| | ᠠᠷᠪᠠᠠ ᠠᠷᠭ᠎ᠠ ᠪᠠᠷ ᠬᠥᠷᠥᠰᠥ ᠰᠢᠷᠣᠢ ᠶᠢᠨ | ᠥᠡᠭ ᠰᠢᠮᠡᠯᠢᠭ ᠡᠰᠡᠬᠦ ᠶᠢ ᠢᠯᠭᠠᠬᠤ ᠨᠢ | | | | | | | | | ᠨᠢᠭᠡ᠂ ᠬᠦᠷᠦᠰᠦ ᠰᠢᠷᠦᠢ ᠶᠢᠨ ᠦᠩᠭᠡ ᠶᠢ ᠦᠵᠡᠬᠦ᠄ ᠦᠩ ᠰᠢᠮᠡᠯᠢᠭ ᠬᠦᠷᠦᠰᠦ ᠰᠢᠷᠦᠢ ᠶᠢᠨ ᠦᠩᠭᠡ ᠨᠢ ᠨᠡᠯᠢᠶᠡᠳ ᠭᠦᠨ᠂ ᠴᠢᠨᠠᠷ ᠮᠠᠭᠤ | ᠬᠦᠷᠦᠰᠦ ᠰᠢᠷᠦᠢ ᠶᠢᠨ ᠦᠩᠭᠡ ᠨᠢ ᠬᠠᠷᠢᠨ ᠭᠦᠶᠦᠬᠡᠨ ᠪᠠᠶᠢᠳᠠᠭ᠃ | ᠬᠤᠶᠠᠷ᠂ ᠰᠢᠷᠦᠢ ᠶᠢᠨ ᠳᠠᠪᠬᠤᠷᠭ᠎ᠠ ᠶᠢᠨ ᠭᠦᠨ ᠭᠦᠶᠦᠭᠡᠨ ᠢ ᠦᠵᠡᠬᠦ᠄ ᠦᠩ ᠰᠢᠮᠡᠭᠡᠯᠢᠭ ᠬᠦᠷᠦᠰᠦᠨ ᠤ ᠳᠠᠪᠬᠤᠷᠭ᠎ᠠ ᠨᠢ ᠶᠡᠷᠤ ᠳᠡᠭᠡᠨ 60 | ᠮᠢᠯᠢᠮᠧᠲᠷ ᠠᠴᠠ ᠭᠦᠨ᠃ ᠴᠢᠨᠠᠷ ᠮᠠᠭᠤ ᠰᠢᠷᠦᠢ ᠶᠢᠨ ᠬᠦᠷᠦᠰᠦᠨ ᠤ ᠳᠠᠪᠬᠤᠷᠭ᠎ᠠ ᠨᠢ ᠬᠠᠷᠢᠴᠠᠩᠭᠤᠢ ᠭᠦᠶᠦᠬᠡᠨ ᠪᠠᠶᠢᠳᠠᠭ᠃ | ᠭᠤᠷᠪᠠ᠂ ᠬᠠᠭᠠᠯᠪᠤᠷᠢᠯᠠᠬᠤ ᠳᠤ ᠲᠤᠬᠢᠷᠠᠬᠤ ᠡᠰᠡᠬᠦ ᠶᠢ ᠦᠵᠡᠬᠦ᠄ ᠦᠩ ᠰᠢᠮᠡᠭᠡᠯᠢᠭ ᠬᠦᠷᠦᠰᠦᠨ ᠤ ᠳᠠᠪᠬᠤᠷᠭ᠎ᠠ ᠨᠢ ᠰᠤᠯᠠ᠂ | ᠬᠠᠭᠠᠯᠪᠤᠷᠢᠯᠠᠬᠤ ᠳᠤ ᠠᠮᠠᠷ᠂ ᠴᠢᠨᠠᠷ ᠮᠠᠭᠤ ᠬᠦᠷᠦᠰᠦ ᠰᠢᠷᠦᠢ ᠨᠢ ᠠᠨᠵᠢᠰᠤ ᠲᠠᠢ ᠨᠠᠭᠠᠯᠳᠤᠭᠠᠳ᠂ ᠬᠠᠭᠠᠯᠪᠤᠷᠢᠯᠠᠬᠤ ᠳᠤ ᠬᠦᠴᠢᠷ ᠪᠠᠶᠢᠳᠠᠭ᠃ | ᠳᠦᠷᠪᠡ᠂ ᠬᠦᠷᠦᠰᠦᠨ ᠤ ᠴᠠᠷᠴᠠᠬᠤ ᠴᠢᠨᠠᠢ ᠬᠢᠭᠡᠳ ᠠᠩ ᠢ ᠦᠵᠡᠬᠦ᠄ ᠦᠩ ᠰᠢᠮᠡᠭᠡᠯᠢᠭ ᠬᠦᠷᠦᠰᠦ ᠨᠢ ᠠᠮᠠᠷᠬᠠᠨ ᠴᠠᠷᠴᠠᠬᠤ ᠦᠭᠡᠢ᠂ | ᠬᠦᠷᠦᠰᠦᠨ ᠤ ᠠᠩ ᠨᠢ ᠠᠷᠪᠢᠨ ᠮᠦᠷᠳᠡᠭᠡᠨ ᠵᠢᠵᠢᠭ᠃ ᠴᠠᠨᠠᠷ ᠮᠠᠭᠤ ᠬᠦᠷᠦᠰᠦ ᠪᠤᠯ ᠠᠮᠠᠷᠬᠠᠨ ᠴᠠᠷᠴᠠᠵᠤ ᠦᠷᠦᠮᠡᠳᠦᠭᠡᠳ᠂ ᠬᠦᠷᠦᠰᠦᠨ ᠤ ᠠᠩ ᠨᠢ | ᠵᠢᠵᠢᠭ ᠮᠦᠷᠳᠡᠭᠡᠨ ᠶᠡᠭᠡ ᠪᠠᠶᠢᠳᠠᠭ᠃ | ᠲᠠᠪᠤ᠂ ᠬᠦᠷᠦᠰᠦᠨ ᠤ ᠤᠰᠤ ᠲᠤᠭᠳᠠᠭᠠᠬᠤ ᠴᠢᠳᠠᠪᠤᠷᠢ ᠶᠢ ᠦᠵᠡᠬᠦ᠄ ᠤᠰᠤᠨ ᠤ ᠰᠢᠮᠡᠳᠬᠦ ᠨᠢ ᠤᠳᠠᠭᠠᠨ᠂ ᠨᠢᠭᠡ ᠤᠳᠠᠭ᠎ᠠ ᠤᠰᠤᠯᠠᠪᠡᠯ 6-7 | ᠡᠳᠦᠷ ᠤᠰᠤ ᠬᠠᠳᠠᠭᠠᠯᠠᠭᠳᠠᠵᠤ ᠴᠢᠳᠠᠪᠡᠯ ᠦᠩ ᠰᠢᠮᠡᠯᠢᠭ ᠬᠦᠷᠦᠰᠦ᠃ ᠤᠰᠤᠨ ᠤ ᠰᠢᠮᠡᠳᠬᠦ ᠪᠤᠶᠤ ᠠᠩ ᠤᠨ ᠵᠠᠪᠰᠠᠷ ᠢᠶᠠᠷ ᠤᠰᠤ ᠳᠦᠷᠭᠡᠨ | ᠰᠢᠮᠡᠳᠴᠤ ᠪᠠᠶᠢᠪᠡᠯ ᠮᠠᠭᠤ ᠬᠦᠷᠦᠰᠦ ᠪᠤᠯᠬᠤ ᠶᠤᠮ᠃ | ᠵᠢᠷᠭᠤᠭ᠎ᠠ᠂ ᠤᠰᠤᠨ ᠤ ᠴᠢᠨᠠᠷ ᠢ ᠦᠵᠡᠬᠦ᠄ ᠤᠰᠤ ᠨᠢ ᠵᠦᠭᠡᠯᠡᠨ᠂ ᠬᠦᠯ ᠳᠤ ᠨᠠᠭᠠᠯᠳᠤᠬᠤ᠂ ᠭᠡᠷᠡᠯ ᠳᠤᠰᠬᠤ ᠪᠤᠶᠤ ᠬᠦᠯ ᠢᠶᠠᠷ ᠭᠢᠰᠭᠢᠬᠦ | ᠦᠶ᠎ᠡ ᠳᠤ ᠲᠤᠮᠤ ᠬᠦᠭᠡᠰᠦ ᠭᠠᠷᠴᠤ ᠪᠠᠶᠢᠪᠡᠯ ᠦᠩ ᠰᠢᠮᠡᠭᠡᠯᠢᠭ ᠬᠦᠷᠦᠰᠦ ᠶᠤᠮ ᠃ ᠤᠰᠤ ᠨᠢ ᠳᠤᠩᠭᠠᠯᠠᠭ᠂ ᠤᠰᠤᠨ ᠲᠠᠷᠢᠶᠠᠨ ᠳᠤ ᠬᠦᠭᠡᠰᠦ | ᠭᠠᠷᠬᠤ ᠦᠭᠡᠢ ᠪᠤᠶᠤ ᠬᠦᠭᠡᠰᠦ ᠨᠢ ᠪᠠᠭ᠎ᠠ ᠮᠦᠷᠳᠡᠭᠡᠨ ᠠᠮᠠᠷᠬᠠᠨ ᠰᠠᠷᠨᠢᠳᠠᠭ ᠪᠤᠯ ᠮᠠᠭᠤ ᠬᠦᠷᠦᠰᠦ ᠶᠤᠮ᠃ | ᠲᠤᠯᠤᠭ᠎ᠠ᠂ ᠰᠦᠨᠢ ᠶᠢᠨ ᠴᠢᠬᠢᠭ ᠤᠨ ᠪᠠᠶᠢᠳᠠᠯ ᠢ ᠦᠵᠡᠬᠦ᠄ ᠰᠦᠨᠢ ᠶᠢᠨ ᠴᠢᠬᠢᠭ ᠶᠡᠭᠡ᠂ ᠬᠠᠳᠠᠪᠡᠯ ᠲᠠᠬᠢᠨ ᠴᠢᠬᠢᠭᠳᠦᠬᠦ ᠮᠦᠷᠳᠡᠭᠡᠨ ᠠᠮᠠᠷᠬᠠᠨ | ᠬᠠᠳᠠᠵᠤ ᠬᠠᠳᠠᠭᠤᠷᠠᠬᠤ ᠦᠭᠡᠢ ᠪᠤᠯ ᠦᠩ ᠰᠢᠮᠡᠭᠡᠯᠢᠭ ᠬᠦᠷᠦᠰᠦ ᠶᠤᠮ᠃ ᠰᠦᠨᠢ ᠳᠡᠭᠡᠨ ᠴᠢᠬᠢᠭᠳᠦᠬᠦ ᠦᠭᠡᠢ᠂ ᠬᠦᠷᠦᠰᠦ ᠨᠢ ᠬᠡᠰᠡᠭᠷᠡᠵᠤ | ᠬᠠᠳᠠᠭᠤᠷᠠᠪᠡᠯ ᠮᠠᠭᠤ ᠬᠦᠷᠦᠰᠦ ᠪᠤᠯᠬᠤ ᠶᠤᠮ᠃ | ᠨᠠᠢᠮᠠ᠂ ᠬᠦᠷᠦᠰᠦᠨ ᠤ ᠪᠤᠷᠳᠤᠭᠤᠷ ᠬᠠᠳᠠᠭᠠᠯᠠᠬᠤ ᠴᠢᠳᠠᠪᠤᠷᠢ᠄ ᠪᠤᠷᠳᠤᠭᠤᠷ ᠬᠠᠳᠠᠭᠠᠯᠠᠬᠤ ᠴᠢᠳᠠᠪᠤᠷᠢ ᠨᠢ ᠰᠠᠶᠢᠨ᠂ ᠪᠤᠷᠳᠤᠭᠤᠷ ᠬᠠᠩᠭᠠᠭᠰᠡᠨ | ᠨᠢ ᠭᠦᠢᠴᠡᠳ ᠪᠦᠭᠡᠳ ᠤᠷᠳᠤ ᠤᠳᠠᠭᠠᠨ᠂ ᠡᠰᠡᠭᠦᠯ᠎ᠡ ᠨᠢᠭᠤᠭᠳᠠᠮᠡᠯ ᠬᠦᠴᠦ ᠰᠢᠮ᠎ᠡ ᠲᠠᠢ ᠬᠦᠷᠦᠰᠦ ᠨᠢ ᠪᠦᠷ ᠦᠩ ᠰᠢᠮᠡᠭᠢᠯᠡᠭ ᠬᠦᠷᠦᠰᠦ ᠪᠤᠯᠬᠤ | ᠶᠤᠮ᠃ | ᠶᠢᠰᠦ᠂ ᠤᠷᠭᠤᠮᠡᠯ ᠢ ᠨᠢ ᠦᠵᠡᠬᠦ᠄ ᠫᠠᠳᠠᠭᠠᠷ ᠡᠪᠡᠰᠥ ︵鹅毛草︶᠂ ᠠᠪᠣᠭ᠎ᠠ ︵荠草︶ ᠵᠡᠷᠭᠡ ᠤᠷᠭᠤᠮᠡᠯ ᠤᠷᠭᠤᠵᠤ | ᠪᠠᠶᠢᠪᠡᠯ ᠦᠩ ᠰᠢᠮᠡᠭᠡᠯᠢᠭ ᠬᠦᠷᠦᠰᠦ ᠪᠤᠯᠤᠨ᠎ᠠ᠃ ᠨᠠᠭᠤᠷ ᠤᠨ ᠬᠦᠬᠡ ᠴᠡᠴᠡᠭ᠂ ᠭᠤᠷᠪᠠᠯᠵᠢ ᠴᠡᠴᠡᠭ᠂ ᠵᠡᠷᠯᠢᠭ ᠰᠤᠩᠭᠢᠨ᠎ᠠ ᠵᠡᠷᠭᠡ ᠤᠷᠭᠤᠮᠡᠯ | ᠤᠷᠭᠤᠵᠤ ᠪᠠᠶᠢᠪᠡᠯ ᠮᠠᠭᠤ ᠬᠦᠷᠦᠰᠦ ᠪᠤᠯᠬᠤ ᠶᠤᠮ᠃ | ᠠᠷᠪᠠ᠂ ᠠᠮᠢᠳᠡᠨ ᠢ ᠨᠢ ᠦᠵᠡᠬᠦ᠄ ᠡᠮᠡᠭᠡᠨ ᠬᠢᠮᠦᠰᠦ᠂ ᠮᠤᠭᠠᠢ ᠵᠢᠷᠡᠰᠦ᠂ ᠴᠢᠬᠢᠭ ᠤᠨ ᠤᠯᠠᠭᠠᠨ ᠬᠤᠷᠤᠬᠠᠢ᠂ ᠬᠠᠨᠠᠭᠤᠷ ᠬᠤᠷᠤᠬᠠᠢ ᠵᠡᠷᠭᠡ | ᠠᠮᠢᠳᠡᠨ ᠪᠠᠶᠢᠪᠡᠯ ᠦᠩ ᠰᠢᠮᠡᠭᠡᠯᠢᠭ ᠬᠦᠷᠦᠰᠦ᠃ ᠪᠠᠭ᠎ᠠ ᠰᠢᠷᠭᠤᠯᠵᠢ᠂ ᠪᠦᠳᠦᠭᠦᠨ ᠰᠢᠷᠭᠤᠯᠵᠢ ᠵᠡᠷᠭᠡ ᠤᠯᠠᠨ ᠪᠠᠶᠢᠪᠡᠯ ᠮᠠᠭᠤ ᠬᠦᠷᠦᠰᠦ ᠪᠤᠯᠬᠤ | ᠶᠤᠮ᠃ |