ᠬᠠᠯᠠᠭᠤᠨ ᠲᠣᠭᠤᠭᠠᠨ ᠮᠢᠬ᠎ᠠ
ᠵᠣᠬᠢᠶᠠᠭᠴᠢ᠄ 
        ᠬᠤᠨᠢᠨ ᠤ ᠮᠢᠬ᠎ᠠ   ᠶᠢ ᠦᠷᠭᠡᠨ ᠪᠦᠭᠡᠳ ᠨᠢᠮᠭᠡᠬᠡᠨ ᠬᠡᠷᠴᠢᠭᠰᠡᠨ ᠤ   ᠳᠠᠷᠠᠭ᠎ᠠ ᠪᠤᠴᠠᠯᠵᠤ ᠪᠠᠶᠢᠭ᠎ᠠ ᠬᠠᠯᠠᠭᠤᠨ ᠲᠣᠭᠤᠭᠠᠨ ᠳᠤ ᠬᠢᠮᠡᠭᠴᠡ ᠭᠠᠷᠭᠠᠵᠤ ᠢᠳᠡᠬᠦ ᠶᠢ ᠬᠠᠯᠠᠭᠤᠨ ᠲᠣᠭᠤᠭᠠᠨ ᠮᠢᠬ᠎ᠠ ᠢᠳᠡᠬᠦ   ᠭᠡᠳᠡᠭ᠃ ᠬᠠᠯᠠᠭᠤᠨ ᠲᠣᠭᠤᠭᠠᠨ ᠮᠢᠬ᠎ᠠ ᠪᠣᠯ ᠬᠦᠨᠳᠦᠲᠦ ᠵᠣᠴᠢᠨ ᠢ ᠵᠣᠴᠢᠯᠠᠬᠤ ᠪᠤᠶᠤ ᠰᠢᠷᠡᠭᠡ ᠪᠤᠳᠠᠭ᠎ᠠ ᠢᠳᠡᠬᠦ ᠳᠤ ᠭᠠᠷᠭᠠᠳᠠᠭ ᠬᠦᠨᠳᠦᠲᠦ ᠢᠳᠡᠭᠡᠨ ᠮᠦᠨ᠃ ᠠᠷᠠᠳ ᠤᠨ ᠠᠮᠢᠳᠤᠷᠠᠯ ᠰᠠᠶᠢᠵᠢᠷᠠᠬᠤ ᠶᠢ ᠳᠠᠭᠠᠯᠳᠤᠨ ᠣᠳᠣ ᠬᠤᠲᠠ ᠬᠦᠳᠡᠭᠡ ᠶᠢᠨ ᠣᠯᠠᠩᠬᠢ ᠠᠶᠢᠯ ᠡᠷᠦᠬᠡ ᠬᠦᠷᠲᠡᠯ᠎ᠡ ᠪᠦᠷ ᠬᠠᠯᠠᠭᠤᠨ ᠲᠣᠭᠤᠭᠠᠨ ᠮᠢᠬ᠎ᠠ ᠢᠳᠡᠬᠦ ᠪᠣᠯᠤᠭᠰᠠᠨ ᠪᠠᠶᠢᠨ᠎ᠠ  ᠃ ᠵᠠᠷᠢᠮ ᠨᠠᠰᠤᠲᠠᠶᠢᠴᠤᠳ ᠤᠨ ᠬᠡᠯᠡᠬᠦ ᠠᠴᠠ ᠦᠵᠡᠪᠡᠯ᠂ ᠬᠤᠪᠢᠯᠠᠢ ᠬᠠᠭᠠᠨ ᠤ ᠦᠶ᠎ᠡ ᠳᠤ ᠳᠠᠷᠤᠢ ᠬᠠᠯᠠᠭᠤᠨ ᠲᠣᠭᠤᠭᠠᠨ ᠮᠢᠬ᠎ᠠ ᠢᠳᠡᠳᠡᠭ ᠪᠠᠶᠢᠭᠰᠠᠨ ᠭᠡᠨ᠎ᠡ᠃         ᠬᠠᠯᠠᠭᠤᠨ ᠲᠣᠭᠤᠭᠠᠨ ᠮᠢᠬ᠎ᠠ ᠪᠠᠷ ᠵᠣᠴᠢᠨ ᠳᠠᠶᠢᠯᠠᠬᠤ ᠳᠤ ᠤᠷᠢᠳ ᠢᠶᠠᠷ ᠬᠤᠨᠢᠨ ᠮᠢᠬ᠎ᠠ ᠪᠠᠨ ᠦᠷᠭᠡᠨ ᠪᠦᠭᠡᠳ ᠨᠢᠮᠭᠡᠬᠡᠨ ᠢᠶᠠᠷ ᠬᠡᠷᠴᠢᠵᠦ ᠪᠡᠯᠡᠳᠭᠡᠨ᠎ᠡ  ᠃ ᠴᠢᠩᠬᠢᠭᠡᠳ ᠬᠠᠯᠠᠭᠤᠨ   ᠲᠣᠭᠤᠭ᠎ᠠ ᠪᠠᠨ ᠲᠠᠯᠪᠢᠬᠤ ᠵᠡᠷᠭᠡ ᠪᠠᠷ ᠫᠢᠯᠠ ᠲᠠᠢ ᠬᠡᠷᠴᠢᠭᠰᠡᠨ ᠬᠤᠨᠢᠨ ᠮᠢᠬ᠎ᠠ ᠪᠣᠯᠤᠨ ᠦᠨᠦᠷ ᠠᠮᠲᠠ ᠣᠷᠤᠭᠤᠯᠬᠤ   ᠡᠳ᠋ ᠢᠶᠠᠨ ᠵᠣᠴᠢᠨ ᠤ   ᠡᠮᠦᠨ᠎ᠡ ᠠᠪᠴᠢᠷᠠᠵᠤ ᠲᠠᠯᠪᠢᠨ᠎ᠠ᠃ ᠡᠨᠡ ᠦᠶ᠎ᠡ ᠳᠤ ᠬᠤᠨᠢᠨ ᠮᠢᠬ᠎ᠠ   ᠪᠠᠨ ᠬᠠᠯᠠᠭᠤᠨ   ᠲᠣᠭᠤᠭᠠᠨ ᠳᠤ ᠰᠠᠪᠬᠠᠯᠠᠨ ᠬᠢᠭᠡᠳ ᠬᠡᠳᠦᠨᠲᠡ ᠬᠦᠳᠡᠯᠭᠡᠮᠡᠭᠴᠡ ᠭᠠᠷᠭᠠᠵᠤ ᠦᠨᠦᠷ ᠠᠮᠲᠠ ᠤᠷᠤᠭᠤᠯᠬᠤ   ᠡᠳ᠋ ᠲᠤ ᠳᠦᠷᠦᠵᠦ ᠢᠳᠡᠳᠡᠭ᠃ ᠬᠠᠯᠠᠭᠤᠨ ᠲᠣᠭᠤᠭᠠᠨ ᠤ ᠮᠢᠬ᠎ᠠ ᠶᠢ ᠴᠢᠨᠠᠳᠠᠭ ᠦᠭᠡᠢ   ᠪᠣᠯᠬᠤᠷ ᠰᠢᠮ᠎ᠡ ᠲᠡᠵᠢᠭᠡᠯ ᠨᠢ ᠡᠯᠪᠡᠭ᠂ ᠵᠦᠭᠡᠯᠡᠨ᠂ ᠰᠢᠩᠬᠡᠭ ᠦᠨᠦᠷ ᠦᠭᠡᠢ᠂ ᠦᠪᠡᠷᠮᠢᠴᠡ ᠰᠠᠶᠢᠬᠠᠨ ᠠᠮᠲᠠ ᠲᠠᠢ ᠪᠠᠶᠢᠳᠠᠭ᠃
 
ᠢᠷᠡᠯᠲᠡ᠄ ᠲᠤᠰ ᠰᠦᠯᠵᠢᠶ᠎ᠠ
ᠨᠠᠶᠢᠷᠠᠭᠤᠯᠤᠭᠴᠢ᠄ ᠭᠤᠸᠠᠨ ᠴᠠᠩ ᠰᠢ
ᠣᠷᠴᠢᠭᠤᠯᠤᠭᠴᠢ᠄
   
ᠬᠤᠯᠪᠣᠭᠳᠠᠯ ᠪᠦᠬᠦᠢ ᠠᠭᠤᠯᠭ᠎ᠠ ᠶᠢᠨ ᠭᠠᠷᠴᠠᠭ
 
2014-2016 © ᠬᠠᠷᠢᠯᠴᠠᠬᠤ ᠤᠲᠠᠰᠤ᠄ 0471-6280741 ᠢᠮᠧᠯ᠄ nmgbute@163.com
ᠵᠤᠬᠢᠶᠠᠭᠴᠢ ᠶᠢᠨ ᠡᠷᠬᠡ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠬᠤᠷᠢᠭᠯᠠᠨ᠎ᠠ᠃
︽ᠬᠡᠷᠡᠭᠯᠡᠭᠡᠨ ᠤ ᠮᠡᠷᠭᠡᠵᠢᠯ ᠤᠨ ᠮᠤᠩᠭᠤᠯ ᠰᠦᠯᠵᠢᠶᠡᠨ ᠤ ᠬᠥᠯᠭᠡ︾ ᠦᠮᠴᠢᠯᠡᠯ ᠲᠠᠢ︕