| | ᠢᠳᠡᠭᠡᠨ ᠤ ᠨᠠᠷᠠᠨ ᠬᠤᠸᠠᠷ ᠲᠠᠷᠢᠬᠤ ᠮᠡᠷᠭᠡᠵᠢᠯ | | | | | | | | | 1. ᠢᠳᠡᠭᠡᠨ ᠤ ᠨᠠᠷᠠᠨ ᠬᠤᠸᠠᠷ ᠢ ᠲᠠᠷᠢᠬᠤ ᠳᠤ ᠭᠡᠳᠦᠢ ᠲᠤᠯᠠᠭᠠᠨ ᠤ ᠨᠦᠭᠦᠴᠡᠯ ᠢ ᠱᠠᠭᠠᠷᠳᠠᠳᠠᠭ ᠪᠤᠢ︖ | ᠢᠳᠡᠭᠡᠨ ᠤ ᠨᠠᠷᠠᠨ ᠬᠤᠸᠠᠷ ᠢ ᠲᠠᠷᠢᠬᠤ ᠳᠤ ᠭᠡᠷᠡᠭᠴᠡᠭᠡ ᠪᠦᠭᠦᠢ ᠲᠤᠯᠠᠭᠠᠨ ᠤ ᠭᠡᠮᠵᠢᠶ᠎ᠠ ᠶᠢᠨ ᠨᠦᠭᠦᠴᠡᠯ ᠢ ᠪᠤᠯ ᠭᠢᠷᠠᠬᠤ ᠦᠭᠡᠢ | ᠬᠤᠭᠤᠴᠠᠭ᠎ᠠ ᠨᠢ 130 ᠡᠳᠤᠷ ᠠᠴᠠ ᠲᠡᠭᠡᠭᠰᠢ ᠪᠠᠶᠢᠵᠤ᠂ 4 ᠳ᠋ᠤᠭᠡᠷ ᠰᠠᠷ᠎ᠠ ᠠᠴᠠ 9 ᠳ᠋ᠤᠭᠡᠷ ᠰᠠᠷ᠎ᠠ ᠭᠦᠷᠳᠡᠯᠡᠭᠢ ᠲᠤᠯᠠᠭᠠᠨ ᠤ ᠭᠡᠮᠵᠢᠶ᠎ᠠ ᠨᠢ 5℃ | ᠠᠴᠠ ᠲᠡᠭᠡᠭᠰᠢ ᠪᠦᠭᠦᠢ ᠪᠦᠳᠦᠮᠵᠢᠳᠡᠢ ᠬᠤᠷᠠᠮᠳᠤᠭᠤᠯᠭ᠎ᠠ ᠲᠤᠯᠠᠭᠠᠨ ᠨᠢ 1800℃ ᠠᠴᠠ ᠲᠡᠭᠡᠭᠰᠢ ᠪᠠᠶᠢᠬᠤ ᠭᠡᠷᠡᠭᠳᠡᠢ᠃ | 2. ᠢᠳᠡᠭᠡᠨ ᠤ ᠨᠠᠷᠠᠨ ᠬᠤᠸᠠᠷ ᠢ ᠲᠠᠷᠢᠬᠤ ᠳᠤ ᠶᠠᠮᠠᠷ ᠭᠦᠷᠦᠰᠤ ᠰᠢᠷᠤᠢ ᠶᠢᠨ ᠨᠦᠭᠦᠴᠡᠯ ᠢ ᠱᠠᠭᠠᠷᠳᠠᠳᠠᠭ ᠪᠤᠢ︖ | ᠭᠦᠷᠦᠰᠤ ᠰᠢᠷᠤᠢ ᠶᠢᠨ ᠨᠦᠭᠦᠴᠡᠯ ᠨᠢ ᠭᠡᠪᠡᠯ ᠭᠦᠷᠤᠰᠤ ᠰᠢᠷᠤᠢ ᠨᠢ ᠰᠦᠪᠡᠷᠭᠡᠭ ᠪᠦᠭᠡᠳ ᠰᠠᠪᠰᠡᠭᠡᠷ ᠪᠤᠶᠤ ᠡᠯᠡᠰᠦᠷᠭᠡᠭ ᠰᠢᠷᠤᠢ ᠲᠠᠢ | ᠪᠠᠶᠢᠵᠤ᠂ pH ᠭᠦᠴᠢᠯ ᠤᠨ ᠭᠡᠮᠵᠢᠶ᠎ᠠ ᠨᠢ 7.5 ~ 8 ᠪᠠᠶᠢᠪᠠᠯ ᠲᠤᠭᠢᠷᠠᠮᠵᠢᠳᠡᠢ ᠶᠤᠮ᠃ ᠪᠤᠷᠳᠤᠭᠤᠷ ᠢᠶᠠᠷ ᠲᠤᠮᠳᠠ ᠵᠡᠷᠭᠡ ᠪᠠᠶᠢᠵᠤ᠂ ᠲᠠᠪᠳᠠᠵᠤ | ᠤᠠᠠᠳᠤᠨ ᠲᠠᠷᠢᠬᠤ ᠶᠢ ᠴᠡᠭᠡᠷᠯᠡᠨ᠎ᠡ᠃ ᠠᠯᠢ ᠴᠦᠭᠡᠨ ᠳᠡᠭᠡᠨ ᠭᠤᠷᠪᠡᠨ ᠵᠢᠯ ᠡᠭᠡᠯᠵᠢᠯᠡᠨ ᠲᠠᠷᠢᠬᠤ ᠶᠢ ᠱᠠᠭᠠᠷᠳᠠᠨ᠎ᠠ᠃ | 3. ᠢᠳᠡᠭᠡᠨ ᠤ ᠨᠠᠷᠠᠨ ᠬᠤᠸᠠᠷ ᠲᠠᠷᠢᠬᠤ ᠳᠤ ᠶᠠᠮᠠᠷ ᠤᠰᠤᠯᠠᠯᠳᠠ ᠶᠢᠨ ᠨᠦᠭᠦᠴᠡᠯ ᠢ ᠱᠠᠭᠠᠷᠳᠠᠳᠠᠭ ᠪᠤᠢ︖ | ᠤᠰᠤᠯᠠᠯᠳᠠ ᠶᠢᠨ ᠨᠦᠭᠦᠴᠡᠯ ᠭᠡᠪᠡᠯ ᠭᠠᠵᠠᠷ ᠲᠠᠯᠠᠪᠠᠢ ᠨᠢ ᠲᠡᠭᠰᠢᠭᠡᠨ᠂ ᠤᠰᠤ ᠠᠷᠪᠢᠯᠠᠬᠤ ᠢᠨᠵᠧᠨᠧᠷᠢᠩ ᠲᠠᠢ ᠪᠠᠶᠢᠵᠤ᠂ ᠤᠰᠤ ᠵᠠᠯᠠᠵᠤ | ᠤᠰᠤᠯᠠᠬᠤ ᠶᠢ ᠲᠦᠭᠦᠷᠵᠢᠭᠦᠯᠦᠭᠰᠡᠨ ᠪᠠᠶᠢᠬᠤ ᠭᠡᠷᠡᠭᠳᠡᠢ᠃ | 4. ᠢᠳᠡᠭᠡᠨ ᠤ ᠨᠠᠷᠠᠨ ᠬᠤᠸᠠᠷ ᠲᠤ ᠶᠠᠮᠠᠷ ᠶᠠᠮᠠᠷ ᠰᠤᠷᠲ ᠪᠠᠶᠢᠳᠠᠭ ᠪᠤᠢ︖ | ᠵᠠᠬ᠎ᠠ ᠲᠡᠯᠭᠡᠭᠦᠷ ᠤᠨ ᠭᠡᠷᠡᠭᠴᠡᠭᠡ ᠶᠢ ᠦᠨᠳᠦᠰᠦᠯᠡᠨ ᠲᠤᠬᠠᠢ ᠶᠢᠨ ᠭᠠᠵᠠᠷ ᠤᠨ ᠤᠷᠴᠢᠨ ᠲᠤᠭᠤᠷᠢᠨ ᠤ ᠨᠦᠭᠦᠴᠡᠯ ᠳᠤ ᠲᠤᠭᠢᠷᠠᠬᠤ ᠴᠢᠨᠠᠷ | ᠰᠠᠶᠢᠳᠠᠢ᠂ ᠦᠨᠳᠤᠷ ᠬᠤᠷᠢᠶᠠᠯᠳᠠ ᠲᠠᠢ ᠰᠤᠷᠲ ᠢ ᠰᠤᠩᠭᠤᠬᠤ ᠭᠡᠷᠡᠭᠳᠡᠢ᠂ ᠵᠢᠱᠢᠶᠡᠯᠡᠪᠯ ᠰᠢᠩ ᠾᠦᠸᠧ ︵星火︶ ᠨᠠᠷᠠᠨ ᠬᠤᠸᠠᠷ᠂ ᠭᠸᠡᠭ | ᠰᠤ᠋ ︵垦苏︶ ᠨᠠᠷᠠᠨ ᠬᠤᠸᠠᠷ᠂ DK119 ᠵᠡᠷᠭᠡ ᠰᠤᠷᠲ ᠤᠳ ᠪᠠᠶᠢᠨ᠎ᠠ᠃ | 5. ᠦᠷ᠎ᠡ ᠶᠢᠨ ᠶᠠᠰᠤ ᠴᠢᠨᠠᠷ ᠤᠨ ᠲᠠᠯ᠎ᠠ ᠪᠠᠷ ᠶᠠᠮᠠᠷ ᠱᠠᠭᠠᠷᠳᠠᠯᠭ᠎ᠠ ᠪᠠᠶᠢᠬᠤ ᠪᠤᠢ︖ | ᠦᠷ᠎ᠠ ᠶᠢᠨ ᠶᠠᠰᠤ ᠴᠢᠨᠠᠷ ᠤᠨ ᠱᠠᠭᠠᠷᠳᠠᠯᠭ᠎ᠠ ᠨᠢ ᠭᠡᠪᠡᠯ ᠶᠠᠷᠤ ᠶᠢᠨ ᠦᠷ᠎ᠡ ᠶᠢᠨ ᠴᠤᠯᠤᠴᠢ ᠨᠢ 96%᠂ ᠴᠠᠪᠡᠷᠴᠡ ᠨᠢ 97%᠂ | ᠰᠤᠶᠤᠭᠠᠯᠠᠬᠤ ᠨᠤᠷᠮ᠎ᠠ ᠨᠢ 85%᠂ ᠤᠰᠤᠨ ᠤ ᠭᠡᠮᠵᠢᠶ᠎ᠠ ᠨᠢ 12% ᠠᠴᠠ ᠭᠡᠳᠦᠷᠡᠭᠦ ᠦᠭᠡᠢ ᠪᠠᠶᠢᠬᠤ ᠶᠢ ᠱᠠᠭᠠᠷᠳᠠᠨ᠎ᠠ᠃ | 6. ᠲᠠᠷᠢᠬᠤ ᠠᠴᠠ ᠪᠠᠨ ᠡᠮᠦᠨ᠎ᠠ ᠦᠷ᠎ᠡ ᠶᠢ ᠶᠠᠭᠠᠭᠢᠵᠤ ᠰᠢᠢᠳᠪᠤᠷᠢᠯᠡᠭᠦ ᠪᠤᠢ︖ | ᠭᠦᠷᠦᠰᠤᠨ ᠲᠤᠤᠷᠠᠭᠢ ᠭᠦᠨᠦᠭᠡᠯᠳᠤ ᠬᠤᠷᠤᠬᠠᠢ ᠶᠢ ᠰᠡᠷᠭᠡᠶᠢᠯᠡᠭᠦ ᠶᠢᠨ ᠲᠤᠯᠠᠳᠠ᠂ 48% ᠶᠢᠨ ᠯᠧ ᠰᠧ ᠪᠧᠨ ︵乐斯本︶ | ᠲᠤᠰᠤᠨ ᠡᠮ ᠤᠨ 100 ᠮᠢᠯᠢᠯᠢᠲᠷ ᠲᠤ 40 ~ 50 ᠺᠢᠯᠤᠭ᠍ᠷᠡᠮ ᠤᠰᠤ ᠬᠤᠯᠢᠵᠤ᠂ ᠦᠷ᠎ᠡ ᠪᠠᠨ 12 ᠴᠠᠭ ᠲᠠᠪᠳᠦᠭᠡᠵᠤ᠂ ᠲᠠᠭᠢᠨ ᠱᠦᠭᠦᠨ | ᠭᠠᠷᠭᠠᠵᠤ ᠰᠡᠷᠡᠭᠦᠨ ᠭᠠᠵᠠᠷ ᠡᠭᠰᠢᠭᠡᠵᠤ ᠲᠤᠯᠤᠭᠠᠨ ᠬᠤᠪᠢ ᠨᠢ ᠬᠠᠳᠠᠪᠠᠯ ᠲᠠᠷᠤᠢ ᠲᠠᠷᠢᠬᠤ ᠪᠤᠶᠤ 14 ᠨᠤᠮᠧᠷᠳᠤ ᠵᠦᠡᠭ ᠢ ᠵᠢᠢ ︵种衣剂︶ | ᠡᠮ ᠢᠶᠠᠷ ᠦᠷ᠎ᠡ ᠪᠤᠭᠤᠭᠠᠳ ᠭᠡᠷᠡᠭᠯᠡᠵᠤ ᠪᠤᠯᠤᠨ᠎ᠠ᠃ | 7. ᠲᠠᠷᠢᠬᠤ ᠭᠠᠵᠠᠷ ᠲᠠᠯᠠᠪᠠᠢ ᠶᠢ ᠶᠠᠭᠠᠭᠢᠵᠤ ᠲᠡᠭᠰᠢᠯᠡᠭᠦ ᠪᠤᠢ︖ | ᠨᠠᠮᠤᠷ ᠨᠢ 18 ~ 24 ᠰᠠᠠᠲ᠋ᠢᠮᠧᠲᠷ ᠭᠦᠨ ᠬᠠᠭᠠᠯᠪᠤᠷᠢᠯᠠᠵᠤ᠂ ᠭᠤᠷᠪᠡᠨ ᠵᠢᠯ ᠠᠯᠤᠰᠯᠠᠬᠤ ᠪᠦᠷᠢ ᠨᠢᠭᠡ ᠤᠳᠠᠭ᠎ᠠ ᠭᠦᠨ ᠰᠤᠯᠠᠷᠠᠭᠤᠯᠵᠤ᠂ | ᠠᠠᠵᠢᠰᠤᠨ ᠬᠤᠰᠢᠭᠤᠨ ᠤ ᠲᠤᠤᠷᠠᠭᠢ ᠲᠠᠪᠬᠤᠷᠭ᠎ᠠ ᠶᠢᠨ ᠭᠦᠷᠤᠰᠤ ᠶᠢ ᠰᠤᠯᠠᠷᠠᠭᠤᠯᠤᠨ᠎ᠠ᠃ ᠨᠠᠮᠤᠷ ᠰᠠᠶᠢᠳᠤᠷ ᠤᠰᠤᠯᠬᠠᠰᠠᠨ ᠤ ᠰᠠᠭᠤᠷᠢᠨ ᠲᠡᠭᠡᠷ᠎ᠡ | ᠬᠠᠪᠤᠷ ᠡᠷᠳᠡ ᠨᠠᠷᠬᠠᠳᠠᠨ ᠲᠡᠭᠰᠢᠯᠡᠵᠤ᠂ ᠭᠦᠷᠦᠰᠤ ᠰᠢᠷᠤᠢ ᠨᠢ ᠲᠡᠭᠰᠢᠭᠡᠨ᠂ ᠰᠤᠯᠠᠷᠬᠠᠭ᠂ ᠨᠠᠷᠢᠯᠢᠭ᠂ ᠵᠦᠭᠡᠯᠡᠨ ᠪᠠᠶᠢᠬᠤ ᠪᠠ ᠴᠢᠭᠢᠭᠳᠡᠢ ᠪᠠᠶᠢᠬᠤ ᠶᠢ | ᠱᠠᠭᠠᠷᠳᠠᠨ᠎ᠠ᠃ | 8. ᠪᠤᠷᠳᠤᠭᠤᠷ ᠶᠠᠭᠠᠭᠢᠵᠤ ᠤᠷᠤᠭᠤᠯᠬᠤ ᠪᠤᠢ︖ | ᠨᠠᠮᠤᠷ ᠤᠨ ᠤᠷᠪᠠᠭᠤᠯᠤᠯᠳᠠ ᠲᠠᠢ ᠤᠶᠠᠯᠳᠤᠭᠤᠯᠤᠨ ᠮᠤ᠋ ᠪᠦᠷᠢ ᠢᠯᠵᠢᠷᠠᠮᠠᠯ ᠤᠷᠭᠠᠨᠢᠭ ᠪᠤᠷᠳᠤᠭᠤᠷ ᠢ 2500 ~ 3000 ᠺᠢᠯᠤᠭ᠍ᠷᠡᠮ | ᠤᠷᠤᠭᠤᠯᠵᠤ᠂ ᠲᠠᠷᠢᠬᠤ ᠠᠴᠠ ᠪᠠᠨ ᠡᠮᠦᠨ᠎ᠠ ᠹᠤᠰᠹᠤᠷ ᠭᠦᠴᠢᠯ ᠤᠨ ᠬᠤᠶᠠᠷᠴᠢ ᠠᠮᠮᠤᠨᠢ ᠶᠢ 7 ~ 10 ᠺᠢᠯᠤᠭ᠍ᠷᠡᠮ ᠭᠦᠨ ᠤᠷᠤᠭᠤᠯᠤᠨ᠎ᠠ᠃ | 9. ᠶᠠᠮᠠᠷ ᠴᠠᠭ ᠦᠶ᠎ᠠ ᠳᠤ ᠲᠠᠷᠢᠬᠤ ᠪᠤᠢ︖ | ᠶᠠᠷᠤ ᠶᠢᠨ ᠵᠢᠯ ᠳᠤ ᠪᠤᠯ ᠶᠠᠷᠦᠩᠭᠡᠢ ᠳᠡᠭᠡᠨ 4 ᠳ᠋ᠤᠭᠡᠷ ᠰᠠᠷ᠎ᠠ ᠶᠢᠨ 15 ~ 25 ᠤ ᠡᠳᠤᠷ ᠤᠨ ᠬᠤᠭᠤᠷᠤᠨᠳᠤ ᠲᠠᠷᠢᠨ᠎ᠠ᠃ | 10. ᠶᠠᠮᠠᠷ ᠭᠡᠯᠪᠡᠷᠢ ᠪᠠᠷ ᠲᠠᠷᠢᠬᠤ ᠪᠤᠢ︖ | ᠦᠷᠭᠡᠨ ᠨᠠᠷᠢᠨ ᠮᠦᠷ ᠢᠶᠠᠷ ᠲᠠᠷᠢᠨ᠎ᠠ᠃ ᠤᠨᠠᠯᠳᠠ ᠶᠢᠨ ᠭᠡᠯᠪᠡᠷᠢ ᠶᠢᠨ ᠬᠢ ᠪᠤᠯ ᠦᠷᠭᠡᠨ ᠮᠦᠷ ᠢ 80 ᠰᠠᠠᠲ᠋ᠢᠮᠧᠲᠷ᠂ ᠨᠠᠷᠢᠨ ᠮᠦᠷ ᠢ | 40 ᠰᠠᠠᠲ᠋ᠢᠮᠧᠲᠷ᠂ ᠰᠠᠭᠤᠷᠢ ᠶᠢᠨ ᠵᠠᠢ ᠶᠢ 40 ᠰᠠᠠᠲ᠋ᠢᠮᠧᠲᠷ ᠪᠠᠶᠢᠯᠭᠠᠵᠤ᠂ ᠮᠤ᠋ ᠪᠦᠷᠢ 2700 ᠴᠢᠭᠢ ᠰᠠᠭᠤᠯᠭᠠᠨ᠎ᠠ᠃ ᠲᠠᠸᠠᠷ ᠤᠨ ᠭᠡᠯᠪᠡᠷᠢ | ᠶᠢᠨ ᠬᠢ ᠪᠤᠯ ᠦᠷᠭᠡᠨ ᠮᠦᠷ ᠢ 100 ᠰᠠᠠᠲ᠋ᠢᠮᠧᠲᠷ᠂ ᠨᠠᠷᠢᠨ ᠮᠦᠷ ᠢ 46.7 ᠰᠠᠠᠲ᠋ᠢᠮᠧᠲᠷ᠂ ᠰᠠᠭᠤᠷᠢ ᠶᠢᠨ ᠵᠠᠢ ᠶᠢ 50 ᠰᠠᠠᠲ᠋ᠢᠮᠧᠲᠷ | ᠪᠠᠶᠢᠯᠭᠠᠵᠤ᠂ ᠮᠤ᠋ ᠪᠦᠷᠢ 1800 ᠴᠢᠭᠢ ᠰᠠᠭᠤᠯᠭᠠᠨ᠎ᠠ᠃ | 11. ᠶᠠᠮᠠᠷ ᠠᠷᠭ᠎ᠠ ᠪᠠᠷ ᠲᠠᠷᠢᠬᠤ ᠪᠤᠢ︖ | ᠮᠠᠰᠢᠨ ᠢᠶᠠᠷ ᠭᠤᠤ ᠭᠠᠷᠭᠠᠵᠤ᠂ ᠭᠦᠮᠦᠨ ᠤ ᠭᠦᠴᠤ ᠪᠠᠷ ᠵᠠᠶᠢᠴᠢᠯᠠᠨ ᠴᠤᠨᠤᠠᠠᠯᠠᠨ ᠲᠠᠷᠢᠵᠤ᠂ ᠴᠤᠨᠤᠭ ᠪᠦᠷ 2 ~ 3 ᠮᠦᠭᠦᠯᠢᠭ | ᠬᠠᠶᠠᠵᠤ᠂ ᠮᠤ᠋ ᠪᠦᠷᠢ 0.75 ᠺᠢᠯᠤᠭ᠍ᠷᠡᠮ ᠤᠨ ᠭᠡᠮᠵᠢᠶ᠎ᠠ ᠪᠠᠷ ᠲᠠᠷᠢᠨ᠎ᠠ᠃ ᠮᠠᠰᠢᠨ ᠢᠶᠠᠷ ᠲᠠᠷᠢᠬᠤ ᠳᠤ ᠮᠤ᠋ ᠪᠦᠷᠢ 1 ᠺᠢᠯᠤᠭ᠍ᠷᠡᠮ ᠲᠠᠷᠢᠨ᠎ᠠ᠂ | ᠭᠦᠷᠤᠰᠤ ᠰᠢᠷᠤᠢ ᠶᠢᠨ ᠴᠢᠭᠢᠭ ᠪᠠ ᠲᠦᠷᠦᠯ ᠵᠤᠶᠢᠯ ᠤᠨ ᠠᠳᠠᠯᠢ ᠦᠭᠡᠢ ᠪᠠᠶᠢᠳᠠᠯ ᠢ ᠦᠨᠳᠦᠰᠦᠯᠡᠵᠤ᠂ ᠶᠠᠷᠤᠩᠭᠡᠢ ᠳᠡᠭᠡᠨ 3 ~ 4 ᠰᠠᠠᠲ᠋ᠢᠮᠧᠲᠷ | ᠭᠦᠨ ᠲᠠᠷᠢᠨ᠎ᠠ᠃ | 12. ᠪᠦᠷᠭᠦᠭᠦᠯ ᠢ ᠶᠠᠭᠠᠭᠢᠵᠤ ᠪᠦᠳᠡᠭᠡᠭᠦ ᠪᠤᠢ︖ | ᠡᠭᠦᠨ ᠳᠤ ᠬᠤᠶᠠᠷ ᠵᠤᠶᠢᠯ ᠤᠨ ᠠᠷᠭ᠎ᠠ ᠪᠠᠶᠢᠨ᠎ᠠ᠃ ᠨᠢᠭᠡ ᠨᠢ ᠤᠷᠢᠳᠠᠪᠠᠷ ᠲᠠᠷᠢᠵᠤ ᠲᠠᠷᠠᠭᠠᠪᠠᠷ ᠨᠢ ᠪᠦᠷᠭᠦᠨ᠎ᠠ᠂ ᠲᠠᠷᠤᠢ ᠲᠠᠷᠢᠠᠠᠰᠠᠨ ᠤ | ᠪᠠᠨ ᠲᠠᠷᠠᠭ᠎ᠠ ᠴᠠᠭ ᠲᠠᠷᠤᠢ ᠳᠤᠨᠢ ᠪᠦᠷᠭᠦᠭᠦᠯ ᠢᠶᠠᠨ ᠪᠦᠷᠭᠦᠭᠡᠨᠠ᠃ ᠨᠦᠭᠦᠭᠡ ᠨᠢ ᠤᠷᠢᠳᠠᠪᠠᠷ ᠪᠦᠷᠬᠦᠵᠤ ᠲᠠᠷᠠᠭᠠᠪᠠᠷ ᠨᠢ ᠲᠠᠷᠢᠨ᠎ᠠ᠃ ᠲᠠᠷᠤᠢ | ᠲᠠᠷᠢᠬᠤ ᠠᠴᠠ ᠪᠠᠨ 6 ~ 8 ᠡᠳᠤᠷ ᠤᠨ ᠡᠮᠦᠨ᠎ᠠ ᠪᠦᠷᠭᠦᠭᠦᠯ ᠢᠶᠠᠨ ᠪᠦᠳᠡᠭᠡᠨᠠ᠃ ᠲᠡᠭᠡᠷ᠎ᠡ ᠲᠤᠷᠠᠳᠤᠠᠠᠰᠠᠨ ᠬᠤᠶᠠᠷ ᠵᠤᠶᠢᠯ ᠤᠨ ᠪᠦᠳᠡᠭᠡᠬᠦ | ᠠᠷᠭ᠎ᠠ ᠪᠤᠯ ᠨᠠᠷᠢᠨ ᠮᠦᠷ ᠤᠨ ᠲᠡᠭᠡᠭᠦᠷ ᠪᠦᠷᠭᠦᠭᠦᠯ ᠢᠶᠠᠨ ᠴᠢᠩᠭ᠎ᠠ᠂ ᠲᠡᠭᠰᠢᠭᠡᠨ ᠨᠢᠠᠠᠳᠠ ᠲᠠᠳᠠᠵᠤ᠂ ᠴᠢᠩᠭ᠎ᠠ ᠲᠠᠷᠤᠵᠤ᠂ ᠵᠠᠢ ᠰᠠᠪ ᠦᠭᠡᠢ | ᠪᠠᠶᠢᠯᠭᠠᠨ᠎ᠠ᠃ ᠪᠦᠷᠭᠦᠭᠦᠯ ᠤᠨ ᠦᠷᠭᠡᠨ ᠡᠩ ᠨᠢ 70 ᠰᠠᠠᠲ᠋ᠢᠮᠧᠲᠷ᠂ ᠵᠤᠵᠠᠭᠠᠨ ᠨᠢ 0.006 ᠮᠢᠯᠢᠮᠧᠲᠷ ~ 0.008 ᠮᠢᠯᠢᠮᠧᠲᠷ ᠤᠨ | ᠪᠦᠷᠬᠦᠬᠦᠯ ᠪᠠᠶᠢᠬᠤ ᠭᠡᠷᠡᠭᠳᠡᠢ᠃ | 13. ᠪᠦᠷᠭᠦᠭᠦᠯ ᠢ ᠶᠠᠭᠠᠭᠢᠵᠤ ᠲᠠᠷᠤᠬᠤ ᠪᠤᠢ︖ ᠴᠢᠭᠢ ᠶᠢ ᠶᠠᠭᠠᠭᠢᠵᠤ ᠴᠢᠭᠢᠯᠡᠭᠦᠯᠭᠦ ᠪᠤᠢ︖ | ᠲᠠᠷᠢᠶᠠᠨ ᠭᠠᠵᠠᠷ ᠪᠦᠷᠬᠦᠬᠦ ᠪᠠᠨ ᠦᠷᠭᠦᠯᠵᠢ ᠪᠠᠶᠢᠴᠠᠭᠠᠵᠤ᠂ ᠪᠦᠷᠭᠦᠭᠦᠯ ᠨᠢ ᠡᠯᠡᠭᠳᠡᠵᠤ ᠴᠤᠭᠤᠷᠬᠠᠰᠠᠨ ᠪᠠ ᠰᠤᠯᠠᠷᠬᠠᠰᠠᠨ ᠪᠠᠶᠢᠬᠤ ᠶᠢ | ᠤᠯᠵᠤ ᠮᠡᠳᠡᠪᠡᠯ ᠲᠠᠷᠤᠶᠢᠬᠠᠨ ᠰᠢᠷᠤᠢ ᠪᠠᠷ ᠴᠢᠩᠭ᠎ᠠ ᠲᠠᠷᠤᠬᠤ ᠭᠡᠷᠡᠭᠳᠡᠢ᠃ ᠤᠷᠢᠳᠠᠪᠠᠷ ᠲᠠᠷᠢᠵᠤ ᠲᠠᠷᠠᠭ᠎ᠠ ᠪᠠᠷ ᠨᠢ ᠪᠦᠷᠡᠭᠦ ᠠᠷᠭ᠎ᠠ ᠶᠢ ᠭᠡᠷᠡᠭᠯᠡᠭᠰᠡᠨ | ᠪᠤᠯ ᠲᠠᠷᠤᠶᠢᠬᠠᠨ ᠴᠢᠭᠢ ᠰᠤᠯᠠᠯᠠᠬᠤ ᠭᠡᠷᠡᠭᠳᠡᠢ᠃ ᠦᠭᠡᠷ᠎ᠡ ᠪᠠᠷ ᠭᠡᠯᠡᠪᠡᠯ ᠴᠢᠭᠢ ᠨᠢ ᠪᠦᠷᠭᠦᠭᠦᠯ ᠳᠤ ᠲᠤᠯᠬᠤ ᠠᠴᠠ ᠡᠮᠦᠨ᠎ᠠ ᠰᠤᠯᠠᠯᠠᠪᠠᠯ ᠲᠤᠭᠢᠷᠠᠮᠵᠢᠳᠡᠢ | ᠂ ᠴᠢᠭᠢ ᠪᠠᠨ ᠦᠳᠡ ᠶᠢᠨ ᠬᠤᠶᠢᠨᠠᠭᠢ 4 ᠴᠠᠭ ᠠᠴᠠ ᠬᠤᠶᠢᠨ᠎ᠠ ᠰᠤᠯᠠᠯᠠᠵᠤ᠂ ᠴᠢᠭᠢ ᠰᠤᠯᠠᠯᠬᠠᠰᠠᠨ ᠨᠦᠭᠡᠨ ᠤ ᠲᠦᠷᠪᠡᠨ ᠲᠠᠯ᠎ᠠ ᠶᠢ ᠰᠢᠷᠤᠢ ᠪᠠᠷ | ᠨᠢᠠᠠᠳᠠ ᠲᠠᠷᠤᠬᠤ ᠭᠡᠷᠡᠭᠳᠡᠢ᠃ ᠤᠷᠢᠳᠠᠪᠠᠷ ᠪᠦᠷᠬᠦᠵᠤ ᠲᠠᠷᠠᠭᠠᠪᠠᠷ ᠨᠢ ᠲᠠᠷᠢᠬᠤ ᠠᠷᠭ᠎ᠠ ᠶᠢ ᠭᠡᠷᠡᠭᠯᠡᠭᠰᠡᠨ ᠪᠤᠯ ᠰᠢᠷᠤᠢ ᠪᠠᠷ ᠬᠤᠴᠢᠭᠰᠠᠨ ᠪᠠᠶᠢᠳᠠᠯ ᠢ | ᠪᠠᠶᠢᠡᠭᠭᠤ ᠪᠠᠶᠢᠴᠠᠭᠠᠵᠤ᠂ ᠪᠤᠷᠤᠭᠠᠨ ᠤ ᠰᠡᠭᠦᠯᠡᠷ ᠬᠠᠳᠠᠭᠤᠷᠬᠠᠰᠠᠨ ᠲᠠᠪᠬᠤᠷᠭ᠎ᠠ ᠢ ᠴᠠᠭ ᠲᠠᠷᠤᠢ ᠳᠤᠨᠢ ᠭᠡᠮᠭᠡᠯᠵᠤ᠂ ᠴᠢᠭᠢ ᠲᠤᠯᠬᠤ ᠠᠴᠠ | ᠰᠡᠷᠭᠡᠶᠢᠯᠡᠭᠦ ᠭᠡᠷᠡᠭᠳᠡᠢ᠃ | 14. ᠤᠷᠭᠤᠯᠳᠠ ᠶᠢᠨ ᠦᠶ᠎ᠠ ᠳᠤᠨᠢ ᠴᠢᠭᠢ ᠶᠢ ᠶᠠᠭᠠᠭᠢᠵᠤ ᠵᠠᠶᠢᠴᠢᠯᠡᠬᠤ ᠪᠠ ᠲᠤᠠᠠᠳᠠᠭᠠᠬᠤ ᠪᠤᠢ︖ | 2 ~4 ᠵᠢᠩᠭᠢᠨᠢ ᠨᠠᠪᠴᠢ ᠭᠠᠷᠬᠤ ᠦᠶ᠎ᠠ ᠳᠤ᠂ ᠴᠢᠭᠢ ᠶᠢ ᠢᠯᠭᠠᠵᠤ᠂ 4 ~ 6 ᠵᠢᠩᠭᠢᠨᠢ ᠨᠠᠪᠴᠢ ᠭᠠᠷᠬᠤ ᠦᠶ᠎ᠠ ᠳᠤᠨᠢ ᠴᠢᠭᠢ ᠶᠢ | ᠲᠤᠠᠠᠳᠠᠭᠠᠵᠤ᠂ ᠴᠤᠨᠤᠭ ᠪᠦᠷᠢ ᠨᠢᠭᠡ ᠰᠠᠭᠤᠷᠢ ᠦᠯᠡᠳᠡᠭᠡᠵᠤ᠂ ᠴᠢᠭᠢ ᠲᠤᠳᠠᠵᠤ ᠪᠠᠶᠢᠭ᠎ᠠ ᠭᠠᠵᠠᠷ ᠨᠢ ᠬᠤᠶᠠᠷ ᠴᠢᠭᠢ ᠦᠯᠡᠳᠡᠭᠡᠨ᠎ᠡ᠃ | 15. ᠶᠠᠭᠠᠭᠢᠵᠤ ᠠᠷᠴᠢᠬᠤ ᠪᠤᠢ︖ | ᠴᠢᠭᠢ ᠢᠯᠭᠠᠬᠤ ᠲᠠᠢ ᠤᠶᠠᠯᠳᠤᠭᠤᠯᠤᠨ ᠠᠩᠬ᠎ᠠ ᠤᠳᠠᠭ᠎ᠠ ᠠᠷᠴᠢᠵᠤ᠂ ᠴᠢᠭᠢ ᠲᠤᠠᠠᠳᠠᠭᠠᠬᠤ ᠲᠠᠢ ᠤᠶᠠᠯᠳᠤᠭᠤᠯᠤᠨ ᠬᠤᠶᠠᠷᠳᠡᠭᠢ ᠤᠳᠠᠭ᠎ᠠ | ᠠᠷᠴᠢᠵᠤ᠂ ᠴᠢᠭᠢ ᠨᠢ ᠨᠢᠭᠡ ᠲᠤᠬᠤᠢ ᠦᠨᠳᠤᠷ ᠤᠷᠭᠤᠬᠤ ᠦᠶ᠎ᠠ ᠳᠤ ᠦᠨᠳᠦᠰᠤᠨ ᠭᠡᠰᠡᠭ ᠲᠤᠨᠢ ᠰᠢᠷᠤᠢ ᠨᠡᠮᠡᠵᠤ᠂ ᠨᠠᠯᠤᠵᠤ ᠤᠨᠠᠬᠤ ᠠᠴᠠ | ᠰᠡᠷᠭᠡᠶᠢᠯᠡᠨ᠎ᠡ᠃ | 16. ᠶᠠᠭᠠᠭᠢᠵᠤ ᠤᠰᠤᠯᠠᠨ ᠪᠤᠷᠳᠤᠭᠤᠷ ᠤᠷᠤᠭᠤᠯᠬᠤ ᠪᠤᠢ︖ | ᠪᠦᠭᠦ ᠤᠷᠭᠤᠯᠳᠠ ᠶᠢᠨ ᠶᠠᠪᠤᠴᠠ ᠳᠤᠨᠢ ᠭᠤᠷᠪᠡ ᠤᠳᠠᠭ᠎ᠠ ᠤᠰᠤᠯᠠᠪᠠᠯ ᠲᠤᠭᠢᠷᠠᠮᠵᠢᠳᠡᠢ᠂ ᠲᠤᠬᠠᠶᠢᠯᠠᠪᠠᠯ ᠴᠢᠭᠢᠯᠡᠭᠡᠳ 30 ᠬᠤᠨᠤᠭ ᠪᠤᠯᠬᠤ | ᠳᠤ ᠠᠩᠬ᠎ᠠ ᠤᠳᠠᠭ᠎ᠠ ᠤᠰᠤᠯᠠᠵᠤ᠂ ᠴᠤᠮᠤᠷᠯᠢᠠᠠᠵᠢᠬᠤ ᠦᠶ᠎ᠠ ᠳᠤ ᠬᠤᠶᠠᠷᠳᠡᠭᠢ ᠤᠳᠠᠭ᠎ᠠ ᠤᠰᠤᠯᠠᠵᠤ᠂ ᠴᠡᠴᠡᠭ ᠲᠡᠯᠭᠡᠷᠡᠭᠦ ᠦᠶ᠎ᠠ ᠳᠤᠨᠢ ᠭᠤᠷᠪᠡᠳᠡᠭᠢ | ᠤᠳᠠᠭ᠎ᠠ ᠤᠰᠤᠯᠠᠨ᠎ᠠ᠂ ᠠᠩᠬ᠎ᠠ ᠤᠳᠠᠭ᠎ᠠ ᠤᠰᠤᠯᠠᠬᠤ ᠲᠠᠢ ᠤᠶᠠᠯᠳᠤᠭᠤᠯᠤᠨ 15 ~ 20 