠬᠡᠭ ᠰᠠᠭᠤᠯᠭᠠᠨ 1~ 1.5 ᠰᠠᠠᠲ᠋ᠢᠮᠧᠲᠷ | ᠰᠢᠷᠤᠢ ᠪᠠᠷ ᠬᠤᠴᠢᠵᠤ᠂ ᠲᠡᠭᠡᠭᠦᠷ ᠨᠢ ᠰᠦᠯᠢᠶᠤᠤ ᠪᠦᠷᠭᠦᠭᠦᠯ ᠢᠶᠠᠨ ᠬᠤᠴᠢᠵᠤ᠂ ᠴᠢᠭᠢᠭ ᠲᠤᠯᠠᠭᠠᠨ ᠢ ᠨᠡᠮᠡᠭᠳᠡᠭᠦᠯᠦᠨ᠂ ᠴᠢᠭᠢᠯᠡᠯᠳᠡ ᠶᠢ ᠨᠢ | ᠠᠭᠢᠭᠤᠯᠤᠨ᠎ᠠ᠃ | 5. ᠴᠢᠭᠢᠯᠡᠭᠦ ᠬᠤᠭᠤᠴᠠᠭᠠᠨ ᠳᠤᠨᠢ ᠶᠠᠭᠠᠭᠢᠵᠤ ᠠᠷᠠᠴᠢᠯᠠᠬᠤ ᠪᠤᠢ︖ | ᠴᠢᠭᠢᠯᠡᠵᠤ ᠭᠠᠷᠤᠠᠠᠰᠠᠨ ᠤ ᠰᠡᠭᠦᠯᠡᠷ ᠡᠳᠤᠷ ᠤᠨ ᠲᠤᠯᠠᠭᠠᠨ ᠤ ᠭᠡᠮᠵᠢᠶ᠎ᠠ ᠶᠢ 25 ~ 30℃᠂ ᠰᠦᠨᠢ ᠶᠢᠨ ᠲᠤᠯᠠᠭᠠᠨ ᠤ ᠭᠡᠮᠵᠢᠶ᠎ᠠ | ᠶᠢ 15 ~20℃ ᠪᠠᠶᠢᠯᠭᠠᠨ᠎ᠠ᠂᠃ ᠨᠢᠯᠬ᠎ᠠ ᠴᠢᠭᠢ ᠨᠢ ᠴᠦᠮ ᠵᠢᠭᠳᠡ ᠴᠢᠭᠢᠯᠡᠭᠰᠡᠨ ᠤ ᠰᠡᠭᠦᠯᠡᠷ ᠲᠤᠯᠠᠭᠠᠨ ᠤ ᠭᠡᠮᠵᠢᠶ᠎ᠠ ᠶᠢ ᠪᠠᠭᠤᠷᠠᠭᠤᠯᠵᠤ᠂ | ᠡᠳᠤᠷ ᠲᠡᠭᠡᠨ 18 ~ 22℃᠂ ᠰᠦᠨᠢ ᠳᠡᠭᠡᠨ 12 ~ 13℃ ᠪᠠᠶᠢᠯᠭᠠᠨ᠎ᠠ᠃ ᠠᠩᠬᠠᠳ᠋ᠬᠠᠴᠢ ᠨᠢᠭᠡᠨ ᠵᠢᠩᠭᠢᠨᠢ ᠨᠠᠪᠴᠢ ᠭᠠᠷᠬᠤ ᠦᠶᠡᠰ ᠡᠳᠤᠷ | ᠤᠨ ᠲᠤᠯᠠᠭᠠᠨ ᠤ ᠭᠡᠮᠵᠢᠶ᠎ᠠ ᠶᠢ 20 ~ 25℃᠂ ᠰᠦᠨᠢ ᠶᠢᠨ ᠲᠤᠯᠠᠭᠠᠨ ᠤ ᠭᠡᠮᠵᠢᠶ᠎ᠠ ᠶᠢ 12 ~14℃ ᠪᠠᠶᠢᠯᠭᠠᠨ᠎ᠠ᠃ ᠤᠷᠭᠤᠭᠠᠳ | ᠭᠤᠷᠪᠡᠨ ᠵᠢᠩᠭᠢᠨᠢ ᠨᠠᠪᠴᠢ ᠭᠠᠷᠤᠠᠠᠰᠠᠨ ᠤ ᠰᠡᠭᠦᠯᠡᠷ ᠤᠶᠢᠷ᠎ᠠ ᠤᠷᠴᠢᠮ ᠳᠤᠨᠢ ᠰᠠᠭᠤᠷᠢᠰᠢᠭᠤᠯᠤᠨ ᠲᠠᠷᠢᠵᠤ᠂ ᠡᠭᠢᠯᠡᠨ ᠪᠤᠯᠪᠠᠰᠤᠷᠠᠭᠤᠯᠵᠤ᠂ ᠡᠳᠤᠷ | ᠤᠨ ᠲᠤᠯᠠᠭᠠᠨ ᠤ ᠭᠡᠮᠵᠢᠶ᠎ᠠ ᠶᠢ 18 ~ 20℃᠂ ᠰᠦᠨᠢ ᠶᠢᠨ ᠲᠤᠯᠠᠭᠠᠨ ᠤ ᠭᠡᠮᠵᠢᠶ᠎ᠠ ᠶᠢ 8 ~ 10℃ ᠪᠠᠶᠢᠯᠭᠠᠨ᠎ᠠ᠃ | ᠰᠦᠯᠢᠶᠤᠤ ᠫᠸᠡᠭᠰᠡᠨ ᠳᠤ ᠴᠢᠭᠢ ᠪᠤᠶᠢᠵᠢᠭᠤᠯᠬᠤ ᠳᠤ ᠲᠤᠯᠠᠭᠠᠨ ᠢ ᠭᠢᠵᠠᠭᠠᠷᠯᠠᠨ᠂ ᠤᠰᠤ ᠶᠢ ᠦᠯᠤ ᠭᠢᠵᠠᠭᠠᠷᠯᠠᠬᠤ ᠵᠠᠷᠴᠢᠮ ᠢ | ᠪᠠᠷᠢᠮᠳᠠᠯᠠᠵᠤ᠂ ᠤᠰᠤᠯᠠᠬᠤ ᠳᠠᠭᠠᠨ ᠤᠰᠤᠨ ᠤ ᠲᠤᠯᠠᠭᠠᠨ ᠢ ᠠᠩᠬᠠᠷᠬᠤ ᠭᠡᠷᠡᠭᠳᠡᠢ᠃ 16 ~ 18℃ ᠪᠠᠶᠢᠪᠠᠯ ᠲᠤᠭᠢᠷᠠᠮᠵᠢᠳᠡᠢ᠂ ᠤᠰᠤᠯᠠᠬᠤ | ᠭᠡᠮᠵᠢᠶ᠎ᠠ ᠶᠢ ᠭᠡᠳᠦᠷᠭᠡᠢ ᠶᠡᠭᠡᠳᠡᠭᠦᠯᠵᠤ ᠪᠤᠯᠬᠤ ᠦᠭᠡᠢ᠂ ᠲᠤᠩᠭᠠᠯᠠᠭ ᠡᠳᠤᠷ ᠤᠨ ᠦᠳᠡ ᠶᠢᠨ ᠡᠮᠦᠨ᠎ᠠ ᠤᠰᠤᠯᠠᠪᠠᠯ ᠬᠠᠮᠤᠭ ᠤᠨ ᠰᠠᠶᠢᠨ ᠪᠠᠶᠢᠳᠠᠭ᠃ | | 6. ᠰᠠᠭᠤᠷᠢᠰᠢᠭᠤᠯᠤᠨ ᠲᠠᠷᠢᠬᠤ ᠠᠴᠠ ᠪᠠᠨ ᠡᠮᠦᠨ᠎ᠠ ᠶᠠᠮᠠᠷ ᠪᠡᠯᠡᠳᠭᠡᠯ ᠠᠵᠢᠯ ᠤᠳ ᠢ ᠭᠢᠭᠦ ᠪᠤᠢ︖ | ᠨᠠᠮᠤᠷ ᠡᠪᠤᠯ ᠤᠨ ᠭᠤᠤᠷᠰᠤ ᠶᠢᠨ ᠨᠤᠭᠤᠭ᠎ᠠ ᠶᠢᠨ ᠲᠠᠷᠢᠮᠠᠯ ᠢ ᠬᠤᠷᠢᠶ᠋ᠬᠠᠰᠠᠨ ᠤ ᠰᠡᠭᠦᠯᠡᠷ᠂ ᠲᠠᠷᠢᠶᠠᠨ ᠭᠠᠵᠠᠷ ᠢᠶᠠᠨ ᠰᠠᠶᠢᠳᠤᠷ | ᠴᠡᠪᠡᠷᠯᠡᠵᠤ᠂ ᠲᠦᠷᠦᠭᠦᠤ ᠲᠠᠷᠢᠠᠠᠰᠠᠨ ᠲᠠᠷᠢᠮᠠᠯ ᠤᠨ ᠡᠰᠢ ᠨᠠᠪᠴᠢ᠂ ᠦᠨᠳᠤᠰᠤᠨ ᠰᠢᠰᠲ᠋ᠧᠮ ᠵᠢᠴᠢ ᠰᠤᠯᠠ ᠡᠪᠡᠰᠤ ᠶᠢ ᠲᠤᠶᠢᠯᠪᠤᠷᠢᠳᠡᠢ ᠴᠠᠪᠡᠷᠯᠡᠨ | ᠠᠷᠢᠯᠭᠠᠵᠤ᠂ ᠰᠢᠳᠠᠭᠠᠬᠤ ᠪᠤᠶᠤ ᠭᠦᠨ ᠪᠤᠯᠬᠤ ᠭᠡᠷᠡᠭᠳᠡᠢ᠃ ᠭᠠᠵᠠᠷ ᠢᠶᠠᠨ 25 ~ 30 ᠰᠠᠠᠲ᠋ᠢᠮᠧᠲᠷ ᠭᠦᠨ ᠤᠷᠪᠠᠭᠤᠯᠵᠤ᠂ ᠮᠤ᠋ ᠪᠦᠷᠢ ᠴᠢᠨᠠᠷ | ᠰᠠᠶᠢᠳᠠᠢ ᠤᠷᠭᠠᠨᠢᠭ ᠪᠤᠷᠳᠤᠭᠤᠷ 5000 ~ 7500 ᠺᠢᠯᠤᠭ᠍ᠷᠡᠮ᠂ ᠹᠤᠰᠹᠤᠷ ᠭᠦᠴᠢᠯ ᠤᠨ ᠬᠤᠶᠠᠷᠴᠢ ᠠᠮᠮᠤᠨᠢ 20 ~ 30 ᠺᠢᠯᠤᠭ᠍ᠷᠡᠮ | ᠤᠷᠤᠭᠤᠯᠤᠨ᠎ᠠ᠂ ᠰᠠᠭᠤᠷᠢᠰᠢᠭᠤᠯᠤᠨ ᠲᠠᠷᠢᠬᠤ ᠠᠴᠠ ᠪᠠᠨ 20 ~ 30 ᠡᠳᠤᠷ ᠤᠨ ᠡᠮᠦᠨ᠎ᠠ ᠰᠦᠯᠢᠶᠤᠤ ᠪᠦᠷᠭᠦᠭᠦᠯ ᠢᠶᠠᠨ ᠪᠦᠳᠡᠭᠡᠵᠤ᠂ ᠭᠠᠵᠠᠷ | ᠭᠡᠰᠦᠭᠰᠡᠨ ᠤ ᠰᠡᠭᠦᠯᠡᠷ ᠭᠠᠵᠠᠷ ᠢᠶᠠᠨ ᠨᠢᠭᠡ ᠠᠴᠠ ᠬᠤᠶᠠᠷ ᠤᠳᠠᠭ᠎ᠠ 20 ᠰᠠᠠᠲ᠋ᠢᠮᠧᠲᠷ ᠭᠦᠨ ᠤᠷᠪᠠᠭᠤᠯᠵᠤ᠂ ᠭᠦᠷᠦᠰᠤ ᠰᠢᠷᠤᠢ ᠪᠠᠨ | ᠲᠠᠷᠭᠤᠯᠠᠭᠤᠯᠤᠨ᠂ ᠭᠠᠵᠠᠷ ᠤᠨ ᠲᠤᠯᠠᠭᠠᠨ ᠢ ᠲᠡᠭᠡᠭᠰᠢᠯᠡᠭᠦᠯᠦᠨ᠎ᠠ᠂ ᠲᠠᠷᠠᠭ᠎ᠠ ᠪᠠᠷ ᠨᠢ ᠭᠠᠵᠠᠷ ᠢᠶᠠᠨ ᠲᠡᠭᠰᠢᠯᠡᠨ᠎ᠡ᠃ | 7. ᠶᠠᠮᠠᠷ ᠦᠶ᠎ᠠ ᠳᠤ ᠰᠠᠭᠤᠷᠢᠰᠢᠭᠤᠯᠤᠨ ᠲᠠᠷᠢᠬᠤ ᠪᠤᠢ︖ ᠶᠠᠮᠠᠷ ᠠᠷᠭ᠎ᠠ ᠪᠠᠷ ᠠᠷᠠᠴᠢᠯᠠᠬᠤ ᠪᠤᠢ︖ | ᠦᠪᠤᠷ ᠮᠤᠩᠭᠤᠯ ᠤᠷᠤᠨ ᠤ ᠴᠠᠭ ᠠᠭᠤᠷ ᠤᠨ ᠬᠤᠪᠢᠷᠠᠯᠳᠠ ᠶᠢᠨ ᠵᠢᠮ᠎ᠠ ᠶᠤᠰᠤ ᠶᠢ ᠦᠨᠳᠤᠰᠦᠯᠡᠵᠤ᠂ ᠭᠦᠯᠡᠮᠵᠢᠨ ᠤ ᠦᠷᠭᠡᠰᠤᠳᠤ | ᠭᠡᠮᠭᠡ ᠶᠢ 2 ᠳ᠋ᠤᠭᠠᠷ ᠰᠠᠷ᠎ᠠ ᠶᠢᠨ ᠡᠭᠢ ᠪᠤᠶᠤ ᠲᠤᠮᠳᠡᠴᠢ ᠠᠴᠠ 3 ᠳ᠋ᠤᠭᠠᠷ ᠰᠠᠷ᠎ᠠ ᠶᠢᠨ ᠡᠭᠢᠨ ᠤ ᠬᠤᠭᠤᠴᠠᠭᠠᠨ ᠳᠤ ᠰᠠᠭᠤᠷᠢᠰᠢᠭᠤᠯᠤᠨ ᠲᠠᠷᠢᠨ᠎ᠠ | ᠃ ᠲᠠᠷᠢᠬᠤ ᠦᠶ᠎ᠠ ᠳᠤ ᠭᠠᠵᠠᠷ ᠤᠨ ᠲᠤᠯᠠᠭᠠᠨ ᠨᠢ 10 ~12℃ ᠠᠴᠠ ᠲᠡᠭᠡᠭᠰᠢ ᠳᠤ ᠲᠤᠠᠠᠳᠠᠪᠤᠷᠢᠵᠢᠵᠤ᠂ ᠬᠠᠮᠤᠭ ᠤᠨ ᠲᠤᠤᠷ᠎ᠡ ᠲᠤᠯᠠᠭᠠᠨ ᠤ | ᠭᠡᠮᠵᠢᠶ᠎ᠠ ᠨᠢ 5℃ ᠠᠴᠠ ᠲᠡᠭᠡᠭᠰᠢ ᠳᠤ ᠲᠤᠠᠠᠳᠠᠪᠤᠷᠢᠵᠢᠵᠤ ᠪᠠᠶᠢᠪᠠᠯ᠂ ᠦᠷᠭᠡᠰᠤᠳᠤ ᠭᠡᠮᠭᠡ ᠶᠢᠨ ᠭᠡᠪ ᠤᠨ ᠤᠷᠭᠤᠯᠳᠠ ᠶᠢ ᠪᠠᠳᠤᠯᠠᠵᠤ᠂ ᠭᠦᠢᠳᠡᠨ | ᠤ ᠭᠦᠨᠦᠭᠡᠯ ᠪᠠ ᠭᠦᠯᠳᠡᠭᠦ ᠠᠶᠤᠯ ᠠᠴᠠ ᠰᠡᠷᠭᠡᠶᠢᠯᠡᠵᠤ ᠴᠢᠳᠠᠨ᠎ᠠ᠃ | ᠰᠠᠭᠤᠷᠢᠰᠢᠭᠤᠯᠤᠨ ᠲᠠᠷᠢᠬᠤ ᠠᠷᠭ᠎ᠠ ᠪᠠ ᠨᠢᠠᠠᠳᠠᠴᠠ᠄ ᠰᠠᠯᠭᠢ ᠨᠡᠪᠳᠡᠷᠡᠭᠦ ᠭᠡᠷᠡᠯ ᠲᠤᠰᠬᠤ ᠳᠤ ᠲᠦᠭᠦᠮ ᠦᠵᠡᠭᠦᠯᠵᠤ᠂ ᠭᠡᠮ ᠤᠨ ᠭᠦᠨᠦᠭᠡᠯ | ᠢ ᠪᠠᠭᠠᠰᠬᠠᠬᠤ ᠪᠠ ᠲᠠᠷᠢᠶᠠᠨ ᠳᠤ ᠠᠵᠢᠯᠯᠠᠬᠤ ᠳᠤ ᠲᠦᠭᠦᠮ ᠪᠤᠯᠭᠠᠬᠤ ᠶᠢᠨ ᠲᠤᠰᠠᠳᠠ᠂ ᠲᠤᠮᠤ ᠨᠠᠷᠢᠨ ᠮᠦᠷ ᠢᠶᠠᠷ ᠲᠠᠷᠢᠬᠤ ᠠᠷᠭ᠎ᠠ ᠶᠢ ᠭᠡᠷᠡᠭᠯᠡᠨ᠎ᠡ | ᠃ ᠦᠨᠳᠤᠷ ᠲᠠᠳᠠᠭᠠᠯ ᠳᠤ ᠲᠠᠷᠢᠪᠠᠯ᠂ ᠲᠠᠯᠠᠩ ᠲᠡᠭᠡᠷ᠎ᠡ ᠪᠠᠨ ᠬᠤᠶᠠᠷ ᠮᠦᠷ ᠲᠠᠷᠢᠨ᠎ᠠ᠃ ᠮᠦᠷ ᠤᠨ ᠵᠠᠢ ᠶᠢ 40 ᠰᠠᠠᠲ᠋ᠢᠮᠧᠲᠷ ᠪᠠᠶᠢᠯᠭᠠᠨ᠎ᠠ᠃ | ᠲᠠᠷᠢᠠᠠᠰᠠᠨ ᠤ ᠪᠠᠨ ᠰᠡᠭᠦᠯᠡᠷ ᠰᠢᠷᠤᠢ ᠪᠠᠷ ᠬᠤᠴᠢᠵᠤ᠂ 2 — 3 ᠡᠳᠤᠷ ᠤᠨ ᠲᠠᠷᠠᠭ᠎ᠠ ᠤᠰᠤᠯᠠᠨ᠎ᠠ᠃ ᠲᠡᠭᠰᠢᠭᠡᠨ ᠲᠠᠳᠠᠭᠠᠯ ᠳᠤ ᠲᠠᠷᠢᠬᠤ ᠳᠤ᠂ | ᠲᠠᠳᠠᠭᠠᠯ ᠤᠨ ᠲᠤᠳᠤᠷᠠᠭᠢ ᠮᠦᠷ ᠤᠨ ᠵᠠᠢ ᠶᠢ 40 ᠰᠠᠠᠲ᠋ᠢᠮᠧᠲᠷ᠂ ᠲᠠᠳᠠᠭᠠᠯ ᠤᠨ ᠬᠤᠭᠤᠷᠤᠨᠳᠤᠭᠢ ᠵᠠᠢ ᠶᠢ 60 ᠰᠠᠠᠲ᠋ᠢᠮᠧᠲᠷ ᠪᠠᠶᠢᠯᠭᠠᠨ᠎ᠠ᠃ | ᠲᠠᠷᠢᠮᠬᠠᠴᠠ ᠪᠠᠨ ᠤᠰᠤᠯᠠᠵᠤ᠂ 2 ~ 3 ᠡᠳᠤᠷ ᠤᠨ ᠲᠠᠷᠠᠭ᠎ᠠ ᠴᠢᠭᠢᠯᠡᠯᠳᠡ ᠶᠢᠨ ᠤᠰᠤᠯᠠᠯᠳᠠ ᠭᠢᠨ᠎ᠠ᠂ ᠰᠠᠭᠤᠷᠢ ᠶᠢᠨ ᠵᠠᠢ ᠶᠢ 32 ~ 35 | ᠰᠠᠠᠲ᠋ᠢᠮᠧᠲᠷ ᠪᠠᠶᠢᠯᠭᠠᠵᠤ᠂ ᠮᠤ᠋ ᠪᠦᠷᠢ 3500 — 3600 ᠰᠠᠭᠤᠷᠢ ᠲᠠᠷᠢᠨ᠎ᠠ᠃ | ᠴᠢᠭᠢᠭ ᠲᠤᠯᠠᠭᠠᠨ ᠢ ᠲᠡᠭᠡᠭᠰᠢᠯᠡᠭᠦᠯᠦᠨ ᠴᠢᠭᠢᠯᠡᠯᠳᠡ ᠶᠢ ᠠᠭᠢᠭᠤᠯᠤᠨ᠎ᠠ᠂ ᠲᠠᠷᠢᠠᠠᠰᠠᠨ ᠤ ᠲᠠᠷᠠᠭ᠎ᠠ ᠲᠠᠷᠢᠯᠳᠠ ᠶᠢᠨ ᠤᠰᠤᠯᠠᠯᠳᠠ ᠪᠠ | ᠴᠢᠭᠢᠯᠡᠯᠳᠡ ᠶᠢᠨ ᠤᠰᠤᠯᠠᠯᠳᠠ ᠭᠢᠭᠰᠡᠨ ᠤ ᠰᠡᠭᠦᠯᠡᠷ᠂ ᠡᠳᠤᠷ ᠤᠨ ᠲᠤᠯᠠᠭᠠᠨ ᠤ ᠭᠡᠮᠵᠢᠶ᠎ᠠ ᠶᠢ 25~30℃᠂ ᠬᠠᠮᠤᠭ ᠤᠨ ᠦᠨᠳᠤᠷ ᠲᠡᠭᠡᠨ | 35℃᠂ ᠰᠦᠨᠢ ᠶᠢᠨ ᠲᠤᠯᠠᠭᠠᠨ ᠤ ᠭᠡᠮᠵᠢᠶ᠎ᠠ ᠶᠢ 15℃ ᠪᠠᠶᠢᠯᠭᠠᠵᠤ᠂ 35℃ ᠠᠴᠠ ᠭᠡᠳᠦᠷᠡᠭᠦᠯᠭᠦ ᠦᠭᠡᠢ ᠪᠠᠶᠢᠯᠭᠠᠨ᠎ᠠ᠃ ᠰᠠᠯᠭᠢ | ᠨᠡᠪᠳᠡᠷᠡᠭᠦᠯᠭᠦ ᠦᠭᠡᠢ᠂ 6 ~8 ᠬᠤᠨᠤᠵᠤ ᠨᠢᠯᠬ᠎ᠠ ᠴᠢᠭᠢ ᠨᠢ ᠰᠢᠨ᠎ᠠ ᠪᠠᠷ ᠦᠨᠳᠦᠰᠦᠯᠡᠭᠦ ᠦᠶ᠎ᠠ ᠳᠤ ᠰᠠᠯᠭᠢ ᠨᠡᠪᠳᠡᠷᠡᠭᠦᠯᠦᠨ ᠲᠤᠯᠠᠭᠠᠨ ᠢ | ᠪᠠᠭᠤᠷᠠᠭᠤᠯᠵᠤ᠂ ᠡᠳᠤᠷ ᠤᠨ ᠲᠤᠯᠠᠭᠠᠨ ᠤ ᠭᠡᠮᠵᠢᠶ᠎ᠠ ᠶᠢ 22 ~ 25℃᠂ ᠰᠦᠨᠢ ᠶᠢᠨ ᠬᠢ ᠶᠢ 12 ~ 15℃ ᠪᠠᠶᠢᠯᠭᠠᠵᠤ᠂ ᠰᠢᠷ᠎ᠠ | ᠨᠠᠪᠴᠢ ᠠᠴᠠ ᠪᠠᠨ ᠨᠤᠭᠤᠭᠠᠨ ᠨᠠᠪᠴᠢ ᠪᠤᠯᠬᠤ ᠶᠢ ᠨᠢ ᠠᠭᠢᠭᠤᠯᠤᠨ᠎ᠠ᠃ | ᠲᠠᠩᠨᠠᠨ ᠠᠷᠴᠢᠵᠤ᠂ ᠴᠢᠭᠢ ᠲᠠᠷᠤᠰᠢᠭᠤᠯᠵᠤ ᠦᠨᠳᠤᠰᠤ ᠶᠢᠨ ᠤᠷᠭᠤᠯᠳᠠ ᠶᠢ ᠠᠭᠢᠭᠤᠯᠤᠨ᠎ᠠ᠃ ᠴᠢᠭᠢᠯᠡᠭᠰᠡᠨ ᠤ ᠰᠡᠭᠦᠯᠡᠷ ᠰᠠᠯᠭᠢ | ᠨᠡᠪᠳᠡᠷᠡᠭᠦᠯᠦᠨ ᠲᠤᠯᠠᠭᠠᠨ ᠢ ᠪᠠᠭᠤᠷᠠᠭᠤᠯᠵᠤ᠂ ᠭᠠᠵᠠᠷ ᠲᠡᠭᠡᠷ᠎ᠡ ᠴᠠᠶᠢᠷᠠᠬᠤ ᠦᠶᠡᠰ᠂ ᠨᠢᠭᠡᠨ ᠤᠳᠠᠭ᠎ᠠ ᠲᠤᠮᠳᠠ ᠵᠡᠷᠭᠡ ᠤᠰᠤᠯᠠᠬᠤ ᠪᠠ ᠪᠤᠷᠳᠤᠭᠤᠷ | ᠨᠦᠭᠦᠨ ᠤᠷᠤᠭᠤᠯᠤᠨ᠎ᠠ᠂ ᠮᠤ᠋ ᠪᠦᠷ 10 ᠺᠢᠯᠤᠭ᠍ᠷᠡᠮ ᠰᠢᠭᠡᠰᠦᠯᠢᠭ ᠡᠳ᠋ ᠪᠤᠶᠤ ᠭᠦᠮᠦᠨ ᠤ ᠪᠠᠭᠠᠰᠤ ᠰᠢᠭᠡᠰᠤ 500 ᠺᠢᠯᠤᠭᠡᠷᠮ ᠤᠷᠤᠭᠤᠯᠤᠨ᠎ᠠ᠃ | ᠲᠠᠷᠠᠭ᠎ᠠ ᠪᠠᠷ ᠨᠢ ᠬᠤᠶᠠᠷ ᠤᠳᠠᠭ᠎ᠠ ᠭᠦᠶᠦᠭᠡᠨ ᠬᠠᠭᠠᠯᠪᠤᠷᠢᠯᠠᠵᠤ᠂ 5 ~ 7 ᠬᠤᠨᠤᠭ ᠴᠢᠭᠢ ᠲᠠᠷᠤᠰᠢᠭᠤᠯᠤᠨ᠂ ᠲᠠᠭᠢᠨᠳᠡ ᠨᠢᠭᠡ ᠤᠳᠠᠭ᠎ᠠ | ᠤᠰᠤᠯᠠᠵᠤ᠂ 8 ~ 10 ᠰᠠᠠᠲ᠋ᠢᠮᠧᠲᠷ ᠭᠦᠨ ᠠᠷᠴᠢᠵᠤ᠂ 7 ~ 8 ᠡᠳᠤᠷ ᠴᠢᠭᠢ ᠲᠠᠷᠤᠰᠢᠭᠤᠯᠤᠨ᠎ᠠ᠃ | ᠰᠠᠭᠤᠷᠢ ᠶᠢ ᠲᠤᠭᠢᠷᠠᠭᠤᠯᠤᠨ᠎ᠠ᠂ ᠲᠠᠪᠤ ᠨᠠᠪᠴᠢᠯᠬᠠᠰᠠᠨ ᠠᠴᠠ ᠬᠤᠶᠢᠰᠢ ᠲᠠᠷᠤᠶᠢᠬᠠᠨ ᠵᠢᠶᠠᠰᠠ ᠪᠤᠰᠬᠠᠬᠤ ᠪᠠ ᠵᠠᠯ᠎ᠠ ᠲᠠᠳᠠᠨ᠎ᠠ᠂ ᠤᠳᠠᠭ᠎ᠠ | ᠪᠦᠷᠢ ᠵᠠᠯ᠎ᠠ ᠪᠤᠭᠤᠬᠤ ᠪᠤᠶᠤ ᠵᠠᠯ᠎ᠠ ᠲᠠᠳᠠᠬᠤ ᠳᠠᠭᠠᠨ ᠤᠷᠭᠤᠮᠠᠯ ᠤᠨ ᠤᠷᠭᠤᠯᠳᠠ ᠶᠢᠨ ᠴᠢᠭ᠋ ᠢ ᠰᠠᠶᠢᠳᠤᠷ ᠲᠤᠭᠢᠷᠠᠭᠤᠯᠵᠤ᠂ ᠦᠨᠳᠤᠷ ᠤᠨ | ᠭᠡᠮᠵᠢᠶ᠎ᠠ ᠶᠢ ᠨᠢ ᠠᠳᠠᠯᠢ ᠲᠦᠪᠰᠢᠨ ᠲᠠᠢ ᠪᠤᠯᠭᠠᠵᠤ᠂ ᠤᠷᠭᠤᠮᠠᠯ ᠨᠢ ᠬᠠᠷᠢᠯᠴᠠᠨ ᠭᠡᠷᠡᠯ ᠢ ᠬᠠᠯᠬᠠᠯᠠᠬᠤ ᠠᠴᠠ ᠰᠡᠷᠭᠡᠶᠢᠯᠡᠵᠤ᠂ ᠪᠦᠭᠡᠮ ᠢᠶᠠᠷ ᠢᠶᠠᠨ | ᠵᠢᠭᠳᠡᠭᠡᠨ ᠤᠷᠭᠤᠬᠤ ᠶᠢ ᠨᠢ ᠪᠠᠳᠤᠯᠠᠨ᠎ᠠ᠃ | ᠲᠤᠯᠠᠭᠠᠨ ᠤ ᠭᠡᠮᠵᠢᠶ᠎ᠠ ᠶᠢᠨ ᠬᠠᠮᠢᠶᠠᠷᠤᠯᠳᠠ᠄ ᠦᠷᠭᠡᠰᠤᠳᠤ ᠭᠡᠮᠭᠡ ᠨᠢ ᠦᠨᠳᠤᠷ ᠬᠤᠷᠢᠶᠠᠯᠳᠠ ᠶᠢᠨ ᠬᠤᠭᠤᠴᠠᠭᠠᠨ ᠳᠤ ᠤᠷᠤᠠᠠᠰᠠᠨ ᠤ | ᠲᠠᠷᠠᠭ᠎ᠠ᠂ ᠲᠤᠯᠠᠭᠠᠨ ᠤ ᠭᠡᠮᠵᠢᠶ᠎ᠠ ᠶᠢ ᠰᠢᠨᠵᠢᠯᠡᠭᠦ ᠤᠬᠠᠭᠠᠠᠴᠢ ᠪᠠᠷ ᠬᠠᠮᠢᠶᠠᠷᠴᠤ᠂ ᠨᠠᠷᠨ ᠮᠠᠠᠳᠤᠠᠠᠰᠠᠨ ᠠᠴᠠ ᠠᠪᠤᠭᠠᠳ 14 ᠴᠠᠭ ᠪᠤᠯᠳᠠᠯᠠᠭᠢ | ᠬᠤᠭᠤᠴᠠᠭ᠎ᠠ ᠪᠤᠯ ᠨᠠᠪᠴᠢ ᠨᠢ ᠭᠡᠷᠡᠯ ᠤᠨ ᠨᠡᠶᠢᠯᠡᠯᠭᠡ ᠶᠢᠨ ᠦᠢᠯᠡᠳᠦᠯ ᠢᠶᠠᠷ ᠰᠢᠮ᠎ᠠ ᠲᠡᠵᠢᠭᠡᠯ ᠭᠦᠷᠳᠡᠭᠦ ᠬᠠᠮᠤᠭ ᠰᠠᠶᠢᠨ ᠴᠠᠭ ᠬᠤᠭᠤᠴᠠᠭ᠎ᠠ | ᠪᠤᠯᠬᠤᠷ᠂ ᠲᠤᠯᠠᠭᠠᠨ ᠤ ᠭᠡᠮᠵᠢᠶ᠎ᠠ ᠶᠢ 25 ~ 32℃ ᠪᠠᠶᠢᠯᠭᠠᠵᠤ᠂ 35℃ ᠠᠴᠠ ᠭᠡᠳᠦᠷᠡᠭᠦᠯᠭᠦ ᠦᠭᠡᠢ᠃ 14 ᠴᠠᠭ ~ 18 ᠴᠠᠭ | ᠪᠤᠯᠳᠠᠯ᠎ᠠ᠂ ᠲᠤᠯᠠᠭᠠᠨ ᠤ ᠭᠡᠮᠵᠢᠶ᠎ᠠ ᠶᠢ 20 ~ 25℃ ᠪᠠᠶᠢᠯᠭᠠᠨ᠎ᠠ᠃ 18 ᠴᠠᠭ ᠠᠴᠠ ᠰᠦᠨᠢ ᠶᠢᠨ 24 ᠴᠠᠭ ᠪᠤᠯᠳᠠᠯ᠎ᠠ ᠲᠤᠯᠠᠭᠠᠨ ᠤ | ᠭᠡᠮᠵᠢᠶ᠎ᠠ ᠶᠢ 16 ~ 20℃ ᠪᠠᠶᠢᠯᠭᠠᠵᠤ᠂ 24 ᠴᠠᠭ ᠠᠴᠠ ᠦᠷᠯᠦᠭᠡ ᠶᠢᠨ 6 ᠴᠠᠭ ᠪᠤᠯᠳᠠᠯ᠎ᠠ᠂ ᠲᠤᠯᠠᠭᠠᠨ ᠤ ᠭᠡᠮᠵᠢᠶ᠎ᠠ ᠶᠢ 12 ~ | 14℃ ᠪᠠᠶᠢᠯᠭᠠᠨ᠎ᠠ᠃ | ᠤᠰᠤ ᠪᠤᠷᠳᠤᠭᠤᠷ ᠤᠨ ᠬᠠᠮᠢᠶᠠᠷᠤᠯᠳᠠ᠄ ᠨᠢᠯᠬ᠎ᠠ ᠴᠢᠭᠢᠨ ᠤ ᠦᠶ᠎ᠠ ᠠᠴᠠ ᠵᠡᠯᠡᠯᠡᠭᠦ ᠬᠤᠭᠤᠴᠠᠭᠠᠨ ᠳᠤ ᠤᠰᠤ ᠪᠤᠷᠳᠤᠭᠤᠷ ᠤᠨ ᠲᠠᠯ᠎ᠠ ᠪᠠᠷ | ᠭᠢᠵᠠᠭᠠᠷᠯᠠᠬᠤ ᠪᠠᠷ ᠭᠤᠤᠯ ᠪᠤᠯᠭᠠᠨ᠎ᠠ᠃ ᠰᠠᠭᠤᠷᠢᠰᠢᠭᠤᠯᠤᠨ ᠲᠠᠷᠢᠵᠤ ᠠᠮᠢᠳᠤᠷᠬᠠᠰᠠᠨ ᠤ ᠰᠡᠭᠦᠯᠡᠷ ᠠᠷᠴᠢᠬᠤ ᠴᠢᠭᠢ ᠲᠠᠷᠤᠰᠢᠭᠤᠯᠬᠤ ᠴᠢᠭᠢᠭ ᠢ | ᠬᠠᠮᠠᠭᠠᠯᠠᠬᠤ ᠪᠠᠷ ᠭᠤᠤᠯ ᠪᠤᠯᠭᠠᠵᠤ᠂ ᠠᠷᠠᠴᠢᠯᠠᠯᠳᠠ ᠶᠢ ᠴᠢᠩᠭᠠᠳᠬᠠᠨ ᠭᠠᠵᠠᠷ ᠤᠨ ᠲᠤᠯᠠᠭᠠᠨ ᠢ ᠲᠡᠭᠡᠭᠰᠢᠯᠡᠭᠦᠯᠵᠤ᠂ ᠦᠨᠳᠦᠰᠦᠯᠡᠯᠳᠡ ᠶᠢ ᠨᠢ | ᠠᠭᠢᠭᠤᠯᠵᠤ᠂ ᠭᠠᠵᠠᠷ ᠲᠡᠭᠡᠷᠡᠭᠢ ᠪᠡ ᠭᠠᠵᠠᠷ ᠲᠤᠤᠷᠠᠭᠢ ᠶᠢᠨ ᠤᠷᠭᠤᠯᠳᠠ ᠶᠢ ᠰᠠᠶᠢᠳᠤᠷ ᠲᠤᠭᠢᠷᠠᠭᠤᠯᠤᠨ ᠲᠡᠩᠴᠡᠭᠦᠯᠦᠨᠠ᠃ ᠵᠡᠯᠡᠯᠡᠭᠦ ᠬᠤᠭᠤᠴᠠᠭᠠᠨ | ᠳᠤᠨᠢ ᠤᠰᠤ ᠪᠤᠷᠳᠤᠭᠤᠷ ᠢ ᠭᠢᠵᠠᠭᠠᠷᠯᠠᠵᠤ᠂ ᠦᠨᠳᠤᠷ ᠬᠤᠷᠢᠶᠠᠯᠳᠠ ᠶᠢᠨ ᠬᠤᠭᠤᠴᠠᠭᠠᠨ ᠳᠤ ᠤᠷᠤᠠᠠᠰᠠᠨ ᠦᠶ᠎ᠠ ᠳᠤ ᠤᠰᠤ ᠪᠤᠷᠳᠤᠭᠤᠷ ᠤᠨ | ᠬᠠᠮᠢᠶᠠᠷᠤᠯᠳᠠ ᠶᠢ ᠴᠢᠩᠭᠠᠳᠬᠠᠵᠤ᠂ ᠶᠠᠷᠦᠩᠭᠡᠢ ᠳᠡᠭᠡᠨ 7 ~ 8 ᠡᠳᠤᠷ ᠪᠦᠷᠢ ᠨᠢᠭᠡ ᠤᠳᠠᠭ᠎ᠠ ᠤᠰᠤᠯᠠᠵᠤ᠂ ᠤᠳᠠᠭ᠎ᠠ ᠪᠦᠷᠢ ᠶᠢᠨ ᠤᠰᠤᠯᠠᠯᠳᠠ | ᠲᠠᠢ ᠤᠶᠠᠯᠳᠤᠭᠤᠯᠤᠨ ᠪᠤᠷᠳᠤᠭᠤᠷ ᠨᠦᠭᠦᠵᠤ᠂ ᠮᠤ᠋ ᠪᠦᠷᠢ 10 