ᠪᠡᠯᠡᠳᠭᠡᠮᠵᠢᠳᠤ ᠢᠳᠡᠰᠢᠨ ᠨᠤᠭᠤᠭᠠᠨ  ᠤ ᠦᠢᠯᠡᠳᠪᠤᠷᠢᠯᠡᠯ  ᠤᠨ ᠭᠤᠤᠯ ᠭᠤᠤᠷᠰᠤ  ᠶᠢᠨ ᠲᠦᠷᠦᠯ ᠭᠡᠯᠪᠡᠷᠢ
ᠵᠣᠬᠢᠶᠠᠭᠴᠢ᠄ 
ᠰᠡᠴᠡᠨ ᠨᠠᠨᠳᠢᠨ᠎ᠠ
                    ᠪᠡᠯᠡᠳᠭᠡᠮᠵᠢᠳᠤ ᠢᠳᠡᠰᠢᠨ ᠨᠤᠭᠤᠭᠠᠨ  ᠤ ᠦᠢᠯᠡᠳᠪᠤᠷᠢᠯᠡᠯ  ᠤᠨ                     ᠭᠤᠤᠯ     ᠭᠤᠤᠷᠰᠤ      ᠶᠢᠨ     ᠲᠦᠷᠦᠯ     ᠭᠡᠯᠪᠡᠷᠢ       ᠨᠢᠭᠡ᠂ ᠵᠢᠯ ᠳᠤ ᠨᠢᠭᠡ ᠭᠤᠤᠷᠰᠤ  ᠶᠢᠨ ᠲᠦᠷᠦᠯ ᠳᠤ ᠶᠠᠭᠤ ᠪᠠᠭᠳᠠᠵᠤ ᠪᠠᠶᠢᠬᠤ ᠪᠤᠢ︖ ᠪᠤᠳᠠᠳᠠᠢ ᠪᠠᠷ ᠶᠠᠭᠠᠭᠢᠵᠤ ᠲᠠᠷᠢᠬᠤ ᠪᠤᠢ︖         ᠲᠦᠷᠭᠡᠨ ᠤᠨᠠᠯᠳᠠ  ᠶᠢᠨ ᠨᠤᠭᠤᠭᠠᠨ ᠨᠠᠪᠴᠢᠳᠤ ᠨᠤᠭᠤᠭ᠎ᠠ ᠳᠤ ᠦᠨᠤᠷᠳᠤ ᠨᠤᠭᠤᠭ᠎ᠠ᠂ ᠵᠢᠵᠢᠭ ᠰᠢᠯᠢᠮᠳᠡᠭ ︵ᠲᠤᠰᠤᠯᠢᠭ ᠨᠤᠭᠤᠭ᠎ᠠ︶᠂ ᠰᠢᠷᠠᠯᠵᠢ᠂ ᠵᠡᠯᠡᠯᠡᠯᠢᠭ ᠨᠤᠭᠤᠭ᠎ᠠ ᠪᠤᠯᠤᠨ ᠬᠠᠯᠤᠮ᠎ᠠ ᠴᠡᠴᠡᠭ ᠵᠡᠷᠭᠡ ᠪᠠᠭᠳᠠᠨ᠎ᠠ᠃ ᠡᠳᠡᠭᠡᠷ ᠨᠤᠭᠤᠭ᠎ᠠ  ᠶᠢᠨ ᠨᠢᠯᠬ᠎ᠠ ᠨᠠᠪᠴᠢ᠂ ᠨᠠᠪᠴᠢᠨ ᠪᠠᠷᠢᠭᠤᠯ᠂ ᠵᠦᠭᠡᠯᠡᠨ ᠡᠰᠢ ᠵᠡᠷᠭᠡ ᠢᠳᠡᠭᠡᠨ ᠳᠤ ᠭᠡᠷᠡᠭᠯᠡᠳᠡᠭ ᠭᠡᠰᠡᠭ  ᠤᠨ ᠴᠢᠨᠠᠷ ᠨᠢ ᠰᠠᠶᠢᠨ᠂ ᠰᠤᠷᠭᠤᠭ ᠵᠦᠭᠡᠯᠡᠨ᠂ ᠰᠢᠮ᠎ᠠ ᠲᠡᠵᠢᠭᠡᠯ ᠰᠠᠶᠢᠳᠠᠢ ᠪᠠᠶᠢᠳᠠᠭ ᠪᠦᠭᠡᠳ ᠢᠳᠡᠭᠦ ᠠᠷᠭ᠎ᠠ ᠨᠢ ᠤᠯᠠᠨ ᠶᠠᠩᠵᠤ ᠭᠡᠯᠪᠡᠷᠢ ᠲᠠᠢ ᠪᠠᠶᠢᠳᠠᠭ᠃ ᠬᠤᠯᠠ ᠲᠡᠭᠡᠭᠡᠪᠤᠷᠢᠯᠡᠭᠦ ᠳᠤ ᠲᠠᠰᠪᠤᠷᠢ ᠮᠠᠭᠤᠳᠠᠢ ᠪᠤᠯᠬᠤᠷ᠂ ᠬᠤᠳᠠ  ᠶᠢᠨ ᠲᠡᠭᠦᠷᠭᠡ  ᠶᠢᠨ ᠭᠠᠵᠠᠷ ᠤᠷᠤᠨ ᠳᠤ ᠲᠠᠷᠢᠵᠤ ᠭᠦᠭᠵᠢᠭᠦᠯᠪᠡᠯ ᠮᠠᠰᠢ ᠲᠤᠭᠢᠷᠠᠮᠵᠢᠳᠡᠢ ᠪᠠᠶᠢᠳᠠᠭ᠃ ᠲᠡᠭᠦᠨ  ᠤ ᠬᠠᠮᠳᠤ  ᠶᠢᠨ ᠤᠨᠴᠠᠯᠢᠭ ᠨᠢ ᠭᠡᠪᠡᠯ ᠤᠷᠭᠤᠬᠤ ᠡᠷᠭᠢᠯᠳᠡ  ᠶᠢᠨ ᠬᠤᠭᠤᠴᠠᠭ᠎ᠠ ᠨᠢ ᠤᠬᠤᠷ ᠪᠠᠶᠢᠵᠤ᠂ ᠶᠠᠷᠦᠩᠭᠡᠢ ᠳᠡᠭᠡᠨ ᠲᠠᠷᠢᠭᠠᠳ 30 ~ 40 ᠬᠤᠨᠤᠭ ᠪᠤᠯᠪᠠᠯ ᠬᠤᠷᠢᠶᠠᠵᠤ ᠪᠤᠯᠳᠠᠭ᠂ ᠨᠠᠷᠠᠯᠠᠭ ᠭᠦᠯᠡᠮᠵᠢᠨ ᠳᠤ ᠵᠢᠯ ᠲᠤᠵᠢ ᠲᠦᠷᠭᠡᠨ ᠤᠷᠭᠤᠯᠳᠠ  ᠶᠢᠨ ᠨᠤᠭᠤᠭᠠᠨ ᠨᠠᠪᠴᠢᠳᠤ ᠨᠤᠭᠤᠭ᠎ᠠ ᠲᠠᠷᠢᠭᠠᠳ ᠮᠠᠰᠢ ᠦᠨᠳᠤᠷ ᠠᠵᠤ ᠠᠬᠤᠢ  ᠶᠢᠨ ᠦᠷ᠎ᠡ ᠠᠰᠢᠭ ᠤᠯᠤᠠᠠᠰᠠᠨ ᠵᠢᠱᠢᠶ᠎ᠠ ᠤᠯᠠᠨ ᠪᠤᠢ᠃ ᠪᠤᠳᠠᠳᠠᠢ ᠭᠢᠭᠦ ᠠᠷᠭ᠎ᠠ ᠭᠡᠪᠡᠯ᠄       ᠠᠩᠬᠠᠳ᠋ᠬᠠᠴᠢ ᠭᠤᠤᠷᠰᠤ ᠳᠤ ᠵᠢᠵᠢᠭ ᠲᠤᠰᠤᠯᠢᠭ ᠨᠤᠭᠤᠭ᠎ᠠ ᠲᠠᠷᠢᠨ᠎ᠠ᠃ 9 ᠳ᠋ᠤᠭᠡᠷ ᠰᠠᠷ᠎ᠠ  ᠶᠢᠨ 10 ᠠᠴᠠ ᠡᠭᠢᠯᠡᠨ ᠪᠦᠷᠭᠦᠭᠦᠯ  ᠢᠶᠠᠨ ᠪᠦᠷᠭᠦᠵᠤ᠂ 9 ᠳ᠋ᠤᠭᠡᠷ ᠰᠠᠷ᠎ᠠ  ᠶᠢᠨ 15 ᠳᠤ ᠲᠠᠷᠢᠨ᠎ᠠ᠃ ᠲᠠᠷᠢᠬᠤ   ᠰᠤᠷᠲ ᠲᠤ ᠲᠠᠸᠠᠷᠵᠢᠯ  ᠢᠶᠠᠷ ᠰᠠᠶᠢᠨ᠂ ᠢᠳᠡᠭᠦ ᠳᠤ ᠠᠮᠳᠠᠳᠠᠢ ᠡᠭᠦᠯᠳᠡᠷ ︽ ᠡᠤ ᠶᠤᠸᠠᠢ ᠮᠠᠩ︾ ︵五月慢︶  ᠢ ᠰᠤᠩᠭᠤᠨ᠎ᠠ᠂ ᠡᠨᠡ   ᠰᠤᠷᠲ ᠨᠢ ᠲᠤᠭᠢᠷᠠᠯᠴᠠᠬᠤ ᠴᠢᠨᠠᠷ  ᠢᠶᠠᠷ ᠴᠢᠩᠭ᠎ᠠ᠂ 20 ᠰᠠᠠᠲ᠋ᠢᠮᠧᠲᠷ ᠤᠷᠴᠢᠮ ᠦᠨᠳᠤᠷ ᠤᠷᠭᠤᠳᠠᠭ᠃ 10 ᠳ᠋ᠤᠭᠠᠷ ᠰᠠᠷ᠎ᠠ  ᠶᠢᠨ 22  ᠤᠨ ᠡᠳᠤᠷ ᠵᠠᠯᠭ᠎ᠠ ᠪᠠᠷ ᠬᠤᠷᠢᠶᠠᠵᠤ ᠵᠠᠬ᠎ᠠ ᠳᠤ ᠭᠠᠷᠭᠠᠵᠤ ᠪᠤᠯᠤᠨ᠎ᠠ᠃       ᠬᠤᠶᠠᠷᠳᠡᠭᠢ ᠭᠤᠤᠷᠰᠤ ᠳᠤ᠂ ᠰᠢᠷᠠᠯᠵᠢ ᠲᠠᠷᠢᠨ᠎ᠠ᠃ 11 ᠳ᠋ᠤᠭᠡᠷ ᠰᠠᠷ᠎ᠠ  ᠶᠢᠨ 5  ᠤ ᠡᠳᠤᠷ᠂ ᠰᠢᠷᠠᠯᠵᠢ ᠪᠠᠨ ᠲᠠᠷᠢᠵᠤ᠂ ᠡᠭᠦᠨ ᠳᠤ ᠵᠢᠵᠢᠭ ᠨᠠᠪᠴᠢᠳᠤ ᠰᠢᠷᠠᠯᠵᠢ  ᠶᠢᠨ   ᠰᠤᠷᠲ ᠢ ᠰᠤᠩᠭᠤᠨ᠎ᠠ᠃ ᠲᠤᠰ   ᠰᠤᠷᠲ  ᠤᠨ ᠤᠷᠭᠤᠯᠳᠠ ᠨᠢ ᠲᠦᠷᠭᠡᠨ᠂ ᠭᠦᠢᠳᠡᠨ ᠳᠤ ᠦᠯᠴᠢᠷ ᠪᠠᠶᠢᠵᠤ᠂ 12 ᠳ᠋ᠤᠭᠠᠷ ᠰᠠᠷ᠎ᠠ  ᠶᠢᠨ 18  ᠤ ᠡᠳᠤᠷ ᠬᠤᠷᠢᠶᠠᠵᠤ ᠵᠠᠬ᠎ᠠ ᠳᠤ ᠭᠠᠷᠭᠠᠨ᠎ᠠ᠃       ᠭᠤᠷᠪᠡᠳᠡᠭᠢ ᠭᠤᠤᠷᠰᠤ ᠳᠤ ᠵᠢᠵᠢᠭ ᠴᠠᠭᠠᠨ ᠨᠤᠭᠤᠭ᠎ᠠ ᠲᠠᠷᠢᠨ᠎ᠠ᠃ 1 ᠳ᠋ᠤᠭᠡᠷ ᠰᠠᠷ᠎ᠠ  ᠶᠢᠨ 2  ᠤᠨ ᠡᠳᠤᠷ ᠵᠢᠵᠢᠭ ᠴᠠᠭᠠᠨ ᠨᠤᠭᠤᠭ᠎ᠠ ᠪᠠᠨ ᠲᠠᠷᠢᠵᠤ᠂ 2 ᠳ᠋ᠤᠭᠠᠷ ᠰᠠᠷ᠎ᠠ  ᠶᠢᠨ 6  ᠤ ᠡᠳᠤᠷ ᠬᠤᠷᠢᠶᠠᠨ ᠠᠪᠴᠤ ᠵᠠᠬ᠎ᠠ ᠳᠤ ᠭᠠᠷᠭᠠᠨ᠎ᠠ᠃       ᠲᠦᠷᠪᠡᠳᠡᠭᠢ ᠭᠤᠤᠷᠰᠤ ᠳᠤ᠂ ᠯᠤᠤᠯᠢ ︵ᠪᠦᠸᠧᠽᠠᠢ︶ ᠨᠤᠭᠤᠭ᠎ᠠ ᠲᠠᠷᠢᠨ᠎ᠠ᠃ 2 ᠳ᠋ᠤᠭᠠᠷ ᠰᠠᠷ᠎ᠠ  ᠶᠢᠨ 15 ᠳᠤ ᠲᠠᠷᠢᠵᠤ᠂ 5 ᠳ᠋ᠤᠭᠠᠷ ᠰᠠᠷ᠎ᠠ  ᠶᠢᠨ 27  ᠤ ᠤᠷᠴᠢᠮ  ᠢᠶᠠᠷ ᠬᠤᠷᠢᠶᠠᠨ ᠠᠪᠴᠤ ᠵᠠᠬ᠎ᠠ ᠳᠤ ᠭᠠᠷᠭᠠᠨ᠎ᠠ᠃       ᠲᠠᠪᠤᠳᠡᠭᠢ ᠭᠤᠤᠷᠰᠤ ᠳᠤ᠂ ᠦᠨᠤᠷᠳᠤ ᠨᠤᠭᠤᠭ᠎ᠠ ︵ᠰᠢᠶᠠᠩᠽᠠᠢ︶ ᠲᠠᠷᠢᠨ᠎ᠠ᠃ 4 ᠳ᠋ᠤᠭᠡᠷ ᠰᠠᠷ᠎ᠠ  ᠶᠢᠨ 3 ᠳᠤ ᠲᠠᠷᠢᠵᠤ᠂ 5 ᠳ᠋ᠤᠭᠠᠷ ᠰᠠᠷ᠎ᠠ  ᠶᠢᠨ 8 ᠠᠴᠠ ᠡᠭᠢᠯᠡᠨ ᠵᠠᠯᠭ᠎ᠠ ᠪᠠᠷ ᠬᠤᠷᠢᠶᠠᠵᠤ ᠵᠠᠬ᠎ᠠ ᠳᠤ ᠭᠠᠷᠭᠠᠨ᠎ᠠ᠃       ᠵᠢᠷᠭᠤᠭᠠᠳᠡᠭᠢ ᠭᠤᠤᠷᠰᠤ ᠳᠤ ᠬᠠᠯᠤᠮ᠎ᠠ ᠴᠡᠴᠡᠭ ᠲᠡᠯᠳᠡᠤ ᠨᠤᠭᠤᠭ᠎ᠠ ᠲᠠᠷᠢᠨ᠎ᠠ᠃ 5 ᠳ᠋ᠤᠭᠠᠷ ᠰᠠᠷ᠎ᠠ  ᠶᠢᠨ ᠲᠤᠮᠳᠡᠴᠢ ᠪᠠᠷ ᠲᠠᠷᠢᠵᠤ᠂ ᠴᠢᠭᠢ  ᠨᠢ 15 ᠰᠠᠠᠲ᠋ᠢᠮᠧᠲᠷ ᠦᠨᠳᠤᠷ ᠤᠷᠭᠤᠬᠤ ᠦᠶ᠎ᠠ ᠳᠤ 15 ~17   ᠰᠠᠠᠲ᠋ᠢᠮᠧᠲᠷ  ᠤᠨ ᠵᠠᠶᠢᠳᠠᠢ ᠪᠠᠷ ᠴᠢᠭᠢ ᠰᠠᠭᠤᠷᠢᠰᠢᠭᠤᠯᠤᠨ᠎ᠠ᠃ ᠴᠢᠭᠢ ᠨᠢ 30 ᠰᠠᠠᠲ᠋ᠢᠮᠧᠲᠷ ᠪᠤᠯᠬᠤ ᠦᠶᠡᠰ ᠭᠤᠤᠯ  ᠢ ᠨᠢ ᠠᠪᠴᠤ᠂ ᠲᠤᠤᠷᠠᠳᠤ ᠭᠡᠰᠡᠭ  ᠤᠨ ᠨᠠᠪᠴᠢ ᠨᠢ ᠰᠤᠶᠤᠭᠠᠯᠠᠨ ᠬᠠᠵᠠᠭᠤ  ᠶᠢᠨ ᠮᠦᠴᠢᠷ ᠪᠤᠯᠬᠤ  ᠶᠢ   ᠨᠢ ᠠᠭᠢᠭᠤᠯᠤᠨ᠎ᠠ᠃ ᠡᠨᠡ ᠦᠶ᠎ᠠ ᠳᠤ ᠵᠢᠶᠠᠰᠠ ᠪᠠᠨ ᠪᠤᠰᠬᠠᠵᠤ ᠪᠤᠯᠤᠨ᠎ᠠ᠃ ᠰᠡᠭᠦᠯᠡᠷ ᠨᠢ ᠨᠢᠯᠬ᠎ᠠ ᠲᠦᠷᠦᠭᠦᠤ᠂ ᠨᠢᠯᠬ᠎ᠠ ᠨᠠᠪᠴᠢ  ᠶᠢ ᠵᠠᠯᠭ᠎ᠠ ᠪᠠᠷ ᠲᠡᠭᠦᠵᠤ ᠬᠤᠳᠠᠯᠳᠤᠨ᠎ᠠ᠃ ᠵᠢᠯ ᠲᠤᠵᠢ ᠵᠢᠮᠢᠰᠯᠢᠭ ᠲᠦᠷᠦᠯ  ᠤᠨ ᠢᠳᠡᠰᠢᠨ ᠨᠤᠭᠤᠭ᠎ᠠ ᠲᠠᠷᠢᠬᠤ       ︵1︶ ᠵᠢᠯ ᠲᠤᠵᠢ ᠤᠯᠠᠷᠢᠯ ᠰᠦᠷᠦᠭᠦᠯᠦᠨ ᠬᠠᠰᠢ ᠪᠠ ᠲᠦᠪᠡᠳ ᠬᠠᠰᠢ ᠵᠠᠯᠭᠠᠵᠤ ᠲᠠᠷᠢᠬᠤ ᠡᠨᠧᠷᠭᠢ ᠠᠷᠪᠢᠯᠠᠬᠤ ᠵᠤᠵᠠᠭᠠᠨ ᠭᠡᠷᠡᠮ ᠲᠠᠢ ᠨᠠᠷᠠᠯᠠᠭ ᠭᠦᠯᠡᠮᠵᠢᠨ ᠳᠤ ᠤᠯᠠᠷᠢᠯ ᠰᠦᠷᠦᠭᠦᠯᠦᠨ ᠬᠠᠰᠢ  ᠶᠢ ᠵᠠᠯᠭᠠᠵᠤ ᠲᠠᠷᠢᠨ᠎ᠠ᠃ ᠡᠨᠡ ᠨᠢ ᠵᠢᠯ ᠳᠤ 2 ᠲᠦᠮᠡᠨ ᠺᠢᠯᠤᠭ᠍ᠷᠡᠮ ᠬᠠᠰᠢ ᠬᠤᠷᠢᠶᠠᠵᠤ᠂ 3 ᠲᠦᠮᠡᠨ ᠲᠦᠭᠦᠷᠢᠭ ᠠᠴᠠ ᠲᠡᠭᠡᠭᠰᠢ ᠴᠡᠪᠡᠷ ᠤᠷᠤᠯᠭ᠎ᠠ ᠤᠯᠵᠤ᠂ ᠮᠤ᠋ ᠪᠦᠷᠢ  ᠶᠢᠨ ᠦᠷ᠎ᠡ ᠠᠰᠢᠭ ᠨᠢ ᠲᠦᠮᠡᠨ ᠲᠦᠭᠦᠷᠢᠭ ᠠᠴᠠ ᠲᠠᠪᠠᠨ᠎ᠠ᠂ ᠪᠤᠳᠠᠳᠠᠢ ᠲᠠᠷᠢᠬᠤ ᠠᠷᠭ᠎ᠠ ᠨᠢ ᠭᠡᠪᠡᠯ᠂ ᠡᠩ ᠲᠠᠷᠢᠭᠦᠨ ᠳᠤ   ᠰᠤᠷᠲ  ᠢ ᠰᠤᠩᠭᠤᠨ ᠲᠤᠠᠠᠳᠠᠭᠠᠨ᠎ᠠ᠃   ᠰᠤᠷᠲ ᠰᠤᠩᠭᠤᠬᠤ ᠳᠤ ᠦᠨᠳᠤᠷ ᠬᠤᠷᠢᠶᠠᠯᠳᠠ ᠲᠠᠢ᠂ ᠴᠢᠨᠠᠷ ᠰᠠᠶᠢᠳᠠᠢ᠂   ᠭᠡᠮ ᠢ ᠡᠰᠡᠷᠭᠦᠴᠡᠭᠦ ᠴᠢᠳᠠᠯ ᠲᠠᠢ᠂ ᠭᠦᠢᠳᠡᠨ ᠳᠤ ᠦᠯᠴᠢᠷ ᠪᠠᠶᠢᠳᠠᠭ ᠰᠢ ᠠᠨ  ᠤ ᠨᠤᠭᠤᠭᠠᠨ ᠬᠠᠰᠢ ᠪᠠ ᠬᠤᠯᠠᠠᠳ᠋   ᠤᠨ ᠪᠦᠯᠢᠲ᠋ᠠ ︵布利塔︶   ᠶᠢ ᠰᠤᠩᠭᠤᠵᠤ᠂ ᠵᠠᠯᠭᠠᠳᠠᠰᠤ  ᠶᠢᠨ ᠲᠦᠷᠦᠯ ᠳᠤ ᠶᠠᠫᠤᠨ  ᠤ ᠲᠦᠸᠧ ᠯᠤ᠋ ᠪᠡ ᠮᠤ᠋ ︵托鲁巴姻︶  ᠶᠢ ᠰᠤᠩᠭᠤᠨ᠎ᠠ᠃ ᠲᠠᠷᠠᠭ᠎ᠠ ᠳᠤᠨᠢ ᠲᠠᠷᠢᠬᠤ ᠴᠠᠭ  ᠢᠶᠠᠨ ᠲᠤᠠᠠᠳᠠᠭᠠᠨ᠎ᠠ᠃ ᠲᠤᠬᠠᠶᠢᠯᠠᠪᠠᠯ ᠵᠢᠯ ᠪᠦᠷᠢ  ᠶᠢᠨ 6 ᠳ᠋ᠤᠭᠠᠷ ᠰᠠᠷ᠎ᠠ  ᠶᠢᠨ ᠲᠤᠮᠳᠡᠴᠢ ᠪᠠᠷ ᠴᠢᠭᠢ ᠪᠤᠶᠢᠵᠢᠭᠤᠯᠤᠨ ᠲᠠᠷᠢᠵᠤ᠂ ᠴᠢᠭᠢ ᠨᠢ ᠰᠠᠷ᠎ᠠ ᠤᠷᠴᠢᠮ ᠤᠷᠭᠤᠠᠠᠰᠠᠨ  ᠤ ᠰᠡᠭᠦᠯᠡᠷ ᠡᠭᠢᠯᠡᠨ ᠵᠠᠯᠭᠠᠵᠤ᠂ 30 ᠬᠤᠨᠤᠭ  ᠤᠨ ᠲᠠᠷᠠᠭ᠎ᠠ ᠰᠠᠭᠤᠷᠢᠰᠢᠭᠤᠯᠤᠨ ᠲᠠᠷᠢᠨ᠎ᠠ᠂ 11 ᠳ᠋ᠤᠭᠡᠷ ᠰᠠᠷ᠎ᠠ ᠳᠤ ᠵᠠᠬ᠎ᠠ ᠳᠤ ᠭᠠᠷᠭᠠᠵᠤ᠂ ᠲᠠᠷᠠᠭ᠎ᠠ ᠵᠢᠯ  ᠤᠨ ᠭᠢᠨᠢ 3 ᠳ᠋ᠤᠭᠠᠷ ᠰᠠᠷ᠎ᠠ ᠳᠤ ᠬᠤᠷᠢᠶᠠᠯᠳᠠ  ᠶᠢᠨ ᠭᠦᠭ ᠦᠶ᠎ᠠ ᠪᠤᠯᠬᠤ ᠦᠶᠡᠰ ᠨᠢᠭᠡᠯᠡ ᠤᠳᠠᠭ᠎ᠠ 750 ᠺᠢᠯᠤᠭ᠍ᠷᠡᠮ ᠬᠤᠷᠢᠶᠠᠵᠤ ᠪᠤᠯᠬᠤ ᠪᠦᠭᠡᠳ ᠭᠠᠷᠠᠭ ᠪᠦᠷᠢ ᠨᠢᠭᠡ ᠤᠳᠠᠭ᠎ᠠ ᠬᠤᠷᠢᠶᠠᠵᠤ᠂ 7 ᠳ᠋ᠤᠭᠠᠷ ᠰᠠᠷ᠎ᠠ ᠳᠤ ᠬᠤᠷᠢᠶᠠᠵᠤ ᠪᠠᠷᠠᠭᠠᠨ᠎ᠠ᠃       ︵2︶ ᠲᠦᠪᠡᠳ ᠬᠠᠰᠢ — ᠦᠷᠭᠡᠰᠤᠳᠤ ᠭᠡᠮᠭᠡ ᠲᠠᠷᠢᠬᠤ᠂ ᠲᠦᠪᠡᠳ ᠬᠠᠰᠢ ᠨᠢ ᠤᠤᠯ ᠨᠢ ᠡᠮᠦᠨᠡᠳᠤ ᠠᠮᠧᠷᠢᠺᠠ ᠲᠢᠪ  ᠤᠨ ᠬᠠᠯᠠᠭᠤᠨ ᠪᠦᠰᠨ  ᠶᠢᠨ ᠭᠠᠵᠠᠷ ᠤᠷᠤᠨ ᠳᠤ ᠤᠷᠭᠤᠵᠤ ᠪᠠᠶᠢᠠᠠᠰᠠᠨ ᠲᠤᠯᠠᠭᠠᠮᠠᠳᠠᠭᠠᠢ ᠢᠳᠡᠰᠢᠨ ᠨᠤᠭᠤᠭ᠎ᠠ ᠪᠤᠯᠤᠨ᠎ᠠ᠃ ᠲᠠᠷᠠ ᠨᠢ 15 ~29℃  ᠤᠨ ᠲᠤᠯᠠᠭᠠᠨ ᠳᠤ ᠤᠷᠭᠤᠳᠠᠭ ᠪᠦᠭᠡᠳ 22 ~24℃ ᠬᠠᠮᠤᠭ  ᠤᠨ ᠲᠤᠭᠢᠷᠠᠮᠵᠢᠳᠡᠢ ᠪᠠᠶᠢᠳᠠᠭ᠃ 35℃ ᠠᠴᠠ ᠦᠨᠳᠤᠷ ᠪᠤᠶᠤ 10℃ ᠠᠴᠠ ᠲᠤᠤᠷ᠎ᠡ ᠲᠤᠯᠠᠭᠠᠨ ᠳᠤ ᠤᠷᠭᠤᠬᠤ ᠪᠠᠨ ᠪᠤᠯᠢᠳᠠᠭ᠃ ᠨᠠᠷᠠᠯᠠᠭ ᠭᠦᠯᠡᠮᠵᠢᠨ ᠳᠤ ᠤᠯᠠᠷᠢᠯ  ᠢ ᠰᠦᠷᠤᠨ ᠲᠦᠪᠡᠳ ᠬᠠᠰᠢ ᠲᠠᠷᠢᠬᠤ ᠨᠢ ᠤᠷᠤᠭᠤᠯᠤᠯᠳᠠ ᠶᠡᠭᠡ ᠤᠷᠤᠭᠤᠯᠵᠤ᠂ ᠬᠤᠷᠢᠶᠠᠯᠳᠠ ᠡᠯᠪᠡᠭ ᠬᠤᠷᠢᠶᠠᠬᠤ ᠨᠢᠭᠡᠨ ᠲᠦᠷᠦᠯ ᠵᠤᠶᠢᠯ ᠪᠤᠯᠤᠨ᠎ᠠ᠃ ᠬᠤᠳᠠ ᠭᠦᠳᠡᠭᠡ  ᠶᠢᠨ ᠦᠷᠭᠡᠨ ᠠᠭᠤᠳᠠᠮ ᠢᠳᠡᠰᠢᠨ ᠨᠤᠭᠤᠭᠠᠨ  ᠤ ᠤᠷᠤᠨ ᠳᠤ ᠴᠦᠮ ᠲᠡᠯᠭᠡᠷᠡᠭᠦᠯᠵᠤ ᠪᠤᠯᠤᠨ᠎ᠠ᠃ ᠨᠠᠮᠤᠷ ᠡᠪᠤᠯ  ᠤᠨ ᠭᠤᠤᠷᠰᠤ  ᠶᠢᠨ ᠲᠦᠪᠡᠳ ᠬᠠᠰᠢ  ᠶᠢ ᠶᠠᠷᠦᠩᠭᠡᠢ ᠳᠡᠭᠡᠨ ᠵᠢᠯ ᠪᠦᠷᠢ  ᠶᠢᠨ 6 ᠳ᠋ᠤᠭᠠᠷ ᠰᠠᠷ᠎ᠠ  ᠶᠢᠨ ᠰᠡᠭᠦᠯᠴᠢ ᠠᠴᠠ 7 ᠳ᠋ᠤᠭᠠᠷ ᠰᠠᠷ᠎ᠠ  ᠶᠢᠨ ᠡᠭᠢ ᠪᠠᠷ ᠲᠠᠷᠢᠵᠤ᠂ 8 ᠳ᠋ᠤᠭᠠᠷ ᠰᠠᠷ᠎ᠠ  ᠶᠢᠨ ᠲᠤᠮᠳᠡᠴᠢ ᠪᠠᠷ ᠰᠠᠭᠤᠷᠢᠰᠢᠭᠤᠯᠤᠨ ᠲᠠᠷᠢᠨ᠎ᠠ᠃ 10 ᠳ᠋ᠤᠭᠠᠷ ᠰᠠᠷ᠎ᠠ  ᠶᠢᠨ ᠰᠡᠭᠦᠯᠴᠢ ᠪᠠᠷ ᠡᠭᠢᠯᠡᠨ ᠬᠤᠷᠢᠶᠠᠵᠤ᠂ ᠰᠢᠨ᠎ᠠ ᠵᠢᠯ ᠠᠴᠠ ᠬᠤᠶᠢᠰᠢ ᠬᠤᠷᠢᠶᠠᠵᠤ ᠪᠠᠷᠠᠭᠠᠨ᠎ᠠ᠃ ᠲᠠᠷᠠᠭ᠎ᠠ  ᠶᠢᠨ ᠭᠤᠤᠷᠰᠤ ᠳᠤ ᠦᠷᠭᠡᠰᠤᠳᠤ ᠭᠡᠮᠭᠡ ᠲᠠᠷᠢᠬᠤ ᠳᠤ᠂ 11 ᠳ᠋ᠤᠭᠡᠷ ᠰᠠᠷ᠎ᠠ  ᠶᠢᠨ ᠲᠤᠮᠳᠡᠴᠢ ᠪᠠᠷ ᠲᠠᠷᠢᠵᠤ᠂ ᠲᠠᠷᠢᠠᠠᠰᠠᠨ  ᠤ ᠪᠠᠨ ᠰᠡᠭᠦᠯᠡᠷ 5 ~ 7 ᠬᠤᠨᠤᠭ ᠲᠤ ᠬᠠᠷ᠎ᠠ ᠮᠦᠭᠦᠯᠢᠭᠳᠦ ᠨᠠᠠᠭᠤᠸᠠ  ᠶᠢᠨ ᠵᠠᠯᠭᠠᠳᠠᠰᠤ  ᠶᠢ ᠲᠠᠷᠢᠵᠤ᠂ 12 ᠳ᠋ᠤᠭᠠᠷ ᠰᠠᠷ᠎ᠠ  ᠶᠢᠨ ᠰᠡᠭᠦᠯᠴᠢ ᠳᠤ ᠵᠠᠯᠭᠠᠵᠤ᠂ ᠬᠠᠪᠤᠷ  ᠤᠨ ᠠᠭᠤᠷ ᠤᠷᠤᠬᠤ ᠠᠴᠠ ᠡᠮᠦᠨ᠎ᠠ ᠬᠤᠶᠢᠭᠤᠷ ᠰᠠᠭᠤᠷᠢᠰᠢᠭᠤᠯᠤᠨ ᠲᠠᠷᠢᠨ᠎ᠠ᠂ ᠶᠠᠷᠦᠩᠭᠡᠢ ᠳᠡᠭᠡᠨ 3 ᠳ᠋ᠤᠭᠠᠷ ᠰᠠᠷ᠎ᠠ  ᠶᠢᠨ ᠡᠭᠢ  ᠪᠠᠷ ᠡᠭᠢᠯᠡᠨ ᠬᠤᠷᠢᠶᠠᠵᠤ᠂ 6 ᠳ᠋ᠤᠭᠠᠷ ᠰᠠᠷ᠎ᠠ  ᠶᠢᠨ ᠰᠡᠭᠦᠯᠴᠢ ᠳᠤ ᠬᠤᠷᠢᠶᠠᠵᠤ ᠪᠠᠷᠠᠭᠠᠨ᠎ᠠ᠃       ᠬᠤᠶᠠᠷ᠂ ᠵᠢᠯ ᠳᠤ ᠬᠤᠶᠠᠷ ᠭᠤᠤᠷᠰᠤ ᠲᠠᠷᠢᠬᠤ ᠲᠦᠷᠦᠯ      ① ᠴᠢᠩᠽᠠᠢ — ᠴᠢᠩᠵᠢᠶᠤᠤ       ᠴᠢᠩᠽᠠᠢ ᠪᠤᠯ ᠰᠢᠭᠦᠷ  ᠤᠨ ᠭᠡᠯᠪᠡᠷᠢᠳᠤ ᠴᠡᠴᠡᠭ  ᠤᠨ ᠢᠵᠠᠭᠤᠷ  ᠤᠨ ᠡᠪᠡᠰᠦᠯᠢᠭ ᠤᠷᠭᠤᠮᠠᠯ ᠪᠤᠯᠤᠨ᠎ᠠ᠃ ᠭᠦᠢᠳᠡᠨ ᠳᠤ ᠦᠯᠴᠢᠷ ᠬᠠᠯᠠᠭᠤᠨ ᠳᠤ ᠲᠠᠰᠪᠤᠷᠢᠳᠡᠢ ᠨᠤᠭᠤᠭ᠎ᠠ ᠪᠤᠯᠬᠤ ᠪᠦᠭᠡᠳ ᠭᠤᠤᠯ ᠨᠢ ᠨᠠᠮᠤᠷ ᠡᠪᠤᠯ  ᠤᠨ ᠭᠤᠤᠷᠰᠤ ᠪᠤᠶᠤ ᠪᠤᠰᠤᠳ ᠵᠤᠶᠢᠯ  ᠤᠨ ᠦᠨᠳᠤᠷ ᠡᠰᠢᠳᠤ ᠲᠠᠷᠢᠮᠠᠯ ᠲᠠᠢ ᠠᠯᠬᠠᠯᠠᠨ ᠲᠠᠷᠢᠬᠤ ᠪᠠᠷ ᠭᠤᠤᠯ ᠪᠤᠯᠭᠠᠳᠠᠭ᠃ ᠭᠦᠯᠡᠮᠵᠢᠨ ᠳᠤ ᠨᠠᠮᠤᠷ ᠡᠪᠤᠯ  ᠤᠨ ᠴᠢᠩᠽᠠᠢ  ᠶᠢᠨ ᠭᠤᠤᠷᠰᠤ ᠲᠠᠷᠢᠬᠤ ᠳᠤ ᠶᠠᠷᠦᠩᠭᠡᠢ  ᠳᠡᠭᠡᠨ 6 ᠳ᠋ᠤᠭᠠᠷ ᠰᠠᠷ᠎ᠠ  ᠶᠢᠨ ᠰᠡᠭᠦᠯᠴᠢ ᠪᠠᠷ ᠴᠢᠭᠢ ᠪᠤᠶᠢᠵᠢᠭᠤᠯᠵᠤ᠂ ᠲᠠᠷᠠᠭ᠎ᠠ ᠵᠢᠯ  ᠤᠨ ᠬᠤᠶᠠᠳᠤᠭᠠᠷ ᠰᠠᠷ᠎ᠠ  ᠶᠢᠨ ᠲᠤᠮᠳᠡᠴᠢ ᠪᠠᠷ ᠰᠠᠭᠤᠷᠢᠰᠢᠭᠤᠯᠤᠨ ᠲᠠᠷᠢᠵᠤ᠂ 3 ᠳ᠋ᠤᠭᠠᠷ ᠰᠠᠷ᠎ᠠ  ᠶᠢᠨ ᠲᠤᠮᠳᠡᠴᠢ ᠠᠴᠠ ᠬᠤᠶᠢᠰᠢ ᠡᠭᠢᠯᠡᠨ ᠬᠤᠷᠢᠶᠠᠨ᠎ᠠ᠃      ② ᠭᠤᠭᠤᠳ — ᠦᠷᠭᠡᠰᠤᠳᠤ ᠭᠡᠮᠭᠡ ᠲᠠᠷᠢᠬᠤ       3 ᠳ᠋ᠤᠭᠠᠷ ᠰᠠᠷ᠎ᠠ  ᠶᠢᠨ ᠲᠤᠮᠳᠡᠴᠢ ᠠᠴᠠ 4 ᠳ᠋ᠤᠭᠡᠷ ᠰᠠᠷ᠎ᠠ  ᠶᠢᠨ ᠡᠭᠢᠨ ᠳᠤ ᠭᠤᠭᠤᠳ  ᠢᠶᠠᠨ ᠰᠢᠭᠤᠳ ᠲᠠᠷᠢᠵᠤ᠂ 6 ᠳ᠋ᠤᠭᠠᠷ ᠰᠠᠷ᠎ᠠ ᠳᠤ ᠵᠠᠶᠢᠯᠠᠨ ᠲᠠᠷᠢᠵᠤ᠂ ᠵᠤᠨ  ᠤ ᠴᠠᠭ ᠲᠤ ᠵᠠᠳᠠᠭᠠᠢ ᠭᠠᠵᠠᠷ ᠦᠨᠳᠤᠰᠤ  ᠶᠢ   ᠨᠢ ᠪᠤᠶᠢᠵᠢᠭᠤᠯᠵᠤ᠂ ᠡᠪᠤᠯ  ᠤᠨ ᠠᠭᠤᠷ ᠤᠷᠤᠠᠠᠰᠠᠨ  ᠤ ᠰᠡᠭᠦᠯᠡᠷ ᠭᠦᠯᠡᠮᠵᠢᠨ ᠳᠡᠭᠡᠨ ᠰᠢᠯᠵᠢᠭᠦᠯᠵᠤ᠂ ᠴᠠᠭᠠᠨ ᠰᠠᠷ᠎ᠠ ᠠᠴᠠ ᠡᠮᠦᠨ᠎ᠠ ᠵᠠᠬ᠎ᠠ ᠳᠤ ᠭᠠᠷᠭᠠᠨ᠎ᠠ᠂᠃ ᠭᠤᠭᠤᠳ  ᠢᠶᠠᠨ ᠬᠤᠶᠠᠷ ᠤᠳᠠᠭ᠎ᠠ ᠬᠠᠳᠤᠠᠠᠰᠠᠨ  ᠤ ᠰᠡᠭᠦᠯᠡᠷ᠂ ᠦᠷᠭᠡᠰᠤᠳᠤ ᠭᠡᠮᠭᠡ  ᠶᠢᠨ ᠵᠠᠯ᠎ᠠ ᠪᠠᠨ ᠭᠤᠭᠤᠳ  ᠤᠨ ᠵᠤᠷᠬ᠎ᠠ ᠳᠤ ᠰᠠᠭᠤᠷᠢᠰᠢᠭᠤᠯᠤᠨ ᠲᠠᠷᠢᠵᠤ᠂ ᠭᠤᠭᠤᠳ   ᠢᠶᠠᠨ ᠭᠤᠷᠪᠡᠳᠡᠭᠢ ᠤᠳᠠᠭ᠎ᠠ ᠬᠠᠳᠤᠠᠠᠰᠠᠨ  ᠤ ᠰᠡᠭᠦᠯᠡᠷ ᠦᠨᠳᠤᠰᠤ  ᠶᠢ ᠨᠢ ᠮᠠᠯᠳᠠᠨ   ᠬᠠᠶᠠᠨ᠎ᠠ᠂ 3 ᠳ᠋ᠤᠭᠠᠷ ᠰᠠᠷ᠎ᠠ  ᠶᠢᠨ ᠰᠡᠭᠦᠯᠴᠢ ᠪᠠᠷ ᠦᠷᠭᠡᠰᠤᠳᠤ ᠭᠡᠮᠭᠡ ᠪᠠᠨ ᠵᠠᠬ᠎ᠠ  ᠳᠤ ᠭᠠᠷᠭᠠᠵᠤ᠂ 6 ᠳ᠋ᠤᠭᠠᠷ ᠰᠠᠷ᠎ᠠ  ᠶᠢᠨ ᠲᠤᠮᠳᠡᠴᠢ ᠪᠠᠷ ᠵᠡᠯ᠎ᠠ ᠪᠠᠨ ᠲᠠᠳᠠᠨ᠎ᠠ᠃ ᠡᠭᠦᠨ ᠳᠤ ᠮᠤ᠋ ᠪᠦᠷᠢ ᠠᠴᠠ 4000 ᠺᠢᠯᠤᠭ᠍ᠷᠡᠮ ᠭᠤᠭᠤᠳ᠂ 5000   ᠺᠢᠯᠤᠭ᠍ᠷᠡᠮ ᠦᠷᠭᠡᠰᠤᠳᠤ ᠭᠡᠮᠭᠡ ᠬᠤᠷᠢᠶᠠᠨ᠎ᠠ᠃ ᠲᠤᠰ ᠭᠤᠤᠷᠰᠤ ᠳᠤ ᠡᠪᠤᠯ ᠳᠡᠭᠡᠨ ᠭᠦᠢᠳᠡᠨ ᠳᠤ ᠦᠯᠴᠢᠷ ᠨᠤᠭᠤᠭ᠎ᠠ  ᠶᠢ ᠰᠤᠩᠭᠤᠵᠤ᠂ ᠬᠠᠪᠤᠷ ᠵᠢᠮᠢᠰᠯᠢᠭ ᠨᠤᠭᠤᠭ᠎ᠠ  ᠶᠢᠨ ᠲᠦᠷᠦᠯ  ᠢ ᠲᠠᠷᠢᠵᠤ᠂ ᠦᠨᠳᠤᠷ ᠪᠤᠭᠤᠨᠢ ᠨᠢ ᠲᠡᠩᠴᠡᠭᠦᠤ᠂ ᠭᠤᠤᠷᠰᠤ ᠰᠤᠯᠢᠬᠤ ᠳᠤ ᠲᠤᠭᠢᠷᠠᠮᠵᠢᠳᠡᠢ ᠪᠠᠶᠢᠯᠭᠠᠪᠠᠯ ᠂ ᠦᠷᠭᠡᠰᠤᠳᠤ ᠭᠡᠮᠭᠡ  ᠶᠢᠨ ᠰᠢᠷᠤᠢ ᠠᠴᠠ ᠬᠠᠯᠳᠠᠪᠤᠷᠢᠯᠠᠬᠤ ᠡᠪᠡᠳᠴᠢᠨ  ᠢ ᠰᠡᠷᠭᠡᠶᠢᠯᠡᠭᠦ ᠳᠤ ᠠᠰᠢᠠᠠᠳᠠᠢ ᠪᠦᠭᠡᠳ ᠭᠡᠷᠡᠯ  ᠤᠨ ᠡᠨᠧᠷᠭᠢ᠂ ᠭᠠᠵᠠᠷ ᠰᠢᠷᠤᠢ᠂ ᠪᠡᠯᠡᠳᠭᠡᠮᠵᠢ  ᠶᠢ ᠭᠦᠢᠴᠡᠳ ᠠᠰᠢᠠᠠᠯᠠᠨ᠂ ᠤᠨᠠᠯᠳᠠ ᠪᠠ ᠦᠨ᠎ᠠ ᠦᠷᠳᠡᠭ  ᠢ ᠲᠡᠭᠡᠭᠰᠢᠯᠡᠭᠦᠯᠵᠤ ᠴᠢᠳᠠᠨ᠎ᠠ᠃
 
ᠢᠷᠡᠯᠲᠡ᠄ http://www.mptnp.com/
ᠨᠠᠶᠢᠷᠠᠭᠤᠯᠤᠭᠴᠢ᠄ ᠭᠤᠸᠠᠨ ᠴᠠᠩ ᠰᠢ
ᠣᠷᠴᠢᠭᠤᠯᠤᠭᠴᠢ᠄
   
ᠬᠤᠯᠪᠣᠭᠳᠠᠯ ᠪᠦᠬᠦᠢ ᠠᠭᠤᠯᠭ᠎ᠠ ᠶᠢᠨ ᠭᠠᠷᠴᠠᠭ
 
2014-2016 © ᠬᠠᠷᠢᠯᠴᠠᠬᠤ ᠤᠲᠠᠰᠤ᠄ 0471-6280741 ᠢᠮᠧᠯ᠄ nmgbute@163.com
ᠵᠤᠬᠢᠶᠠᠭᠴᠢ ᠶᠢᠨ ᠡᠷᠬᠡ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠬᠤᠷᠢᠭᠯᠠᠨ᠎ᠠ᠃
︽ᠬᠡᠷᠡᠭᠯᠡᠭᠡᠨ ᠤ ᠮᠡᠷᠭᠡᠵᠢᠯ ᠤᠨ ᠮᠤᠩᠭᠤᠯ ᠰᠦᠯᠵᠢᠶᠡᠨ ᠤ ᠬᠥᠯᠭᠡ︾ ᠦᠮᠴᠢᠯᠡᠯ ᠲᠠᠢ︕