ᠮᠤᠩᠭᠤᠯᠴᠤᠳ ᠤᠨ ᠬᠤᠪᠢ ᠦᠯᠡᠳᠡᠭᠡᠬᠦ ᠶᠤᠰᠤᠨ
ᠵᠣᠬᠢᠶᠠᠭᠴᠢ᠄ 
            ᠮᠤᠩᠭᠤᠯᠴᠤᠳ ᠤᠨ ᠬᠤᠪᠢ ᠦᠯᠡᠳᠡᠭᠡᠬᠦ ᠶᠤᠰᠤᠨ       ᠮᠤᠩᠭᠤᠴᠤᠳ ᠡᠷᠳᠡᠨ ᠠᠴᠠ ᠪᠠᠨ ᠬᠤᠪᠢ ᠦᠯᠡᠳᠡᠭᠡᠬᠦ ᠵᠠᠩ ᠵᠠᠩᠰᠢᠯ ᠢ ᠬᠠᠳᠠᠭᠠᠯᠠᠨ ᠠᠪᠴᠤ᠂ ᠶᠤᠰᠤ ᠨᠤᠮ ᠲᠠᠢ ᠬᠦᠷᠦᠩᠭᠡᠰᠢᠭᠰᠡᠨ ᠶᠠᠰᠤᠳᠠᠨ ᠪᠢᠯᠨ᠃ ᠡᠨᠡ ᠪᠤᠯ ᠮᠤᠩᠭᠤᠯᠴᠤᠳ ᠤᠨ ᠢᠵᠠᠭᠤᠷ ᠰᠤᠶᠤᠯ ᠪᠠᠶᠢᠵᠤ ᠲᠠᠭᠠᠷᠠᠨ᠎ᠠ᠃       ᠮᠤᠩᠭᠤᠯ ᠤᠨ ᠠᠯᠢ ᠨᠢᠭᠡᠨ ᠠᠶᠢᠯ ᠭᠡᠷ ᠤᠨ ᠬᠢᠨᠢ ᠠᠯᠢ ᠨᠢᠭᠡᠨ ᠤᠳᠠᠭ᠎ᠠ ᠶᠠᠮᠠᠷ ᠨᠢᠭᠡᠨ ᠠᠮᠳᠠᠳᠠᠢ ᠰᠢᠮᠳᠠᠢ᠂ ᠬᠤᠪᠤᠷ ᠴᠤᠬᠠᠭ ᠶᠠᠭᠤᠮᠠᠰ ᠢᠳᠡᠬᠦ ᠳᠡᠭᠡᠨ ᠠᠯᠢ ᠨᠢᠭᠡᠨ ᠭᠡᠰᠢᠭᠦᠨ   ᠨᠢ ᠪᠠᠶᠢᠭᠰᠠᠨ ᠦᠭᠡᠢ   ᠪᠣᠯ᠂ ᠲᠡᠭᠦᠨ ᠳᠡᠭᠡᠨ ᠬᠤᠪᠢ ᠢᠳᠡᠭᠡ ᠦᠯᠡᠳᠡᠭᠡᠵᠤ᠂ ︽  ᠬᠤᠪᠢ︾ ᠪᠤᠶᠤ ︽  ᠬᠡᠰᠢᠭ︾ ᠭᠡᠵᠤ ᠢᠳᠡᠭᠡ ᠤᠮᠳᠠᠭ᠎ᠠ ᠦᠯᠡᠳᠡᠭᠡᠳᠡᠭ ᠪᠠᠶᠢᠨ᠎ᠠ᠃ ᠡᠭᠦᠨ  ᠢ ᠵᠠᠷᠢᠮ ᠭᠠᠵᠠᠷ ᠨᠤᠳᠤᠭ ᠲᠤ   ︽  ᠬᠤᠪᠢ ᠬᠦᠷᠭᠡᠬᠦ︾᠂   ︽  ᠬᠤᠪᠢ ᠲᠦᠭᠡᠭᠡᠬᠦ︾ ᠭᠡᠵᠤ ᠴᠤ ᠨᠠᠷᠡᠶᠢᠳᠳᠡᠭ ᠪᠠᠶᠢᠭᠰᠠᠨ ᠪᠠᠶᠢᠨ᠎ᠠ᠃       ᠮᠤᠩᠭᠤᠯᠴᠤᠳ ᠤᠨ   ︽  ᠬᠤᠪᠢ ᠦᠯᠡᠳᠡᠭᠡᠬᠦ ᠶᠤᠰᠤᠨ︾ ᠢ ᠤᠴᠢᠷᠯᠠᠬᠤ ᠳᠤ ᠲᠤᠩ ᠤᠯᠠᠨ ᠠᠭᠤᠯᠬᠤᠨ ᠲᠠᠢ ᠪᠠᠶᠢᠳᠠᠭ ᠶᠤᠮ᠃ ᠲᠤᠬᠠᠶᠢᠯᠠᠪᠡᠯ᠂ ᠭᠡᠨ ᠨᠢᠭᠡᠨ ᠳᠤ  ᠄ ᠮᠠᠯ ᠪᠠᠵᠠᠭᠠᠬᠤ᠂ ᠰᠢᠭᠦᠰᠤ ᠭᠠᠷᠭᠠᠬᠤ᠂ ᠪᠤᠤᠵᠨ ᠪᠠᠷᠢᠬᠤ᠂ ᠰᠢᠬᠢᠷ ᠪᠤᠤᠪᠤ ᠲᠦᠭᠡᠭᠡᠬᠦ ᠁ ᠵᠡᠷᠭᠡ ᠨᠢ ᠪᠦᠷ ᠬᠤᠪᠢ ᠬᠡᠰᠢᠭ ᠲᠤ ᠲᠤᠭᠠᠴᠢᠭᠳᠠᠨ᠎ᠠ᠃ ᠭᠡᠷ ᠤᠨ ᠨᠠᠰᠤᠳᠠᠨ ᠪᠤᠶᠤ   ᠡᠵᠡᠭᠳᠡᠢ  ᠠᠴᠠ ᠡᠨᠡ ᠪᠦᠬᠦᠨ ᠢ ᠬᠤᠪᠢᠴᠢᠯᠡᠵᠤ ᠦᠭᠬᠦ ᠳᠤ ᠭᠡᠨ ᠨᠢᠭᠡ ᠨᠢ ᠦᠭᠡᠢ ᠪᠠᠶᠢᠬᠤ   ︽  ᠬᠤᠪᠢ ᠬᠦᠷᠳᠡᠭᠰᠡᠨ ᠦᠭᠡᠢ ᠪᠠᠶᠢᠭᠰᠠᠨ ᠪᠤᠯ᠂ ᠲᠡᠭᠦᠨ ᠳᠤ ᠡᠨᠡ ᠪᠦᠬᠦᠨ ᠠᠴᠠ   ︽  ᠬᠤᠪᠢ ᠦᠯᠡᠳᠡᠭᠡᠵᠤ︾᠂ ᠬᠤᠪᠢ ᠬᠡᠰᠢᠭ ᠬᠠᠶᠢᠷᠠᠯᠠᠳᠠᠭ ᠪᠠᠶᠢᠨ᠎ᠠ ᠃ ᠡᠨᠡ ᠪᠤᠯ ᠰᠠᠶ᠋ᠢ ᠮᠤᠩᠭᠤᠯᠴᠤᠳ ᠤᠨ ᠡᠷᠳᠡ ᠠᠴᠠ ᠤᠯᠠᠮᠵᠢᠯᠠᠵᠤ ᠢᠷᠡᠭᠰᠡᠨ ᠦᠭᠬᠢᠶᠡᠮᠤᠷ ᠨᠠᠨᠳᠢᠨ᠂ ᠠᠶ᠎ᠠ ᠨᠠᠶᠢᠷ ᠲᠠᠢ᠂ ᠬᠠᠯᠠᠭᠤᠨ ᠲᠤᠳᠤᠨᠤ ᠬᠦᠨᠳᠦᠳᠭᠡᠯ ᠬᠠᠳᠠᠭᠠᠯᠠᠭᠰᠠᠨ ᠰᠤᠶᠤᠯ ᠤᠨ ᠦᠪ ᠶᠤᠮ᠃       ᠬᠤᠪᠢ ᠪᠠᠷᠢᠵᠤ᠂ ᠬᠡᠰᠢᠭ ᠡᠷᠭᠦᠭᠦ ᠳᠤ ᠲᠡᠭᠦᠨ ᠤ ᠬᠦᠷᠢᠶ᠎ᠡ ᠬᠡᠪᠴᠢᠶ᠎ᠠ ᠴᠤ ᠦᠷᠭᠡᠨ ᠲᠡᠯᠭᠡᠷ ᠪᠠᠶᠢᠳᠠᠭ ᠢ ᠲᠡᠤᠬᠡ ᠲᠡᠮᠳᠡᠭᠯᠡᠯ ᠳᠤ ᠪᠢᠴᠢᠵᠤ ᠪᠠᠶᠢᠨ᠎ᠠ᠃ ᠲᠤᠬᠠᠶᠢᠯᠠᠪᠡᠯ᠂ ︽  ᠮᠤᠩᠭᠤᠯ ᠤᠨ ᠨᠢᠭᠤᠴᠨ ᠲᠤᠪᠴᠢᠶᠡᠨ︾ ᠳᠤ ᠡᠩ ᠤᠨ   ᠬᠡᠰᠢᠭ ᠬᠤᠪᠢᠶᠠᠯᠴᠠᠵᠤ ᠪᠠᠶᠢᠭᠰᠠᠨ ᠠᠴᠠ ᠦᠵᠡᠬᠦ ᠳᠤ᠂ ᠡᠩ ᠤᠨ ᠲᠡᠯᠡᠪᠡᠢ᠂ ᠨᠠᠶᠢᠷ ᠬᠤᠷᠠᠯᠳᠠᠢ᠂ ᠠᠶᠢᠯ ᠠᠶᠢᠮᠠᠭ ᠤᠨ ᠬᠤᠭᠤᠷᠤᠨᠳᠤ ᠴᠤ ︽  ᠬᠤᠪᠢ ᠪᠠᠷᠢᠬᠤ︾  ᠂ ︽  ᠬᠡᠰᠢᠭ ᠢᠯᠡᠭᠡᠬᠦ︾ ᠵᠠᠩ ᠦᠢᠯᠨ ᠶᠠᠪᠤᠭᠳᠠᠵᠤ᠂ ᠮᠤᠩᠭᠤᠯᠴᠤᠳ ᠤᠨ ᠶᠤᠰᠤ ᠵᠦᠢ ᠶᠢᠨ ᠠᠮᠢᠳᠤᠷᠬᠤᠢ ᠶᠢᠨ ᠲᠡᠤᠬᠡ ᠦᠷᠭᠦᠯᠵᠢᠯᠡᠵᠤ ᠪᠠᠶᠢᠳᠠᠭ ᠪᠠᠶᠢᠨ᠎ᠠ᠃ ᠡᠭᠦᠨ ᠢᠶᠠᠨ ᠮᠤᠩᠭᠤᠯᠴᠤᠳ  ᠄ ︽  ᠡᠳ᠋ᠯᠡᠯ ᠤᠨ ᠡᠬᠢ᠂ ᠢᠳᠡᠭᠡᠨ ᠤ ᠲᠡᠭᠡᠵᠢ︾ ᠬᠡᠮᠡᠨ ᠡᠷᠬᠢᠮ ᠳᠤ ᠲᠡᠭᠡᠵᠢᠯᠡᠳᠡᠭ ᠪᠠᠶᠢᠭᠰᠠᠨ ᠨᠢ ᠭᠤᠶᠢᠳᠠ ᠪᠤᠶᠤ᠃       ︽  ᠬᠤᠪᠢ ᠦᠯᠡᠳᠡᠪᠦᠷᠢ︾ ᠭᠡᠳᠡᠭ ᠮᠤᠩᠭᠤᠯᠴᠤᠳ ᠤᠨ ᠤᠯᠠᠮᠵᠢᠯᠠᠯᠳᠤ ᠰᠤᠶᠤᠯ ᠮᠠᠨᠢ ᠡᠳᠦᠭᠡ ᠴᠤ ᠠᠶᠢᠯ ᠡᠷᠦᠬᠡ᠂ ᠠᠶᠢᠮᠠᠭ ᠰᠡᠳᠤᠨ ᠳᠠᠭᠠᠨ ᠤᠯᠠᠮᠵᠢᠯᠠᠭᠳᠠᠵᠤ᠂ ᠲᠡᠯᠭᠡᠷᠡᠵᠤ ᠪᠠᠶᠢᠬᠤ ᠨᠢ ᠬᠠᠷᠠᠭᠳᠠᠨ᠎ᠠ᠃ ᠶᠠᠭᠤᠳᠠᠢ ᠭᠤᠶᠤ᠂ ᠶᠠᠭᠤᠳᠠᠢ ᠪᠠᠭ᠋ᠠᠷᠤᠯ ᠪᠢᠯᠨ᠃ ᠡᠳ᠋ ᠢᠳᠡᠭᠡᠨ ᠳᠡᠭᠡᠨ ᠬᠤᠪᠢ ᠦᠯᠡᠳᠡᠭᠡᠬᠦ᠂   ᠡᠷᠴᠢ ᠦᠭᠡᠨ ᠳᠡᠭᠡᠨ ᠢᠳᠡ ᠦᠯᠡᠳᠡᠭᠡᠬᠦ᠂ ᠡᠷ᠎ᠡ ᠤᠬᠠᠭᠠᠨ ᠳᠠᠭᠠᠨ ᠬᠦᠴᠦ ᠦᠯᠡᠳᠡᠭᠡᠬᠦ   ᠁ ᠶᠠᠭᠤ ᠪᠦᠬᠦᠨ ᠮᠤᠩᠭᠤᠯᠴᠤᠳ ᠲᠤ ᠨᠦᠭᠡᠴᠨ ᠲᠠᠢ ᠪᠠᠶᠢᠳᠠᠭ ᠪᠤᠯ ᠲᠡᠤᠬᠡ ᠶᠤᠮ᠃ ᠡᠨᠡ ᠨᠢ ᠬᠡᠳᠦᠶᠢᠪᠡᠷ ᠵᠢᠵᠢᠭᠭᠡᠨ ᠭᠡᠵᠤ ᠦᠵᠡᠭᠳᠡᠪᠡᠴᠤ᠂ ᠲᠡᠭᠦᠨ ᠳᠤ ᠲᠡᠤᠭᠡ ᠰᠤᠶᠤᠯ᠂ ᠠᠮᠢᠳᠤᠷᠬᠤᠢ ᠶᠢᠨ ᠤᠬᠠᠭᠠᠨ᠂ ᠦᠢᠯᠨ ᠰᠢᠰᠲ᠋ᠧᠮ ᠨᠦᠰᠡᠷ   ᠠᠭᠤᠯᠤᠭᠳᠠᠵᠤ ᠪᠠᠶᠢᠬᠤ ᠶᠢ ᠬᠡᠤᠬᠡᠳ ᠲᠡᠭᠦᠤ ᠨᠠᠷ ᠮᠢᠨᠢ ᠭᠠᠷᠳᠠᠨ ᠠᠪᠴᠤ᠂ ᠭᠠᠩᠭᠠᠩ ᠶᠠᠪᠤᠭᠠᠷᠠᠢ  ︕
 
ᠢᠷᠡᠯᠲᠡ᠄ ᠲᠤᠰ ᠰᠦᠯᠵᠢᠶ᠎ᠠ
ᠨᠠᠶᠢᠷᠠᠭᠤᠯᠤᠭᠴᠢ᠄ ᠭᠤᠸᠠᠨ ᠴᠠᠩ ᠰᠢ
ᠣᠷᠴᠢᠭᠤᠯᠤᠭᠴᠢ᠄
   
ᠬᠤᠯᠪᠣᠭᠳᠠᠯ ᠪᠦᠬᠦᠢ ᠠᠭᠤᠯᠭ᠎ᠠ ᠶᠢᠨ ᠭᠠᠷᠴᠠᠭ
 
2014-2016 © ᠬᠠᠷᠢᠯᠴᠠᠬᠤ ᠤᠲᠠᠰᠤ᠄ 0471-6280741 ᠢᠮᠧᠯ᠄ nmgbute@163.com
ᠵᠤᠬᠢᠶᠠᠭᠴᠢ ᠶᠢᠨ ᠡᠷᠬᠡ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠬᠤᠷᠢᠭᠯᠠᠨ᠎ᠠ᠃
︽ᠬᠡᠷᠡᠭᠯᠡᠭᠡᠨ ᠤ ᠮᠡᠷᠭᠡᠵᠢᠯ ᠤᠨ ᠮᠤᠩᠭᠤᠯ ᠰᠦᠯᠵᠢᠶᠡᠨ ᠤ ᠬᠥᠯᠭᠡ︾ ᠦᠮᠴᠢᠯᠡᠯ ᠲᠠᠢ︕