ᠺᠢᠯᠤᠭ᠍ᠷᠡᠮ ᠰᠢᠭᠡᠰᠦᠯᠢᠭ ᠡᠳ᠋ ᠨᠦᠭᠦᠨ ᠤᠷᠤᠭᠤᠯᠤᠨ᠎ᠠ᠃ | 8. ᠲᠡᠭᠦᠵᠤ ᠬᠤᠷᠢᠶᠠᠬᠤ ᠳᠤ ᠶᠠᠭᠤ ᠶᠢ ᠠᠩᠬᠠᠷᠬᠤ ᠪᠤᠢ︖ | ᠬᠠᠪᠤᠷ ᠡᠷᠳᠡ ᠭᠦᠯᠡᠮᠵᠢᠨ ᠤ ᠦᠷᠭᠡᠰᠤᠳᠤ ᠭᠡᠮᠭᠡ ᠶᠢᠨ ᠤᠷᠭᠤᠯᠳᠠ ᠶᠢᠨ ᠪᠠᠶᠢᠳᠠᠯ ᠨᠢ ᠠᠨᠠᠢ᠂ ᠵᠡᠷᠡᠮᠳᠡᠭ ᠭᠡᠮᠭᠡ ᠴᠤ ᠨᠡᠯᠢᠶᠡᠳ ᠤᠯᠠᠨ | ᠪᠠᠶᠢᠳᠠᠭ ᠪᠤᠯᠬᠤᠷ ᠡᠷᠳᠡᠭᠡᠨ ᠲᠡᠭᠦᠵᠤ ᠬᠤᠷᠢᠶᠠᠵᠤ᠂ ᠵᠠᠯ᠎ᠠ ᠨᠢ ᠤᠨᠠᠵᠤ ᠲᠡᠭᠡᠳᠤ ᠭᠡᠰᠡᠭ ᠤᠨ ᠵᠢᠮᠢᠰ ᠤᠨ ᠤᠷᠭᠤᠯᠳᠠ ᠶᠢ ᠨᠦᠯᠦᠭᠡᠯᠡᠭᠦ ᠠᠴᠠ | ᠰᠡᠷᠭᠡᠶᠢᠯᠡᠭᠦ ᠭᠡᠷᠡᠭᠳᠡᠢ᠂ ᠬᠤᠷᠢᠶᠠᠯᠳᠠ ᠶᠢᠨ ᠭᠦᠭ ᠬᠤᠭᠤᠴᠠᠭᠠᠨ ᠳᠤ ᠤᠷᠤᠪᠠᠯ᠂ ᠵᠢᠮᠢᠰ ᠤᠨ ᠤᠷᠭᠤᠯᠳᠠ ᠨᠢ ᠲᠦᠷᠭᠡᠳᠭᠦ ᠲᠤᠯᠠ 3 ~ 5 | ᠡᠳᠤᠷ ᠲᠤ ᠨᠢᠭᠡ ᠤᠳᠠᠭ᠎ᠠ ᠲᠡᠭᠦᠵᠤ ᠬᠤᠷᠢᠶᠠᠬᠤ ᠭᠡᠷᠡᠭᠳᠡᠢ᠂ ᠬᠤᠷᠢᠶᠠᠯᠳᠠ ᠶᠢᠨ ᠭᠦᠭ ᠦᠶ᠎ᠠ ᠳᠤ ᠨᠢᠭᠡ ᠬᠤᠶᠠᠷ ᠡᠳᠤᠷ ᠠᠯᠤᠰᠯᠠᠬᠤ ᠪᠦᠷᠢ ᠨᠢᠭᠡ | ᠤᠳᠠᠭ᠎ᠠ ᠲᠡᠭᠦᠵᠤ ᠬᠤᠷᠢᠶᠠᠬᠤ ᠭᠡᠷᠡᠭᠳᠡᠢ᠃ ᠲᠡᠭᠦᠵᠤ ᠬᠤᠷᠢᠶᠠᠬᠤ ᠳᠠᠭᠠᠨ ᠨᠠᠷᠢᠨ ᠨᠢᠮᠪᠠᠢ ᠲᠡᠭᠦᠵᠤ ᠴᠡᠪᠡᠷᠭᠡᠨ ᠬᠤᠷᠢᠶᠠᠬᠤ ᠭᠡᠷᠡᠭᠳᠡᠢ᠂ ᠲᠡᠭᠦᠭᠦ ᠳᠡᠭᠡᠨ | ᠦᠷᠯᠦᠭᠡ ᠡᠷᠳᠡ ᠲᠡᠭᠦᠭᠦ ᠭᠡᠷᠡᠭᠳᠡᠢ᠂ ᠡᠨᠡ ᠦᠶ᠎ᠠ ᠳᠤ ᠤᠷᠭᠤᠮᠠᠯ ᠤᠨ ᠤᠰᠤ ᠨᠢ ᠭᠦᠷᠦᠯᠴᠡᠭᠡ ᠲᠠᠢ᠂ ᠵᠢᠮᠢᠰ ᠨᠢ ᠰᠤᠷᠭᠤᠭ ᠵᠦᠭᠡᠯᠡᠨ᠂ ᠴᠢᠨᠠᠷ | ᠰᠠᠶᠢᠳᠠᠢ ᠪᠠᠶᠢᠳᠠᠭ᠃ ᠲᠡᠭᠦᠭᠦ ᠳᠡᠭᠡᠨ ᠪᠠᠰᠠ ᠰᠠᠶᠢᠨ ᠪᠠ ᠮᠠᠭᠤ ᠶᠢ ᠨᠢ ᠢᠯᠭᠠᠨ ᠰᠠᠯᠭᠠᠵᠤ᠂ ᠬᠤᠳᠠᠯᠳᠤᠬᠤ ᠳᠤ ᠲᠦᠭᠦᠮ ᠪᠤᠯᠭᠠᠬᠤ ᠭᠡᠷᠡᠭᠳᠡᠢ᠃ |