ᠺᠢᠯᠤᠭ᠍ᠷᠡᠮ ᠰᠢᠭᠡᠰᠦᠯᠢᠭ ᠡᠳ᠋ ᠨᠦᠭᠦᠨ ᠤᠷᠤᠭᠤᠯᠬᠤ | ᠪᠤᠶᠤ ᠬᠤᠶᠠᠷᠳᠡᠭᠢ ᠤᠰᠤᠯᠠᠯᠳᠠ ᠲᠠᠢ ᠤᠶᠠᠯᠳᠤᠭᠤᠯᠤᠨ 40 ~ 50 ᠺᠢᠯᠤᠭ᠍ᠷᠡᠮ ᠨᠡᠭᠦᠷᠡᠰᠤ ᠭᠦᠴᠢᠯ ᠤᠨ ᠤᠰᠤᠳᠦ᠋ᠷᠦᠭᠴᠢ ᠠᠮᠮᠤᠨᠢ ᠨᠦᠭᠦᠨ | ᠤᠷᠤᠭᠤᠯᠤᠨ᠎ᠠ᠃ | 17. ᠶᠠᠭᠠᠭᠢᠵᠤ ᠲᠤᠭᠤᠰᠤᠳᠠᠭᠤᠯᠬᠤ ᠪᠤᠢ︖ | ᠦᠷᠡᠯᠡᠭᠦ ᠨᠤᠷᠮ᠎ᠠ ᠶᠢ ᠨᠢ ᠲᠡᠭᠡᠭᠰᠢᠯᠡᠭᠦᠯᠭᠦ ᠶᠢᠨ ᠲᠤᠰᠠᠳᠠ᠂ ᠨᠠᠷᠠᠨ ᠬᠤᠸᠠᠷ ᠤᠨ ᠴᠡᠴᠡᠭ ᠨᠢ ᠪᠠᠳᠠᠷᠠᠨ ᠲᠡᠯᠭᠡᠷᠡᠭᠦ ᠦᠶ᠎ᠠ ᠳᠤ ᠭᠦᠮᠦᠨ ᠤ | ᠭᠦᠴᠤ ᠪᠠᠷ ᠲᠤᠭᠤᠰᠤᠳᠠᠭᠤᠯᠵᠤ᠂ ᠲᠤᠭᠤᠰᠤᠳᠠᠭᠤᠯᠤᠤᠷ ᠪᠤᠶᠤ ᠬᠤᠸᠠᠷ ᠤᠨ ᠲᠠᠪᠠᠭ ᠢ ᠬᠠᠷᠢᠯᠴᠠᠨ ᠬᠠᠷᠭᠤᠯᠳᠠᠭᠤᠯᠵᠤ᠂ 2 ~ 3 ᠡᠳᠤᠷ | ᠠᠯᠤᠰᠯᠠᠬᠤ ᠪᠦᠷᠢ ᠨᠢᠭᠡ ᠤᠳᠠᠭ᠎ᠠ ᠲᠡᠪᠳᠡᠵᠤ᠂ ᠨᠡᠶᠢᠳᠡ 2 ~ 3 ᠤᠳᠠᠭ᠎ᠠ ᠲᠤᠭᠤᠰᠤᠳᠠᠭᠤᠯᠤᠨᠠ᠃ ᠲᠤᠭᠤᠰᠤᠳᠠᠭᠤᠯᠬᠤ ᠳᠠᠭᠠᠨ ᠦᠳᠡ ᠶᠢᠨ | ᠡᠮᠦᠨᠡᠭᠢ 9 ~ 11 ᠴᠠᠭ᠂ ᠦᠳᠡ ᠶᠢᠨ ᠬᠤᠶᠢᠨᠡᠭᠢ 4 ~ 6 ᠴᠠᠭ ᠢ ᠰᠤᠩᠭᠤᠨ᠎ᠠ᠂ ᠪᠦᠷᠭᠦᠭ ᠪᠤᠷᠤᠭᠠᠨ ᠲᠠᠢ ᠡᠳᠤᠷ ᠲᠤᠭᠤᠰᠤᠳᠠᠭᠤᠯᠵᠤ | ᠪᠤᠯᠬᠤ ᠦᠭᠡᠢ᠃ | 18. ᠶᠠᠮᠠᠷ ᠭᠡᠮ ᠤᠨ ᠭᠦᠨᠦᠭᠡᠯ ᠪᠠᠶᠢᠬᠤ ᠪᠤᠢ︖ | ᠢᠳᠡᠭᠡᠨ ᠤ ᠨᠠᠷᠠᠨ ᠬᠤᠸᠠᠷ ᠤᠨ ᠭᠤᠤᠯ ᠭᠡᠮ ᠤᠨ ᠭᠦᠨᠦᠭᠡᠯ ᠨᠢ ᠭᠡᠪᠡᠯ ᠮᠦᠭᠦ ᠶᠢᠨ ᠪᠦᠭᠡᠮ ᠭᠡᠮ ᠪᠡ ᠵᠢᠪᠡᠷᠡᠭᠦ ᠭᠡᠮ ᠪᠤᠯᠤᠨ᠎ᠠ᠃ | 19. ᠭᠡᠮ ᠤᠨ ᠭᠦᠨᠦᠭᠡᠯ ᠢ ᠭᠡᠷᠭᠢᠨ ᠰᠡᠷᠭᠡᠶᠢᠯᠡᠭᠦ ᠪᠤᠢ︖ | ︵1︶ ᠮᠦᠭᠦ ᠶᠢᠨ ᠪᠦᠭᠡᠮ ᠭᠡᠮ ᠢ ᠰᠡᠷᠭᠡᠶᠢᠯᠡᠨ ᠵᠠᠰᠠᠬᠤ︔ ᠡᠭᠡᠯᠵᠢᠯᠡᠨ ᠲᠠᠷᠢᠬᠤ ᠰᠠᠭᠤᠷᠢᠨ ᠲᠡᠭᠡᠷ᠎ᠡ ᠮᠦᠭᠦ ᠶᠢᠨ ᠪᠦᠭᠡᠮ ᠭᠡᠮ | ᠡᠭᠦᠰᠦᠭᠰᠡᠨ ᠡᠭᠢᠨ ᠤ ᠦᠶ᠎ᠠ ︵ᠶᠠᠷᠦᠩᠭᠡᠢ ᠳᠡᠭᠡᠨ 6 ᠳ᠋ᠤᠭᠠᠷ ᠰᠠᠷ᠎ᠠ︶ ᠳᠤ ᠮᠤ᠋ ᠪᠦᠷᠢ 50% ᠶᠢᠨ ᠵᠢᠶᠦ᠋ᠨ ᠾᠧ ᠵᠢᠩ ︵菌核净︶ | ᠨᠤᠨᠳᠠᠭ ᠡᠮ ᠤᠨ 25 ᠭᠷᠡᠮ ᠳᠤ ᠤᠰᠤ ᠬᠤᠯᠢᠨ ᠰᠢᠩᠭᠡᠯᠡᠭᠡᠳ ᠭᠡᠮ ᠲᠠᠢ ᠭᠡᠰᠡᠭ ᠲᠤ ᠰᠦᠷᠴᠢᠨ᠎ᠠ᠃ | ︵2︶ ᠵᠢᠪᠡᠷᠡᠭᠦ ᠭᠡᠮ ᠢ ᠰᠡᠷᠭᠡᠶᠢᠯᠡᠨ ᠵᠠᠰᠠᠬᠤ᠄ ᠭᠡᠮ ᠡᠭᠦᠰᠦᠭᠰᠡᠨ ᠡᠭᠢᠨ ᠤ ᠦᠶ᠎ᠡ ᠳᠤ ᠮᠤ᠋ ᠪᠦᠷᠢ 50% ᠶᠢᠨ ᠹᠧᠨ ᠰᠢᠤ ᠨᠢᠩ ︵粉 | 绣宁︶ ᠨᠤᠠᠳᠠᠭ ᠡᠮ ᠤᠨ 75 ᠭᠷᠡᠮ ᠳᠤ 30 ᠺᠢᠯᠤᠭ᠍ᠷᠡᠮ ᠤᠰᠤ ᠬᠤᠯᠢᠵᠤ ᠰᠢᠩᠭᠡᠯᠡᠭᠡᠳ ᠰᠦᠷᠴᠢᠨ ᠰᠡᠷᠭᠡᠶᠢᠯᠡᠨ᠎ᠠ᠃ | 20. ᠶᠠᠮᠠᠷ ᠭᠡᠮᠵᠢᠶᠠᠨ ᠳᠤ ᠭᠦᠷᠳᠡᠯ᠎ᠠ ᠤᠷᠭᠤᠪᠠᠯ ᠲᠡᠭᠦᠵᠤ ᠬᠤᠷᠢᠶᠠᠬᠤ ᠪᠤᠢ︖ | ᠨᠡᠷᠡᠨ ᠬᠤᠸᠠᠷ ᠤᠨ ᠡᠰᠢ ᠨᠢ ᠰᠢᠷᠠᠯᠠᠵᠤ᠂ ᠲᠤᠮᠳᠠ ᠠᠴᠠ ᠲᠡᠭᠡᠭᠦᠷᠭᠢ ᠭᠡᠰᠡᠭ ᠤᠨ ᠨᠠᠪᠴᠢ ᠨᠢ ᠰᠢᠷᠭᠠᠯᠳᠤᠵᠤ᠂ ᠬᠤᠸᠠᠷ ᠤᠨ ᠲᠠᠪᠠᠭ ᠤᠨ | ᠠᠷᠤ ᠲᠠᠯ᠎ᠠ ᠨᠢ ᠰᠢᠷ᠎ᠠ ᠭᠦᠷᠡᠩ ᠪᠤᠯᠵᠤ᠂ ᠭᠡᠯᠡᠨ ᠭᠡᠯᠪᠡᠷᠢᠳᠤ ᠴᠡᠴᠡᠭ ᠨᠢ ᠬᠠᠳᠠᠬᠤ ᠪᠤᠶᠤ ᠵᠤᠯᠭᠠᠷᠠᠵᠤ᠂ ᠵᠢᠮᠢᠰ ᠤᠨ ᠬᠠᠯᠢᠰᠤ ᠨᠢ ᠬᠠᠳᠠᠭᠤᠷᠠᠬᠤ | ᠦᠶᠡᠰ ᠬᠤᠷᠢᠶᠠᠵᠤ ᠪᠤᠯᠤᠨ᠎ᠠ᠃ | 21. ᠭᠡᠷᠭᠢᠨ ᠮᠦᠯᠢᠭᠦ ᠪᠤᠢ︖ | ᠬᠤᠷᠢᠶ᠋ᠬᠠᠰᠠᠨ ᠤ ᠪᠠᠨ ᠲᠠᠷᠠᠭ᠎ᠠ ᠲᠠᠷᠤᠶᠢᠬᠠᠨ ᠲᠡᠯᠭᠡᠨ ᠬᠠᠳᠠᠭᠠᠵᠤ᠂ ᠲᠤᠩᠭᠠᠯᠠᠭ ᠡᠳᠤᠷ 2 ~ 3 ᠡᠳᠤᠷ ᠬᠠᠳᠠᠭᠠᠠᠠᠰᠠᠨ ᠤ ᠰᠡᠭᠦᠯᠡᠷ | ᠮᠦᠭᠦᠯᠢᠭ ᠢ ᠭᠦᠮᠦᠨ ᠤ ᠭᠦᠴᠤ ᠪᠡ ᠮᠠᠰᠢᠨ ᠢᠶᠠᠷ ᠮᠦᠯᠢᠵᠤ ᠠᠪᠬᠤ ᠭᠡᠷᠡᠭᠳᠡᠢ᠂ ᠠᠩᠬ᠎ᠠ ᠮᠦᠯᠢᠭᠰᠡᠨ ᠦᠷ᠎ᠡ ᠮᠦᠭᠦᠯᠢᠭ ᠨᠢ ᠨᠤᠶᠢᠳᠠᠨ ᠪᠠᠶᠢᠳᠠᠭ | ᠪᠤᠯᠬᠤᠷ ᠲᠠᠷᠤᠶᠢᠬᠠᠨ ᠲᠡᠯᠭᠡᠨ ᠬᠠᠳᠠᠭᠠᠭᠠᠵᠤ᠂ ᠤᠰᠤᠨ ᠤ ᠭᠡᠮᠵᠢᠶ᠎ᠠ ᠨᠢ 12% ᠠᠴᠠ ᠲᠤᠷᠤᠠᠠᠰᠢ ᠪᠠᠭᠤᠷᠠᠬᠤ ᠦᠶᠡᠰ ᠲᠠᠷᠤᠶᠢᠬᠠᠨ ᠪᠤᠭᠤᠳᠠᠯᠯᠠᠬᠤ | ᠭᠡᠷᠡᠭᠳᠡᠢ᠃ |