| | ᠤᠰᠤᠳᠦ᠋ᠷᠦᠭᠴᠢ ᠪᠠᠷ ᠡᠨᠧᠷᠭᠢ ᠪᠠᠨ ᠪᠤᠯᠭᠠᠬᠰᠠᠨ | ᠮᠠᠰᠢᠨ ᠳᠡᠷᠭᠡ ᠵᠠᠬ᠎ᠠ ᠳᠡᠯᠭᠡᠭᠦᠷ ᠲᠤ ᠭᠠᠷᠤᠯ᠎ᠠ | | | | | | | 2015 ᠤᠨ ᠤ 1 ᠳ᠋ᠤᠭᠡᠷ ᠰᠠᠷ᠎ᠠ ᠶᠢᠨ 5 ᠤ ᠡᠳᠤᠷ ᠪᠤᠯᠤᠬᠰᠠᠨ 2015 ᠤᠨ ᠤ ᠳᠡᠯᠡᠭᠡᠢ ᠶᠢᠨ ᠭᠡᠷᠡᠭᠯᠡᠭᠡᠨ ᠤ ᠴᠢᠨᠠᠷᠳᠠᠢ ᠡᠯᠧᠺᠲᠷᠤᠨ | ᠪᠦᠳᠦᠭᠡᠭᠳᠡᠭᠦᠨ ᠤ ᠳᠡᠯᠭᠡᠨ ᠦᠵᠡᠭᠦᠯᠦᠯᠭᠡ ᠶᠢᠨ ᠰᠤᠨᠢᠨ ᠮᠡᠳᠡᠭᠡ ᠨᠡᠶᠢᠳᠡᠯᠡᠭᠦ ᠬᠤᠷᠠᠯ ᠳᠡᠭᠡᠷ᠎ᠡ᠂ ᠶᠠᠫᠤᠨ ᠤᠯᠤᠰ ᠤᠨ ᠹᠧᠩ ᠲᠢᠶᠠᠨ ᠺᠤᠮᠫᠠᠨᠢ ᠠᠴᠠ | ᠤᠰᠤᠳᠦ᠋ᠷᠦᠭᠴᠢ ᠪᠠᠷ ᠡᠨᠧᠷᠭᠢ ᠪᠠᠨ ᠪᠤᠯᠭᠠᠬᠰᠠᠨ ᠮᠠᠰᠢᠨ ᠳᠡᠷᠭᠡ ᠶᠢ ᠰᠤᠳᠤᠯᠤᠨ ᠦᠢᠯᠡᠳᠭᠦ ᠳᠤᠰᠬᠠᠢ ᠠᠰᠢᠬ ᠪᠡ 5680 ᠲᠦᠷᠦᠯ ᠤᠨ ᠳᠤᠰᠬᠠᠢ | ᠡᠷᠭᠡ ᠠᠰᠢᠬ ᠢᠶᠠᠨ ᠬᠠᠷᠠᠮᠵᠢ ᠦᠭᠡᠢ ᠪᠠᠷ ᠪᠦᠭᠦ ᠳᠡᠯᠡᠭᠡᠢ ᠶᠢᠨ ᠮᠠᠰᠢᠨ ᠳᠡᠷᠭᠡᠨ ᠤ ᠺᠤᠮᠫᠠᠨᠢ ᠳᠤ ᠭᠡᠷᠡᠭᠯᠡᠭᠦᠯᠭᠦ ᠪᠠᠷ ᠨᠡᠶᠢᠳᠡᠯᠡᠪᠡ᠃ ᠢᠡᠭᠭᠢᠭᠰᠡᠨ ᠠᠴᠠ | ᠤᠰᠤᠳᠦ᠋ᠷᠦᠭᠴᠢ ᠪᠠᠷ ᠭᠤᠤᠯ ᠡᠨᠧᠷᠭᠢ ᠪᠠᠨ ᠪᠤᠯᠭᠠᠳᠠᠭ ᠮᠠᠰᠢᠨ ᠢ ᠹᠧᠩ ᠲᠢᠶᠠᠨ ᠵᠡᠷᠭᠡ ᠭᠡᠳᠤᠭᠡᠨ ᠮᠠᠰᠢᠨ ᠳᠡᠷᠭᠡᠨ ᠤ ᠺᠤᠮᠫᠠᠨᠢ ᠰᠤᠳᠤᠯᠤᠨ | ᠦᠢᠯᠡᠳᠴᠤ ᠪᠠᠶᠢᠬᠰᠠᠨ ᠠᠴᠠ ᠪᠠᠨ ᠪᠦᠭᠦ ᠳᠡᠯᠡᠭᠡᠢ ᠪᠠᠷ ᠢᠶᠠᠨ ᠰᠤᠳᠤᠯᠤᠨ ᠦᠢᠯᠡᠳᠭᠦ ᠪᠤᠯᠤᠬᠰᠠᠨ ᠪᠠᠶᠢᠨ᠎ᠠ᠃ | ᠤᠰᠤᠳᠦ᠋ᠷᠦᠭᠴᠢ ᠪᠠᠷ ᠭᠤᠤᠯ ᠡᠨᠧᠷᠭᠢ ᠪᠠᠨ ᠪᠤᠯᠭᠠᠬᠰᠠᠨ ᠮᠠᠰᠢᠨ ᠳᠡᠷᠭᠡᠨ ᠤ ᠦᠢᠯᠡᠰ ᠪᠤᠯ ᠨᠢᠭᠡᠨ ᠰᠢᠨ᠎ᠡ ᠪᠠᠷ ᠭᠦᠭᠵᠢᠵᠤ ᠪᠠᠶᠢᠭ᠎ᠠ ᠦᠢᠯᠡᠰ | ᠪᠤᠯᠤᠨ᠎ᠠ᠃ ᠴᠠᠭᠢᠯᠭᠠᠨ ᠭᠦᠳᠡᠯᠭᠡᠭᠦᠷᠢᠳᠤ ᠮᠠᠰᠢᠨ ᠳᠡᠷᠭᠡ ᠲᠠᠢ ᠠᠳᠠᠯᠢᠬᠠᠨ ᠤᠰᠤᠳᠦ᠋ᠷᠦᠭᠴᠢ ᠪᠠᠷ ᠭᠤᠤᠯ ᠡᠨᠧᠷᠭᠢ ᠪᠠᠨ ᠪᠤᠯᠭᠠᠬᠰᠠᠨ ᠮᠠᠰᠢᠨ | ᠳᠡᠷᠭᠡ ᠶᠢ ᠲᠦᠭᠡᠮᠡᠯᠵᠢᠭᠦᠯᠭᠦ ᠶᠠᠪᠤᠴᠠ ᠳᠤᠮᠳᠠ ᠳᠤᠯᠭᠠᠷᠠᠬᠤ ᠬᠠᠮᠤᠭ ᠶᠡᠭᠡ ᠭᠦᠴᠢᠷᠳᠡᠯ ᠪᠤᠯ ᠳᠠᠷᠤᠢ ᠰᠠᠭᠤᠷᠢ ᠲᠦᠭᠦᠭᠡᠷᠦᠮᠵᠢ ᠶᠢᠨ ᠪᠦᠳᠦᠭᠡᠨ | ᠪᠠᠶᠢᠭᠤᠯᠤᠯᠳᠠ ᠪᠤᠯᠤᠨ ᠲᠦᠭᠡᠮᠡᠯᠵᠢᠭᠦᠯᠭᠦ ᠶᠠᠪᠤᠳᠠᠯ ᠪᠤᠯᠤᠨ᠎ᠠ᠃ ᠤᠳᠤᠬᠠᠨ ᠳᠤ ᠶᠠᠫᠤᠨ ᠤᠯᠤᠰ ᠲᠤ᠂ ᠨᠢᠭᠡ ᠳᠤᠰᠤ ᠨᠡᠮᠡᠭᠦ ᠦᠷᠳᠡᠭᠡ | ᠪᠠᠶᠢᠭᠤᠯᠬᠤ ᠳᠤ ᠪᠠᠷᠤᠭ ᠨᠢᠭᠡ ᠳ᠋ᠦᠡᠭᠰᠢᠭᠤᠷ ᠶᠠᠫᠤᠨ ᠵᠤᠭᠤᠰ ᠤᠷᠤᠳᠠᠭ ᠪᠤᠯ ᠨᠢᠭᠡ ᠤᠰᠤᠳᠦ᠋ᠷᠦᠭᠴᠢ ᠨᠡᠮᠡᠭᠦ ᠦᠷᠳᠡᠭᠡ ᠭᠠᠷᠭᠠᠬᠤ ᠳᠤ ᠬᠠᠷᠢᠨ 4 | — 5 ᠳ᠋ᠦᠡᠭᠰᠢᠭᠤᠷ ᠶᠠᠫᠤᠨ ᠵᠤᠭᠤᠰ ᠤᠷᠤᠳᠠᠭ᠃ ᠤᠰᠤᠳᠦ᠋ᠷᠦᠭᠴᠢ ᠪᠠᠷ ᠡᠨᠧᠷᠭᠢ ᠪᠠᠨ ᠪᠤᠯᠭᠠᠬᠰᠠᠨ ᠮᠠᠰᠢᠨ ᠳᠡᠷᠭᠡ ᠶᠢ ᠲᠦᠭᠡᠮᠡᠯᠵᠢᠬᠦᠯᠬᠦ ᠳᠤ | ᠤᠰᠤᠳᠦ᠋ᠷᠦᠭᠴᠢ ᠨᠡᠮᠡᠭᠦ ᠦᠷᠳᠡᠭᠡ ᠪᠠᠶᠢᠭᠤᠯᠬᠤ ᠦᠭᠡᠢ ᠪᠤᠯ ᠮᠠᠰᠢᠨ ᠳᠡᠷᠭᠡ ᠪᠠᠨ ᠬᠤᠳᠠᠯᠳᠤᠵᠤ ᠭᠠᠷᠬᠤ ᠦᠭᠡᠢ ᠪᠤᠯᠤᠨ᠎ᠠ᠃ ᠳᠡᠶᠢᠮᠤ ᠠᠴᠠ | ᠰᠠᠭᠤᠷᠢ ᠲᠦᠭᠦᠭᠡᠷᠦᠮᠵᠢ ᠶᠢ ᠪᠠᠶᠢᠭᠤᠯᠬᠤ ᠪᠤᠯᠤᠨ ᠲᠦᠭᠡᠮᠡᠯᠵᠢᠭᠦᠯᠭᠦ ᠪᠤᠯ ᠭᠤᠤᠯ ᠠᠰᠠᠭᠤᠳᠠᠯ ᠪᠤᠯᠤᠨ᠎ᠠ᠃ | ᠤᠰᠤᠳᠦ᠋ᠷᠦᠭᠴᠢ ᠪᠠᠷ ᠡᠨᠧᠷᠭᠢ ᠪᠠᠨ ᠪᠤᠯᠭᠠᠬᠰᠠᠨ ᠮᠠᠰᠢᠨ ᠳᠡᠷᠭᠡ ᠶᠢᠨ ᠪᠤᠰᠤᠳ ᠮᠠᠰᠢᠨ ᠳᠡᠷᠭᠡ ᠯᠦᠭᠡ ᠶᠢᠨ ᠬᠠᠮᠤᠭ ᠶᠡᠭᠡ ᠵᠦᠷᠢᠶ᠎ᠡ ᠪᠤᠯ | ᠳᠠᠷᠤᠢ ᠤᠰᠤᠳᠦ᠋ᠷᠦᠭᠴᠢ ᠪᠠᠷ ᠭᠤᠤᠯ ᠡᠨᠧᠷᠭᠢ ᠪᠠᠨ ᠪᠤᠯᠭᠠᠬᠤ ᠳᠤ ᠪᠤᠢ᠃ ᠡᠩ ᠤᠨ ᠳᠤᠯᠠᠭᠠᠨ ᠡᠩ ᠤᠨ ᠳᠠᠷᠤᠴᠠ ᠳᠤᠤᠷ᠎ᠠ᠂ ᠤᠰᠤᠳᠦ᠋ᠷᠦᠭᠴᠢ ᠨᠢ | ᠠᠮᠠᠷᠬᠠᠨ ᠳᠡᠯᠪᠡᠷᠡᠳᠡᠭ ᠭᠡᠳᠡᠭ ᠢ ᠤᠯᠠᠨ ᠢᠶᠠᠷ ᠢᠶᠠᠨ ᠪᠦᠷ ᠮᠡᠳᠡᠨ᠎ᠡ᠃ ᠳᠡᠶᠢᠮᠤ ᠠᠴᠠ ᠭᠦᠮᠦᠰ ᠤᠰᠤᠳᠦ᠋ᠷᠦᠭᠴᠢ ᠪᠠᠷ ᠡᠨᠧᠷᠭᠢ ᠪᠠᠨ ᠪᠤᠯᠭᠠᠬᠰᠠᠨ | ᠮᠠᠰᠢᠨ ᠳᠡᠷᠭᠡ ᠶᠢᠨ ᠠᠮᠤᠷ ᠲᠦᠪᠰᠢᠨ ᠤ ᠳᠤᠬᠠᠢ ᠶᠡᠭᠡ ᠰᠠᠨᠠᠭᠠᠰᠢᠷᠠᠳᠠᠭ᠃ ᠡᠭᠦᠨ ᠤ ᠳᠤᠬᠠᠢ ᠳᠤᠰᠬᠠᠢ ᠮᠡᠷᠭᠡᠵᠢᠯᠳᠡᠨ ᠠᠴᠠ᠂ ᠤᠰᠤᠳᠦ᠋ᠷᠦᠭᠴᠢ | ᠬᠠᠳᠠᠭᠠᠯᠠᠬᠤ ᠰᠠᠪᠠ ᠶᠢ ᠵᠤᠭᠢᠶᠠᠬᠤ ᠦᠶ᠎ᠡ ᠳᠡᠭᠡᠨ ᠨᠢᠭᠡᠨᠳᠡ ᠡᠨᠡᠭᠦ ᠠᠰᠠᠭᠤᠳᠠᠯ ᠢ ᠳᠦᠢᠯᠪᠤᠷᠢᠳᠠᠢ ᠪᠤᠳᠤᠯᠭᠢᠯᠠᠵᠤ᠂ ᠭᠠᠳᠠᠬᠰᠢ ᠨᠡᠪᠴᠢᠭᠦ ᠠᠴᠠ | ᠰᠡᠷᠭᠡᠶᠢᠯᠡᠭᠦ ᠭᠤᠮ ᠮᠠᠲ᠋ᠧᠷᠢᠶᠠᠯ ᠵᠡᠷᠭᠡ ᠶᠢ ᠭᠡᠷᠡᠭᠯᠡᠵᠤ᠂ ᠳᠤᠳᠤᠷ᠎ᠠ ᠭᠠᠳᠠᠨ᠎ᠠ ᠭᠤᠷᠪᠠᠨ ᠳᠠᠪᠬᠤᠷᠭ᠎ᠠ ᠲᠠᠢ᠃ ᠳᠤᠷᠰᠢᠯᠳᠠ ᠪᠠᠷ ᠳᠠᠮᠵᠢᠨ᠂ | ᠤᠰᠤᠳᠦ᠋ᠷᠦᠭᠴᠢ ᠪᠠᠷ ᠡᠨᠧᠷᠭᠢ ᠪᠠᠨ ᠪᠤᠯᠭᠠᠬᠰᠠᠨ ᠮᠠᠰᠢᠨ ᠳᠡᠷᠭᠡ ᠵᠤᠬᠰᠤᠵᠤ ᠪᠠᠶᠢᠬᠤ ᠦᠶ᠎ᠡ ᠳᠤ ᠴᠠᠭ ᠲᠤ 80 ᠺᠢᠯᠤᠮᠧᠲᠷ ᠤᠨ ᠬᠤᠷᠳᠤᠴᠠ ᠪᠠᠷ | ᠠᠶᠠᠯᠠᠵᠤ ᠪᠠᠶᠢᠭ᠎ᠠ ᠮᠠᠰᠢᠨ ᠳᠡᠷᠭᠡ ᠢᠷᠡᠭᠡᠳ ᠮᠦᠷᠭᠦᠭᠦ ᠳᠤ ᠤᠰᠤᠳᠦ᠋ᠷᠦᠭᠴᠢ ᠬᠠᠳᠠᠭᠠᠯᠠᠬᠤ ᠰᠠᠪᠠ ᠨᠢ ᠬᠠᠭᠠᠷᠠᠵᠤ ᠭᠡᠮᠭᠡᠷᠡᠭᠦ ᠦᠭᠡᠢ ᠪᠦᠭᠡᠳ | ᠤᠰᠤᠳᠦ᠋ᠷᠦᠭᠴᠢ ᠨᠢ ᠴᠤ ᠭᠠᠳᠠᠬᠰᠢ ᠨᠠᠪᠴᠢᠨ ᠭᠠᠷᠬᠤ ᠦᠭᠡᠢ ᠭᠡᠳᠡᠭ ᠢ ᠭᠡᠷᠡᠴᠢᠯᠡᠪᠡ᠃ ᠭᠡᠷᠪᠡ ᠤᠰᠤᠳᠦ᠋ᠷᠦᠭᠴᠢ ᠨᠢ ᠭᠠᠳᠠᠬᠰᠢ ᠨᠡᠪᠴᠢᠭᠦ ᠪᠠᠶᠢᠳᠠᠯ | ᠭᠠᠷᠪᠠᠯ ᠠᠵᠢᠯᠯᠠᠬᠤ ᠮᠠᠰᠢᠨ ᠨᠢ ᠦᠪᠡᠷᠳᠡᠭᠡᠨ ᠳᠤᠰᠤᠨ ᠰᠠᠪᠠ ᠶᠢᠨ ᠨᠡᠭᠡᠯᠭᠡᠢ ᠶᠢ ᠬᠠᠭᠠᠵᠤ᠂ ᠤᠰᠤᠳᠦ᠋ᠷᠦᠭᠴᠢ ᠨᠢ ᠦᠷᠭᠦᠯᠵᠢᠯᠡᠨ ᠨᠠᠪᠴᠢᠨ | ᠭᠠᠷᠬᠤ ᠠᠴᠠ ᠰᠡᠷᠭᠡᠶᠢᠯᠡᠳᠡᠭ᠃ ᠮᠠᠰᠢᠨ ᠳᠡᠷᠭᠡᠨ ᠳᠤ ᠭᠠᠯ ᠵᠤᠯᠭᠠᠪᠠᠯ ᠶᠠᠭᠠᠭᠢᠵᠦ ᠠᠷᠭᠠᠴᠠᠭᠠᠬᠤ ᠲᠤᠬᠠᠢ ᠭᠦᠮᠦᠰ ᠠᠰᠠᠭᠤᠬᠤ ᠳᠤ᠂ ᠳᠤᠰᠬᠠᠢ | ᠮᠡᠷᠭᠡᠵᠢᠯᠳᠡᠨ ︽ᠡᠨᠡ ᠳᠤᠬᠠᠢ ᠴᠤ ᠨᠠᠷᠢᠨ ᠪᠤᠳᠤᠯᠭᠢᠯᠠᠵᠤ᠂ ᠳᠤᠰᠤ ᠬᠠᠳᠠᠭᠠᠯᠠᠬᠤ ᠰᠠᠪᠠᠨ ᠳᠤ ᠨᠢᠭᠡᠨ ᠠᠮᠠᠷᠬᠠᠨ ᠬᠠᠶᠢᠯᠳᠠᠭ ᠨᠡᠭᠡᠯᠭᠡᠢ | ᠳᠠᠭᠠᠷᠠᠭᠤᠯᠤᠬᠰᠠᠨ ᠠᠴᠠ ᠮᠠᠰᠢᠨ ᠳᠡᠷᠭᠡᠨ ᠳᠤ ᠭᠠᠯ ᠵᠤᠯᠭᠠᠵᠤ ᠳᠤᠯᠭᠠᠨ ᠤ ᠭᠡᠮᠵᠢᠶ᠎ᠡ ᠨᠢ ᠵᠤᠭᠢᠬᠤ ᠭᠡᠮᠵᠢᠶᠡᠨ ᠳᠤ ᠭᠦᠷᠪᠡᠯ ᠨᠡᠭᠡᠯᠭᠡᠢ ᠨᠢ ᠠᠶᠠᠨᠳᠠᠭᠠᠨ | ᠬᠠᠶᠢᠯᠵᠤ᠂ ᠳᠤᠳᠤᠷᠠᠭᠢ ᠤᠰᠤᠳᠦ᠋ᠷᠦᠭᠴᠢ ᠨᠢ ᠤᠷᠤᠰᠤᠨ ᠭᠠᠷᠴᠤ᠂ ᠭᠠᠯ ᠲᠠᠢ ᠵᠤᠯᠭᠠᠨ ᠨᠢᠭᠡ ᠪᠦᠭᠡᠮ ᠭᠠᠯ ᠪᠤᠯᠵᠤ ᠬᠤᠶᠢᠰᠢ ᠰᠦᠷᠴᠢᠨ ᠭᠠᠷᠳᠠᠭ᠂ | ᠭᠡᠪᠡᠴᠤ ᠳᠡᠷᠡ ᠨᠢ ᠳᠡᠯᠪᠡᠷᠡᠭᠦ ᠦᠭᠡᠢ︾ ᠭᠡᠵᠤ ᠶᠠᠷᠢᠯ᠎ᠠ᠃ | ᠤᠳᠤᠬᠠᠨ ᠳᠤ ᠶᠠᠫᠤᠨ ᠤ ᠵᠠᠬ᠎ᠠ ᠳᠡᠯᠭᠡᠭᠦᠷ ᠳᠡᠭᠡᠷ᠎ᠡ ᠭᠠᠷᠴᠤ ᠪᠠᠶᠢᠭ᠎ᠠ ᠹᠧᠩ ᠲᠢᠶᠡᠨ ᠤᠰᠤᠳᠦ᠋ᠷᠦᠭᠴᠢ ᠪᠠᠷ ᠡᠨᠧᠷᠭᠢ ᠪᠠᠨ ᠪᠤᠯᠭᠠᠬᠰᠠᠨ | ᠮᠠᠰᠢᠨ ᠳᠡᠷᠭᠡ ᠶᠢᠨ ᠦᠨ᠎ᠡ ᠨᠢ ᠪᠠᠷᠤᠭ 37.7 ᠲᠦᠮᠡᠨ ᠲᠦᠭᠦᠷᠢᠭ ᠤᠷᠴᠢᠮ ᠪᠠᠶᠢᠵᠤ᠂ ᠵᠠᠬ᠎ᠠ ᠳᠡᠯᠭᠡᠭᠦᠷ ᠳᠡᠭᠡᠷ᠎ᠡ ᠪᠤᠷᠤᠯᠠᠭᠤᠯᠤᠬᠳᠠᠬᠤ ᠭᠡᠮᠵᠢᠶ᠎ᠡ ᠨᠢ | ᠶᠡᠭᠡᠰᠪᠡᠯ ᠦᠨ᠎ᠡ ᠨᠢ ᠪᠠᠭᠤᠷᠠᠬᠤ ᠪᠤᠯᠤᠨ᠎ᠠ᠃ ᠳᠤᠰ ᠮᠠᠰᠢᠨ ᠳᠡᠷᠭᠡᠨ ᠳᠤ ᠤᠰᠤᠲᠦ᠋ᠷᠦᠭᠴᠢ ᠲᠦᠭᠦᠷᠳᠡᠯ᠎ᠡ ᠨᠡᠮᠡᠭᠦ ᠳᠤ ᠵᠦᠪᠭᠡᠨ ᠭᠤᠷᠪᠠᠭ᠋ᠠᠨ ᠮᠢᠨᠦ᠋ᠲ | ᠭᠡᠷᠡᠭᠰᠡᠵᠤ᠂ ᠨᠢᠭᠡ ᠤᠳᠠᠭ᠎ᠠ ᠲᠦᠭᠦᠷᠳᠡᠯ᠎ᠡ ᠨᠡᠮᠡᠴᠢᠭᠡᠪᠡᠯ 500 ᠢᠯᠡᠭᠦᠦ ᠺᠢᠯᠦᠮᠧᠲᠷ ᠠᠶᠠᠯᠠᠵᠤ ᠴᠢᠳᠠᠨ᠎ᠠ᠃ ᠬᠠᠶᠠᠬᠳᠠᠮᠠᠯ ᠭᠡᠢ ᠭᠠᠳᠠᠬᠰᠢᠯᠠᠭᠤᠯᠬᠤ | ᠦᠭᠡᠢ᠂ ᠡᠨᠧᠷᠭᠢ ᠳᠤ ᠠᠷᠪᠢᠳᠠᠢ᠂ ᠠᠮᠤᠷ ᠲᠦᠪᠰᠢᠨ ᠤ ᠪᠠᠳᠤᠯᠠᠭ᠎ᠠ ᠰᠠᠶᠢᠨ ᠵᠡᠷᠭᠡ ᠳᠠᠪᠠᠭᠤᠯᠢᠭ ᠢᠶᠠᠷ ᠢᠶᠠᠨ ᠳᠤᠰ ᠮᠠᠰᠢᠨ ᠳᠡᠷᠭᠡ ᠨᠢ | ᠭᠡᠷᠡᠭᠯᠡᠭᠴᠢᠳ ᠤᠨ ᠠᠩᠬᠠᠷᠤᠯ ᠢ ᠶᠡᠭᠡᠳᠡ ᠳᠠᠳᠠᠵᠤ ᠪᠠᠶᠢᠭ᠎ᠠ ᠪᠤᠯᠪᠠᠴᠤ ᠳᠤᠰ ᠮᠠᠰᠢᠨ ᠳᠡᠷᠭᠡ ᠶᠢ ᠲᠦᠭᠡᠮᠡᠯᠵᠢᠭᠦᠯᠭᠦ ᠳᠤ ᠪᠠᠰᠠ ᠨᠡᠯᠢᠶᠡᠳ ᠤᠷᠳᠤ ᠴᠠᠭ | ᠬᠤᠭᠤᠴᠠᠭ᠎ᠠ ᠭᠡᠷᠡᠭᠰᠡᠭᠦ ᠪᠤᠯᠤᠨ᠎ᠠ᠃ |