ᠬᠢᠮᠢ ᠶᠢᠨ ᠪᠤᠷᠳᠤᠭᠤᠷ ᠬᠡᠷᠡᠭᠯᠡᠬᠦ ᠳᠠᠪᠤᠨ ᠴᠡᠬᠡᠷ
ᠵᠣᠬᠢᠶᠠᠭᠴᠢ᠄ 
              ᠬᠢᠮᠢ ᠶᠢᠨ ᠪᠤᠷᠳᠤᠭᠤᠷ ᠬᠡᠷᠡᠭᠯᠡᠬᠦ ᠳᠠᠪᠤᠨ ᠴᠡᠬᠡᠷ       ※ ᠠᠽᠤᠲ ᠪᠤᠷᠳᠤᠭᠤᠷ ᠢ ᠬᠦᠷᠤᠰᠤᠨ ᠤ ᠦᠡᠭᠬᠡᠨ ᠳᠠᠯ ᠎ᠠ ᠳᠤ ᠬᠦᠶᠤᠬᠡᠨ ᠤᠷᠤᠭᠤᠯᠬᠤ ᠶᠢ ᠴᠡᠬᠡᠷᠯᠡᠬᠦ   ᠬᠡᠷᠡᠭᠳᠡᠢ᠃ ᠤᠴᠢᠷ ᠨᠢ ᠠᠽᠤᠲ ᠪᠤᠷᠳᠤᠭᠤᠷ ᠢ ᠬᠦᠷᠤᠰᠤᠨ ᠳᠤᠤᠷ᠎ᠠ ᠬᠦᠨ ᠰᠢᠭ ᠤᠷᠤᠭᠤᠯᠬᠤ ᠦᠬᠡᠢ ᠪᠤᠯ ᠨᠠᠷᠠᠨ   ᠬᠡᠷᠡᠯ ᠤᠨ ᠳᠤᠰᠤᠯᠳᠠ ᠪᠠᠷ ᠳᠤᠩ ᠠᠮᠠᠷᠬᠠᠨ ᠵᠠᠳᠠᠷᠠᠯᠳᠠ ᠡᠬᠦᠰᠴᠤ ᠳᠡᠬᠦᠨ ᠤ ᠳᠤᠳᠤᠷᠠᠬᠢ ᠨᠡᠬᠦᠷᠡᠰᠤ ᠬᠦᠴᠢᠯ ᠤᠨ   ᠠᠮᠮᠤᠨᠢ ᠶᠢᠨ ᠵᠠᠳᠠᠷᠠᠯ ᠨᠠᠩ ᠬᠡᠴᠡᠬᠦᠤ ᠪᠠᠶᠢᠳᠠᠭ᠃ ᠡᠶᠢᠮᠤ ᠠᠴᠠ ᠠᠽᠤᠲ ᠪᠤᠷᠳᠤᠭᠤᠷ ᠢ ᠤᠷᠤᠭᠤᠯᠬᠤ ᠳᠤ   ᠬᠦᠷᠤᠰᠤ ᠶᠢ ᠬᠦᠨ ᠮᠠᠯᠳᠠᠬᠤ ᠬᠡᠷᠡᠭᠳᠡᠢ᠃         ※   ᠳᠠᠩ ᠭᠠᠭᠴᠠ ᠨᠢᠬᠡ ᠵᠦᠢᠯ ᠤᠨ ᠬᠢᠮᠢ ᠶᠢᠨ ᠪᠤᠷᠳᠤᠭᠤᠷ ᠤᠷᠤᠭᠤᠯᠬᠤ ᠶᠢ ᠴᠡᠬᠡᠷᠯᠡᠬᠦ ᠬᠡᠷᠡᠭᠳᠡᠢ᠃ ᠳᠠᠩ   ᠭᠠᠭᠴᠠ ᠨᠢᠬᠡ ᠵᠦᠢᠯ ᠤᠨ ᠬᠢᠮᠢ ᠶᠢᠨ ᠪᠤᠷᠳᠤᠭᠤᠷ ᠤᠷᠤᠭᠤᠯᠪᠠᠯ ᠬᠦᠷᠤᠰᠤ ᠰᠢᠷᠤᠢ ᠶᠢᠨ ᠪᠦᠳᠤᠴᠠ ᠶᠢ ᠡᠪᠳᠡᠵᠤ   ᠬᠡᠳᠡᠷᠬᠦ ᠪᠠᠨ ᠬᠦᠷᠤᠰᠤ ᠰᠢᠷᠤᠢ ᠶᠢ ᠬᠠᠳᠠᠭᠤᠷᠠᠭᠤᠯᠵᠤ ᠬᠦᠴᠢᠯᠯᠢᠭ ᠪᠤᠶᠤ ᠬᠤᠵᠢᠷᠯᠢᠬ ᠪᠤᠯᠭᠠᠳᠠᠭ᠃ ᠡᠶᠢᠮᠤ ᠠᠴᠠ   ᠵᠦᠢ ᠵᠤᠬᠢᠰᠳᠠᠢ ᠪᠤᠷᠳᠤᠭᠤᠷ ᠤᠷᠤᠭᠤᠯᠬᠤ ᠨᠢ ᠳᠤᠩ ᠴᠢᠬᠤᠯᠠ ᠪᠠᠶᠢᠳᠠᠭ᠃           ※   ᠳᠤᠮᠤ ᠬᠦᠯᠡᠮᠵᠢ ᠪᠤᠯᠤᠨ ᠳᠤᠯᠠᠭᠠᠨ ᠬᠦᠯᠡᠮᠵᠢ ᠳᠤ ᠰᠢᠪᠳᠤᠷ ᠤᠨ ᠤᠰᠤ ᠪᠤᠯᠤᠨ ᠨᠡᠬᠦᠷᠡᠰᠤᠳᠦ᠋ᠷᠦᠭᠴᠢᠳᠤ   ᠠᠮᠮᠤᠨᠢ ᠬᠡᠷᠡᠭᠯᠡᠬᠦ ᠶᠢ ᠴᠡᠬᠡᠷᠯᠡᠬᠦ ᠬᠡᠷᠡᠭᠳᠡᠢ᠃ ᠤᠴᠢᠷ ᠨᠢ ᠳᠤᠮᠤ ᠬᠦᠯᠡᠮᠵᠢ ᠶᠢᠨ ᠠᠮᠢ ᠠᠬᠤᠢ ᠶᠢᠨ ᠤᠷᠴᠢᠨ   ᠳᠤᠭᠤᠷᠢᠨ ᠪᠤᠯ ᠦᠨᠳᠤᠷ ᠳᠤᠯᠠᠭᠠᠨ ᠮᠦᠷᠳᠡᠬᠡᠨ ᠪᠢᠳᠡᠬᠦᠮᠵᠢᠯᠡᠭᠰᠡᠨ ᠪᠤᠯᠬᠤᠷ ᠳᠤᠰ ᠬᠤᠶᠠᠷ ᠵᠦᠢᠯ ᠤᠨ   ᠪᠤᠷᠳᠤᠭᠤᠷ ᠨᠢ ᠦᠨᠳᠤᠷ ᠳᠤᠯᠠᠭᠠᠨ ᠪᠢᠳᠡᠬᠦᠮᠵᠢᠯᠡᠭᠰᠡᠨ ᠤᠷᠴᠢᠨ ᠳᠤ ᠠᠮᠠᠷᠬᠠᠨ ᠠᠭᠤᠷᠰᠢᠵᠤ᠂ ᠳᠤᠯᠠᠭᠠᠨ ᠤ   ᠬᠡᠮᠵᠢᠶ᠎ᠠ ᠬᠡᠳᠤᠢ ᠦᠨᠳᠤᠷ ᠪᠤᠯ ᠠᠮᠮᠤᠨᠢ ᠶᠢᠨ ᠠᠭᠤᠷᠰᠢᠯᠳᠠ ᠳᠡᠳᠤᠢ ᠳᠦᠷᠬᠡᠨ ᠪᠠᠶᠢᠳᠠᠭ ᠠᠴᠠ ᠤᠷᠭᠤᠮᠠᠯ ᠤᠨ   ᠬᠡᠪ ᠤᠨ ᠤᠷᠭᠤᠴᠠ ᠶᠢ ᠨᠦᠯᠤᠬᠡᠯᠡᠳᠡᠭ᠃        ※   ᠦᠳᠬᠡᠴᠠ ᠶᠡᠬᠡᠳᠠᠢ ᠪᠤᠷᠳᠤᠭᠤᠷ ᠢ ᠨᠢᠬᠡ ᠤᠳᠠᠭ᠎ᠠ ᠳᠤ ᠬᠡᠳᠤᠷᠬᠡᠢ ᠤᠯᠠᠨ ᠤᠷᠤᠭᠤᠯᠬᠤ ᠶᠢ ᠴᠡᠬᠡᠷᠯᠡᠬᠦ   ᠬᠡᠷᠡᠭᠳᠡᠢ᠃ ᠠᠽᠤᠲ ᠪᠤᠷᠳᠤᠭᠤᠷ ᠪᠤᠯᠤᠨ ᠤᠷᠭᠠᠨᠢᠭ ᠪᠤᠷᠳᠤᠭᠤᠷ ᠢ ᠨᠢᠬᠡ ᠤᠳᠠᠭ᠎ᠠ ᠳᠤ ᠬᠡᠳᠤᠷᠬᠡᠢ ᠦᠳᠬᠡᠴᠠ ᠲᠠᠢ   ᠬᠡᠷᠡᠭᠯᠡᠵᠤ ᠪᠤᠯᠬᠤ ᠦᠬᠡᠢ᠂ ᠵᠢᠱᠢᠶᠡᠯᠡᠪᠡᠯ᠂ ᠰᠢᠬᠡᠭ ᠪᠤᠷᠳᠤᠭᠤᠷ ᠤᠨ ᠠᠽᠤᠲ ᠤᠨ ᠠᠭᠤᠯᠤᠭᠳᠠᠬᠤᠨ 46% ᠳᠤ   ᠬᠦᠷᠴᠤ ᠪᠠᠶᠢᠳᠠᠭ᠂ ᠬᠡᠷᠪᠠ ᠨᠢᠬᠡ ᠤᠳᠠᠭ᠎ᠠ ᠶᠢᠨ ᠬᠡᠷᠡᠭᠯᠡᠭᠡ ᠶᠢᠨ ᠬᠡᠮᠵᠢᠶ᠎ᠠ ᠨᠢ ᠬᠡᠳᠤᠷᠡᠪᠠᠯ ᠦᠳᠬᠡᠴᠠ ᠶᠢᠨ ᠬᠡᠮᠵᠢᠶ᠎ᠠ   ᠴᠤ ᠬᠡᠳᠤᠷᠡᠵᠤ ᠤᠷᠭᠤᠮᠠᠯ ᠤᠨ ᠦᠨᠳᠤᠰᠤ ᠨᠢ ᠢᠯᠵᠠᠷᠡᠵᠤ ᠦᠬᠦᠵᠤ ᠰᠢᠷᠠᠯᠠᠳᠠᠭ᠃ ᠨᠢᠬᠡ ᠤᠳᠠᠭ᠎ᠠ ᠳᠤ   ᠬᠡᠮᠵᠢᠶ᠎ᠠ ᠨᠢ ᠪᠠᠭ᠎ᠠ᠂ ᠤᠯᠠᠨ ᠤᠳᠠᠭ᠎ᠠ ᠪᠤᠷᠳᠤᠭᠤᠷ ᠤᠷᠤᠭᠤᠯᠬᠤ ᠠᠷᠭ᠎ᠠ ᠶᠢ ᠬᠡᠷᠡᠭᠯᠡᠬᠦ ᠬᠡᠷᠡᠭᠳᠡᠢ᠃         ※ ᠪᠤᠷᠳᠤᠭᠤᠷ ᠤᠨ ᠰᠢᠨᠵᠢ ᠴᠢᠨᠠᠷ ᠢ ᠤᠢᠢᠯᠠᠭᠠᠬᠤ ᠦᠬᠡᠢ ᠪᠠᠷ ᠬᠤᠶᠠᠷ ᠵᠦᠢᠯ ᠤᠨ ᠪᠤᠷᠳᠤᠭᠤᠷ ᠢ   ᠳᠤᠷ᠎ᠠ ᠪᠠᠷ ᠨᠢ ᠬᠤᠯᠢᠵᠤ ᠤᠷᠤᠭᠤᠯᠬᠤ ᠶᠢ ᠴᠡᠬᠡᠷᠯᠡᠬᠦ ᠬᠡᠷᠡᠭᠳᠡᠢ᠃ ᠵᠢᠱᠢᠶᠡᠯᠡᠪᠡᠯ᠂ ᠠᠮᠮᠤᠨᠢ ᠠᠽᠤᠲ ᠤᠨ ᠬᠡᠯᠪᠡᠷᠢᠳᠤ   ᠪᠤᠷᠳᠤᠭᠤᠷ ᠢ ᠡᠪᠡᠰᠤ ᠮᠤᠳᠤᠨ ᠤ ᠦᠨᠡᠰᠤ᠂ ᠴᠤᠬᠤᠢ᠂ ᠹᠤᠰᠹᠤᠷ ᠪᠤᠷᠳᠤᠭᠤᠷ ᠵᠡᠷᠬᠡ ᠬᠤᠵᠢᠷᠯᠢᠬ ᠴᠢᠨᠠᠷᠳᠠᠢ   ᠪᠤᠷᠳᠤᠭᠤᠷ ᠯᠤᠭ᠎ᠠ ᠬᠤᠯᠢᠬᠤ ᠶᠢ ᠴᠡᠬᠡᠷᠯᠡᠬᠦ ᠬᠡᠷᠡᠭᠳᠡᠢ︔ ᠨᠡᠬᠦᠷᠡᠰᠤ ᠬᠦᠴᠢᠯ ᠤᠨ ᠤᠰᠤᠳᠦ᠋ᠷᠦᠭᠴᠢᠳᠤ ᠠᠮᠮᠤᠨᠢ ᠶᠢ   ᠮᠦᠨ ᠪᠠᠰᠠ ᠬᠦᠮᠤᠨ ᠤ ᠪᠠᠭᠠᠰᠤ ᠰᠢᠬᠡᠰᠤ ᠲᠠᠢ ᠬᠤᠯᠢᠵᠤ ᠬᠡᠷᠡᠭᠯᠡᠬᠦ ᠶᠢ ᠴᠡᠬᠡᠷᠯᠡᠬᠦ ᠬᠡᠷᠡᠭᠳᠡᠢ︔ ᠬᠤᠶᠠᠷ ᠢ ᠬᠡᠷᠪᠠ   ᠬᠤᠯᠢᠵᠤ ᠬᠡᠷᠡᠭᠯᠡᠪᠠᠯ ᠠᠽᠤᠲ ᠡᠯᠧᠮᠧᠨ᠋ᠲ ᠤᠨ ᠠᠭᠤᠷᠰᠢᠯᠳᠠ ᠶᠢ ᠳᠦᠷᠬᠡᠳᠬᠡᠨ ᠪᠤᠷᠳᠤᠭᠤᠷ ᠤᠨ ᠤᠢᠢᠯᠡᠳᠤᠯ ᠢ ᠨᠡᠩ   ᠢᠯᠡᠬᠦᠤ ᠠᠯᠳᠠᠭᠤᠯᠬᠤ ᠪᠤᠯᠤᠨ᠎ᠠ᠃  
 
ᠢᠷᠡᠯᠲᠡ᠄ ᠲᠦᠩᠯᠢᠶᠤᠤ ᠮᠤᠩᠭᠤᠯ ᠰᠦᠯᠵᠢᠶ᠎ᠡ
ᠨᠠᠶᠢᠷᠠᠭᠤᠯᠤᠭᠴᠢ᠄ ᠭᠤᠸᠠᠨ ᠴᠠᠩ ᠰᠢ
ᠣᠷᠴᠢᠭᠤᠯᠤᠭᠴᠢ᠄
   
ᠬᠤᠯᠪᠣᠭᠳᠠᠯ ᠪᠦᠬᠦᠢ ᠠᠭᠤᠯᠭ᠎ᠠ ᠶᠢᠨ ᠭᠠᠷᠴᠠᠭ
 
2014-2016 © ᠬᠠᠷᠢᠯᠴᠠᠬᠤ ᠤᠲᠠᠰᠤ᠄ 0471-6280741 ᠢᠮᠧᠯ᠄ nmgbute@163.com
ᠵᠤᠬᠢᠶᠠᠭᠴᠢ ᠶᠢᠨ ᠡᠷᠬᠡ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠬᠤᠷᠢᠭᠯᠠᠨ᠎ᠠ᠃
︽ᠬᠡᠷᠡᠭᠯᠡᠭᠡᠨ ᠤ ᠮᠡᠷᠭᠡᠵᠢᠯ ᠤᠨ ᠮᠤᠩᠭᠤᠯ ᠰᠦᠯᠵᠢᠶᠡᠨ ᠤ ᠬᠥᠯᠭᠡ︾ ᠦᠮᠴᠢᠯᠡᠯ ᠲᠠᠢ︕