ᠰᠢᠨᠵᠢᠯᠡᠬᠦ ᠤᠬᠠᠭᠠᠨ ᠲᠡᠯᠭᠡᠷᠡᠭᠦᠯᠬᠦ ᠵᠤᠬᠢᠶᠠᠯ  ᠢ ᠨᠠᠶᠢᠷᠠᠭᠤᠯᠤᠨ ᠮᠤᠩᠭᠤᠯᠴᠢᠯᠠᠬᠤ ᠳᠤ ᠠᠩᠬᠠᠷᠤᠭᠤᠰᠢᠳᠠᠢ ᠭᠡᠳᠤᠨ ᠠᠷᠭ᠎ᠠ ᠪᠠᠷᠢᠯ  ᠤᠨ ᠲᠤᠬᠠᠢ
ᠵᠣᠬᠢᠶᠠᠭᠴᠢ᠄ 
ᠨᠠᠨᠳᠢᠨ᠎ᠠ
                ᠰᠢᠨᠵᠢᠯᠡᠬᠦ   ᠤᠬᠠᠭᠠᠨ   ᠲᠡᠯᠭᠡᠷᠡᠭᠦᠯᠬᠦ     ᠵᠤᠬᠢᠶᠠᠯ    ᠢ   ᠨᠠᠶᠢᠷᠠᠭᠤᠯᠤᠨ                 ᠮᠤᠩᠭᠤᠯᠴᠢᠯᠠᠬᠤ ᠳᠤ ᠠᠩᠬᠠᠷᠤᠭᠤᠰᠢᠳᠠᠢ ᠭᠡᠳᠤᠨ ᠠᠷᠭ᠎ᠠ ᠪᠠᠷᠢᠯ  ᠤᠨ ᠲᠤᠬᠠᠢ                       ᠦᠪᠦᠷ ᠮᠤᠩᠭᠤᠯ ᠤᠨ ᠰᠤᠷᠭᠠᠨ ᠬᠦᠮᠦᠵᠢᠯ ᠤᠨ ᠬᠡᠪᠯᠡᠯ ᠤᠨ ᠬᠤᠷᠢᠶ᠎ᠠ     ᠨᠠᠨᠳᠢᠨ᠎ᠠ         1. ᠤᠯᠤᠰ ᠤᠷᠤᠨ  ᠤ ᠪᠠᠨ ᠪᠤᠳᠠᠳᠤ ᠪᠠᠶᠢᠳᠠᠯ ᠲᠠᠢ ᠤᠶᠠᠯᠳᠤᠭᠤᠯᠬᠤ᠃   ᠤᠳᠤᠬᠠᠨ᠎ᠠ ᠮᠠᠨ  ᠤ ᠤᠯᠤᠰ ᠤᠷᠤᠨ  ᠤ ᠰᠢᠨᠵᠢᠯᠡᠬᠦ ᠤᠬᠠᠭᠠᠨ ᠮᠡᠷᠭᠡᠵᠢᠯ  ᠤᠨ ᠲᠦᠪᠰᠢᠨ ᠶᠡᠬᠡᠬᠡᠨ ᠬᠦᠭᠵᠢᠯᠳᠡ ᠲᠠᠢ ᠪᠤᠯᠵᠤ ᠪᠠᠶᠢᠪᠠᠴᠤ ᠬᠦᠭᠵᠢᠭᠰᠡᠨ ᠤᠯᠤᠰ  ᠤᠳ ᠲᠠᠢ ᠠᠳᠠᠯᠢᠳᠬᠠᠪᠡᠯ ᠵᠤᠬᠢᠬᠤ ᠬᠡᠮᠵᠢᠶᠡᠨ  ᠤ ᠵᠦᠷᠢᠶ᠎ᠡ ᠤᠷᠤᠰᠢᠵᠤ ᠪᠠᠶᠢᠬᠤ ᠶᠤᠮ᠃ ᠡᠶᠢᠮᠤ ᠠᠴᠠ ᠬᠠᠷᠢ ᠬᠦᠷᠦᠨ  ᠤ ᠲᠡᠷᠢᠭᠦᠨ  ᠤ ᠰᠢᠨᠵᠢᠯᠡᠬᠦ ᠤᠬᠠᠭᠠᠨ ᠮᠡᠷᠭᠡᠵᠢᠯ ᠪᠤᠯᠤᠨ ᠦᠢᠯᠡᠳᠭᠦᠨ  ᠢ ᠲᠠᠨᠢᠯᠴᠠᠭᠤᠯᠬᠤ ᠳᠤ ᠪᠢᠳᠡ ᠡᠷᠭᠡᠪᠰᠢ ᠵᠦᠷᠢᠶ᠎ᠡ ᠢᠯᠭᠠᠭ᠎ᠠ ᠪᠠ ᠤᠯᠠᠨ ᠲᠦᠮᠡᠨ  ᠤ ᠮᠡᠳᠡᠯᠭᠡ ᠪᠤᠯᠤᠨ ᠦᠢᠯᠡᠳᠤᠯᠭᠡ ᠲᠤᠷᠰᠢᠯᠭ᠎ᠠ  ᠶᠢᠨ ᠪᠠᠶᠢᠳᠠᠯ  ᠢ ᠠᠩᠬᠠᠷᠬᠤ ᠬᠡᠷᠡᠭᠳᠡᠢ᠃ ᠬᠡᠷᠪᠡ ᠮᠠᠨ ᠤᠯᠤᠰ ᠤᠷᠤᠨ  ᠤ ᠪᠠᠨ ᠪᠤᠰᠤᠳᠴᠢ ᠪᠠᠶᠢᠳᠠᠯ  ᠢ ᠬᠠᠷᠠᠭᠠᠯᠵᠠᠬᠤ ᠦᠭᠡᠢ᠂ ᠰᠢᠯᠢᠨ ᠰᠤᠩᠭᠤᠬᠤ ᠦᠭᠡᠢ᠂ ᠪᠠᠶᠢᠴᠠᠭᠠᠨ ᠰᠤᠳᠤᠯᠤᠯᠳᠠ ᠬᠢᠬᠦ ᠦᠭᠡᠢ ᠪᠠᠷ ᠬᠠᠷᠢ ᠬᠦᠷᠤᠨ ᠪᠤᠶᠤ ᠭᠠᠳᠠᠷ ᠮᠤᠵᠢ ᠤᠷᠤᠨ  ᠤ ᠰᠤᠨᠢᠨ ᠰᠡᠳᠭᠦᠯ ᠳᠤ ᠨᠠᠶᠢᠳᠠᠯᠠᠵᠤ ᠪᠦᠬᠦᠢ ᠵᠦᠢᠯ  ᠢ ᠲᠡᠷᠨ ᠬᠡᠪ  ᠢᠶᠠᠷ ᠨᠢ ᠦᠬᠦᠮᠡᠯ  ᠢᠶᠠᠷ ᠪᠠᠭᠤᠯᠭᠠᠨ ᠠᠪᠤᠪᠡᠯ ᠢᠯᠠᠭᠳᠠᠯ ᠳᠤ ᠤᠴᠠᠷᠠᠵᠤ ᠮᠡᠳᠡᠬᠦ ᠶᠤᠮ᠃ ᠮᠠᠨ  ᠤ ᠤᠯᠤᠰ ᠤᠷᠤᠨ  ᠤ ᠪᠠᠶᠢᠳᠠᠯ  ᠢᠶᠠᠨ ᠪᠤᠳᠤᠯᠬᠢᠯᠡᠯ ᠦᠭᠡᠢ ᠪᠠᠷ ᠬᠠᠷᠢ ᠬᠦᠷᠤᠨ  ᠤ ᠲᠡᠷᠢᠭᠦᠨ  ᠤ ᠮᠡᠷᠭᠡᠵᠢᠯ  ᠤᠨ ᠵᠤᠬᠢᠶᠠᠯ  ᠢ ᠦᠬᠦᠮᠡᠯ  ᠢᠶᠠᠷ ᠮᠤᠩᠭᠤᠯᠴᠢᠯᠠᠵᠤ᠂ ᠰᠤᠨᠢᠨ ᠰᠡᠳᠭᠦᠯ ᠷᠠᠳᠢᠣ᠋ ᠲᠡᠭᠡᠷ᠎ᠡ ᠶᠡᠭᠡ ᠬᠡᠮᠵᠢᠶᠡᠨ  ᠤ ᠭᠠᠵᠠᠷ ᠡᠵᠡᠯᠡᠭᠦᠯᠵᠤ ᠨᠡᠶᠢᠳᠠᠯᠠᠬᠦ ᠪᠤᠶᠤ ᠨᠡᠪᠳᠡᠷᠡᠭᠦᠯᠪᠡᠯ ᠰᠤᠶᠢᠳᠤᠯ ᠬᠤᠬᠢᠷᠠᠯ ᠳᠤ ᠤᠴᠠᠷᠠᠬᠤ ᠮᠦᠷᠳᠡᠭᠡᠨ ᠤᠩᠰᠢᠭᠴᠢ᠂ ᠰᠤᠨᠤᠰᠤᠭᠴᠢ᠂ ᠠᠰᠢᠭᠯᠠᠭᠴᠢᠳ  ᠤᠨ ᠱᠠᠭᠠᠷᠳᠠᠵᠤ ᠪᠠᠶᠢᠭ᠎ᠠ ᠬᠡᠷᠡᠭᠴᠡᠭᠡ ᠳᠤ ᠵᠤᠬᠢᠴᠠᠭᠤᠯᠵᠤ ᠴᠢᠳᠠᠬᠤ ᠦᠭᠡᠢ ᠪᠤᠯᠬᠤ ᠶᠤᠮ᠃        2. ᠦᠷᠭᠡᠳᠭᠡᠬᠦ ᠪᠠ ᠪᠠᠭᠠᠰᠬᠠᠬᠤ᠃ ᠰᠢᠨᠵᠢᠯᠡᠬᠦ ᠤᠬᠠᠭᠠᠨ ᠲᠡᠯᠭᠡᠷᠡᠭᠦᠯᠬᠦ   ᠵᠤᠬᠢᠶᠡᠯ  ᠢ ᠨᠠᠶᠢᠷᠠᠭᠤᠯᠤᠨ ᠮᠤᠩᠭᠤᠯᠴᠢᠯᠠᠬᠤ ᠠᠵᠢᠯ  ᠤᠨ ᠲᠤᠮᠳᠠ ᠰᠤᠨᠢᠷᠬᠠᠯ ᠲᠠᠢ ᠮᠠᠲ᠋ᠧᠷᠢᠶᠠᠯ ᠦᠷᠭᠦᠯᠵᠢ ᠲᠤᠬᠢᠶᠠᠯᠳᠤᠨ᠎ᠠ᠃ ᠭᠡᠪᠡᠴᠤ ᠰᠤᠨᠢᠷᠬᠠᠯ  ᠲᠠᠢ ᠠᠭᠤᠯᠭ᠎ᠠ ᠨᠢ ᠲᠦᠭᠦᠮ ᠠᠪᠰᠠᠷᠬᠠᠨ ᠪᠦᠭᠡᠳ ᠭᠤᠤᠯ ᠠᠭᠤᠯᠭ᠎ᠠ ᠲᠠᠢ ᠪᠠᠨ ᠨᠢᠭᠳᠠ ᠬᠠᠷᠢᠴᠠᠭ᠎ᠠ ᠦᠭᠡᠢ ᠪᠤᠶᠤ ᠵᠠᠷ ᠮᠡᠳᠡᠭᠡᠨ  ᠤ ᠴᠢᠨᠠᠷ ᠲᠠᠢ ᠵᠦᠢᠯ ᠨᠢ ᠬᠠᠷᠢᠨ ᠲᠡᠶᠢᠯᠦᠩᠭᠦᠢ ᠪᠠᠶᠢᠷᠢ  ᠶᠢ ᠡᠵᠡᠯᠡᠬᠦ ᠶᠠᠪᠤᠳᠠᠯ ᠭᠠᠷᠳᠠᠭ᠃ ᠡᠶᠢᠮᠦᠷᠬᠦ ᠵᠤᠬᠢᠶᠠᠯ  ᠢ ᠨᠠᠶᠢᠷᠠᠭᠤᠯᠤᠨ ᠮᠤᠩᠭᠤᠯᠴᠢᠯᠠᠬᠤ ᠳᠠᠭᠠᠨ ᠦᠷᠭᠡᠳᠭᠡᠬᠦ ᠪᠤᠶᠤ ᠪᠠᠭᠠᠰᠬᠠᠬᠤ  ᠶᠢ ᠤᠶᠠᠯᠳᠤᠭᠤᠯᠪᠡᠯ ᠵᠤᠬᠢᠨ᠎ᠠ᠃         ᠦᠷᠭᠡᠳᠭᠡᠬᠦ ᠪᠤᠯ ᠵᠤᠬᠢᠶᠠᠯ ᠳᠠᠬᠢ ᠲᠤᠳᠤᠷᠬᠠᠢ ᠦᠭᠡᠢ ᠪᠤᠶᠤ ᠬᠡᠳᠤᠷᠬᠡᠢ ᠬᠦᠶᠤᠬᠡᠨ ᠪᠢᠴᠢᠭᠳᠡᠭᠰᠡᠨ᠂ ᠤᠩᠰᠢᠭᠴᠢ᠂ ᠰᠤᠨᠤᠰᠤᠭᠴᠢ᠂ ᠠᠰᠢᠭᠯᠠᠭᠴᠢᠳ ᠦᠢᠯᠠᠭᠠᠵᠤ ᠶᠠᠳᠠᠬᠤ ᠴᠢᠬᠤᠯᠨ ᠠᠭᠤᠯᠭ᠎ᠠ  ᠶᠢ ᠨᠠᠶᠢᠷᠠᠭᠤᠯᠤᠨ ᠮᠤᠩᠭᠤᠯᠴᠢᠯᠠᠬᠤ ᠶᠠᠪᠤᠴᠨ ᠳᠤ ᠨᠦᠬᠦᠪᠦᠷᠢᠯᠠᠨ ᠨᠡᠮᠡᠬᠦ   ᠶᠢ ᠬᠡᠯᠡᠵᠤ ᠪᠠᠶᠢᠨ᠎ᠠ᠃ ᠵᠠᠷᠢᠮ ᠦᠶ᠎ᠡ ᠳᠤ ᠭᠤᠤᠯ ᠠᠭᠤᠯᠭ᠎ᠠ  ᠶᠢ ᠦᠢᠯᠠᠭᠠᠬᠤ ᠳᠤ ᠬᠦᠴᠢᠷ ᠶᠠᠪᠤᠳᠠᠯ ᠭᠠᠷᠪᠠᠯ ᠨᠠᠶᠢᠷᠠᠭᠤᠯᠤᠨ   ᠮᠤᠩᠭᠤᠯᠴᠢᠯᠠᠭᠴᠢ ᠶᠡᠭᠡ ᠬᠡᠮᠵᠢᠶᠡᠨ  ᠤ ᠮᠠᠲ᠋ᠧᠷᠢᠶᠡᠯ  ᠢ ᠤᠷᠪᠠᠭᠤᠯᠵᠤ ᠪᠠᠶᠢᠭᠠᠳ ᠨᠠᠶᠢᠷᠠᠭᠤᠯᠤᠨ ᠮᠤᠩᠭᠤᠯᠴᠢᠯᠠᠵᠤ ᠪᠠᠶᠢᠭ᠎ᠠ ᠵᠤᠬᠢᠶᠠᠯ ᠳᠠᠭᠠᠨ ᠵᠤᠬᠢᠬᠤ ᠲᠠᠶᠢᠯᠪᠦᠷᠢ ᠵᠡᠭᠦᠯᠳᠡ ᠬᠠᠳᠠᠵᠤ᠂ ᠬᠦᠮᠦᠰ  ᠤᠨ ᠤᠩᠰᠢᠵᠤ ᠠᠰᠢᠭᠯᠠᠬᠤ ᠳᠤ ᠲᠦᠭᠦᠮ ᠪᠤᠯᠭᠠᠬᠤ ᠬᠡᠷᠡᠭᠳᠡᠢ᠃   ᠪᠠᠭᠠᠰᠬᠠᠬᠤ ᠭᠡᠳᠡᠭ ᠪᠤᠯ ᠭᠤᠤᠯ ᠠᠭᠤᠯᠭ᠎ᠠ ᠯᠤᠭ᠎ᠠ ᠦᠯᠤ ᠬᠤᠯᠪᠤᠭᠳᠠᠬᠤ ᠪᠤᠶᠤ ᠲᠡᠮᠡᠢ ᠶᠡᠭᠡ ᠬᠠᠷᠢᠴᠠᠭ᠎ᠠ ᠬᠤᠯᠪᠤᠭ᠎ᠠ ᠦᠭᠡᠢ ᠠᠭᠤᠯᠭ᠎ᠠ  ᠶᠢ ᠬᠠᠰᠤᠵᠤ ᠬᠠᠶᠠᠬᠤ  ᠶᠢ ᠵᠢᠭᠠᠵᠤ ᠪᠤᠢ᠃       ᠰᠢᠨᠵᠢᠯᠡᠬᠦ ᠤᠬᠠᠭᠠᠨ ᠲᠡᠯᠭᠡᠷᠡᠭᠦᠯᠬᠦ ᠵᠤᠬᠢᠶᠠᠯ  ᠢ ᠨᠠᠶᠢᠷᠠᠭᠤᠯᠨ ᠮᠤᠩᠭᠤᠯᠴᠢᠯᠠᠬᠤ ᠳᠤ ᠦᠭᠡ ᠪᠠᠷ ᠨᠦᠬᠦᠪᠦᠷᠢᠯᠡᠵᠤ ᠪᠤᠯᠬᠤ ᠪᠦᠭᠡᠳ ᠪᠠᠰᠠ ᠵᠢᠷᠤᠭ᠂ ᠬᠦᠰᠦᠨᠦᠭ ᠵᠡᠷᠭᠡ  ᠶᠢᠨ ᠨᠦᠬᠦᠪᠦᠷᠢᠯᠡᠯᠳᠡ ᠬᠢᠵᠤ ᠪᠤᠯᠤᠨ᠎ᠠ᠃ ᠵᠠᠷᠢᠮ ᠦᠶ᠎ᠡ ᠳᠤ ᠨᠢᠭᠡ ᠬᠤᠶᠡᠷ ᠵᠡᠭᠦᠯᠳᠡ ᠵᠢᠷᠤᠭ ᠬᠠᠪᠰᠤᠷᠭᠠᠬᠤ ᠪᠤᠶᠤ ᠬᠦᠰᠦᠨᠦᠭ ᠲᠠᠭᠠᠯᠳᠤᠭᠤᠯᠪᠡᠯ ᠬᠡᠪᠯᠡᠯ  ᠤᠨ ᠶᠠᠪᠤᠴᠨ ᠳᠤ ᠬᠡᠳᠤᠢ ᠪᠠᠷ ᠪᠠᠭ᠎ᠠ ᠰᠠᠭ᠎ᠠ ᠬᠦᠴᠢᠷᠳᠡᠯ ᠲᠤᠯᠭᠠᠷᠠᠬᠤ ᠪᠤᠯᠪᠠᠴᠤ ᠲᠠᠨᠢᠯᠴᠠᠭᠤᠯᠵᠤ ᠪᠠᠶᠢᠭ᠎ᠠ ᠰᠢᠨᠵᠢᠯᠡᠬᠦ ᠤᠬᠠᠭᠠᠨ ᠲᠡᠯᠭᠡᠷᠡᠭᠦᠯᠬᠦ ᠵᠤᠬᠢᠶᠠᠯ  ᠤᠨ ᠠᠭᠤᠯᠭ᠎ᠠ  ᠶᠢ ᠨᠡᠩ ᠲᠦᠷᠰᠦᠯᠢᠭ ᠪᠤᠯᠭᠠᠵᠤ᠂ ᠶᠡᠭᠡ ᠬᠡᠮᠵᠢᠶᠡᠨ  ᠤ ᠦᠰᠦᠭ  ᠤᠨ ᠲᠤᠭ᠎ᠠ ᠪᠠ ᠬᠠᠭᠤᠳᠠᠰᠤ  ᠶᠢ ᠠᠷᠪᠢᠯᠠᠵᠤ ᠲᠦᠭᠦᠮ ᠠᠪᠰᠠᠷᠬᠠᠨ ᠪᠤᠯᠭᠠᠳᠠᠭ᠃       3. ᠲᠡᠪᠢᠰᠭᠡᠷᠯᠡᠬᠦ ᠪᠠ ᠤᠳᠬ᠎ᠠ ᠰᠢᠯᠵᠢᠭᠦᠯᠬᠦ᠃ ᠰᠢᠨ᠎ᠠ ᠪᠠᠷ ᠪᠤᠢ ᠪᠤᠯᠵᠤ ᠪᠠᠶᠢᠭ᠎ᠠ ᠰᠢᠨᠵᠢᠯᠡᠬᠦ ᠤᠬᠠᠭᠠᠨ  ᠤ ᠮᠡᠳᠡᠯᠭᠡ  ᠶᠢ ᠤᠩᠰᠢᠭᠴᠢ᠂ ᠰᠤᠨᠤᠰᠤᠭᠴᠢ᠂ ᠠᠰᠢᠭᠯᠠᠭᠴᠢᠳ ᠲᠤ ᠲᠤᠰᠢᠶᠠᠬᠤ  ᠶᠢᠨ ᠲᠦᠯᠦᠭᠡ ᠨᠦᠬᠦᠪᠦᠷᠢᠯᠡᠵᠤ ᠲᠠᠶᠢᠯᠪᠦᠷᠢᠯᠠᠬᠤ ᠠᠷᠭ᠎ᠠ  ᠶᠢ ᠠᠪᠴᠤ᠂ ᠤᠩᠰᠢᠭᠴᠢ᠂ ᠰᠤᠨᠤᠰᠤᠭᠴᠢ᠂ ᠠᠰᠢᠭᠯᠠᠭᠴᠢᠳ ᠲᠤ ᠤᠷᠢᠳᠠᠪᠡᠷ ᠦᠨᠳᠤᠰᠤᠨ ᠮᠡᠳᠡᠯᠭᠡ  ᠶᠢ ᠨᠢ ᠲᠠᠨᠢᠯᠴᠠᠭᠤᠯᠤᠨ ᠡᠵᠡᠮᠰᠢᠭᠦᠯᠪᠡᠯ ᠲᠠᠳᠠᠨᠤᠰ  ᠤᠨ ᠨᠡᠩ ᠦᠷᠭᠡᠨ ᠬᠦᠨᠵᠡᠭᠡᠢ ᠡᠵᠡᠮᠰᠢᠵᠤ ᠲᠠᠨᠢᠬᠤ ᠳᠤ ᠬᠢᠯᠪᠡᠷ ᠪᠤᠯᠬᠤ ᠶᠤᠮ᠃   ᠭᠡᠬᠦ ᠳᠡᠭᠡᠨ ᠨᠢᠭᠡ ᠨᠢᠭᠡ ᠠᠯᠬᠤᠮ  ᠢᠶᠠᠷ ᠦᠨᠳᠤᠷᠵᠢᠭᠦᠯᠬᠦ ᠬᠡᠷᠡᠭᠳᠡᠢ᠃ ᠵᠢᠱᠢᠶᠠᠯᠠᠪᠡᠯ᠂ ᠪᠤᠳᠤᠯᠭ᠎ᠠ  ᠶᠢᠨ ᠮᠠᠰᠢᠨ  ᠤ ᠵᠢᠮ᠎ᠠ ᠶᠤᠰᠤ  ᠶᠢ ᠲᠡᠶᠢᠯᠪᠦᠷᠢᠯᠡᠬᠤ ᠳᠤ᠂ ᠤᠷᠢᠳᠠᠪᠡᠷ ᠶᠡᠷᠤᠳᠠ  ᠶᠢᠨ ᠪᠤᠳᠤᠬᠤ ᠠᠯᠬᠤᠮ  ᠢ ᠶᠠᠷᠢᠵᠤ᠂ ᠲᠠᠷᠠᠭ᠎ᠠ ᠨᠢ ᠪᠤᠳᠤᠯᠭ᠎ᠠ  ᠶᠢᠨ ᠮᠠᠰᠢᠨ ᠲᠠᠢ ᠤᠶᠠᠯᠳᠤᠭᠤᠯᠵᠤ ᠲᠠᠶᠢᠯᠪᠦᠷᠢᠯᠠᠪᠡᠯ ᠬᠦᠮᠦᠰ ᠠᠮᠠᠷᠬᠠᠨ ᠦᠢᠯᠠᠭᠠᠵᠤ ᠴᠢᠳᠠᠨ᠎ᠠ᠃ ᠢᠩᠭᠢᠵᠤ ᠲᠡᠪᠢᠰᠭᠡᠷᠯᠡᠬᠦ ᠨᠢ ᠪᠢᠷ ᠪᠡᠭᠡᠰ  ᠢ ᠠᠷᠪᠢᠯᠠᠬᠤ ᠪᠦᠭᠡᠳ ᠤᠩᠰᠢᠭᠴᠢ᠂ ᠰᠤᠨᠤᠰᠤᠭᠴᠢᠳ᠂ ᠠᠰᠢᠭᠯᠠᠭᠴᠢᠳ  ᠤᠨ ᠡᠭᠡᠳᠡᠷᠭᠡᠨ  ᠢ ᠲᠠᠶᠢᠯᠵᠤ᠂ ᠨᠡᠶᠢᠭᠡᠮ  ᠤᠨ ᠦᠢᠯᠡᠳᠤᠯ  ᠢᠶᠠᠷ ᠴᠤ ᠰᠠᠶᠢᠨ ᠪᠤᠯᠤᠨ᠎ᠠ᠃       ᠰᠢᠨᠵᠢᠯᠡᠬᠦ ᠤᠬᠠᠭᠠᠨ ᠲᠡᠯᠭᠡᠷᠡᠭᠦᠯᠬᠦ ᠵᠤᠬᠢᠶᠠᠯ ᠳᠠᠬᠢ ᠲᠤᠰᠬᠠᠢ ᠮᠡᠷᠭᠡᠵᠢᠯ  ᠤᠨ ᠨᠡᠷ᠎ᠡ ᠲᠤᠮᠢᠶ᠎ᠠ  ᠶᠢ ᠨᠠᠶᠢᠷᠠᠭᠤᠯᠤᠨ ᠮᠤᠩᠭᠤᠯᠴᠢᠯᠠᠵᠤ ᠪᠠᠭᠤᠯᠭᠠᠬᠤ ᠳᠠᠭᠠᠨ ᠤᠷᠢᠳᠠᠪᠡᠷ ᠪᠠᠭ᠎ᠠ ᠰᠠᠭ᠎ᠠ ᠲᠤᠪᠴᠢ ᠲᠦᠭᠦᠮ ᠲᠠᠶᠢᠯᠪᠤᠷᠢ ᠲᠤᠳᠤᠷᠬᠠᠶᠢᠯᠠᠯᠳᠠ ᠬᠠᠳᠠᠬᠤ  ᠶᠢ ᠪᠠᠰᠠ ᠨᠢᠭᠡ ᠵᠦᠢᠯ  ᠤᠨ ᠲᠡᠪᠢᠰᠭᠡᠷᠯᠡᠬᠦ ᠠᠷᠭ᠎ᠠ ᠪᠠᠷ ᠦᠵᠡᠵᠤ ᠪᠤᠯᠤᠨ᠎ᠠ᠃       ᠵᠠᠷᠢᠮ ᠦᠶ᠎ᠡ ᠳᠤ ᠭᠤᠤᠯ ᠰᠡᠳᠦᠪ  ᠢ ᠲᠤᠪᠤᠶᠢᠯᠠᠭᠠᠬᠤ  ᠶᠢᠨ ᠲᠦᠯᠦᠭᠡ ᠨᠠᠶᠢᠷᠠᠭᠤᠯᠤᠨ ᠮᠤᠩᠭᠤᠯᠴᠢᠯᠠᠭᠴᠢ ᠦᠭᠦᠯᠡᠵᠤ ᠪᠠᠶᠢᠭ᠎ᠠ ᠠᠭᠤᠯᠭ᠎ᠠ ᠳᠠᠭᠠᠨ ᠤᠳᠬ᠎ᠠ ᠰᠢᠯᠵᠢᠭᠦᠯᠬᠦ ᠠᠷᠭ᠎ᠠ  ᠶᠢ ᠬᠡᠷᠡᠭᠯᠡᠳᠡᠭ᠃ ᠦᠭᠡᠷ᠎ᠡ ᠪᠠᠷ ᠬᠡᠯᠡᠪᠡᠯ᠂ ᠬᠤᠯᠪᠤᠭᠳᠠᠯ ᠪᠦᠬᠦᠢ ᠰᠢᠨ᠎ᠠ ᠮᠡᠷᠭᠡᠵᠢᠯ  ᠤᠨ ᠮᠠᠨ  ᠤ ᠤᠯᠤᠰ ᠤᠷᠤᠨ  ᠤ ᠤᠳᠤᠬᠢ ᠪᠠᠶᠢᠳᠠᠯ ᠬᠢᠭᠡᠳ ᠬᠦᠭᠵᠢᠯᠳᠡ  ᠶᠢᠨ ᠬᠠᠨᠳᠤᠰᠢ ᠲᠠᠢ ᠶᠠᠮᠠᠷ ᠬᠠᠷᠢᠴᠠᠭ᠎ᠠ ᠬᠤᠯᠪᠤᠭ᠎ᠠ ᠪᠠᠶᠢᠬᠤ︔ ᠵᠠᠷᠢᠮ ᠠᠷᠭᠤᠭᠠᠨ ᠲᠠᠢ ᠠᠰᠠᠭᠤᠳᠠᠯ  ᠤᠨ ᠲᠤᠬᠠᠢ ᠦᠪᠡᠷ  ᠤᠨ ᠦᠵᠡᠯᠳᠡ ᠲᠠᠨᠢᠯᠳᠠ ᠪᠠᠨ ᠦᠭᠦᠯᠡᠬᠦ︔ ᠠᠬᠤᠢ ᠪᠠᠶᠢᠳᠠᠯ ᠳᠤ   ᠲᠡᠪᠢᠰᠭᠡᠷᠯᠡᠵᠤ᠂ ᠵᠠᠷᠢᠮ ᠬᠦᠨᠳᠡᠯᠡᠨ  ᠤ ᠵᠠᠳᠠᠯᠤᠯᠳᠠ ᠬᠢᠵᠤ ᠠᠳᠠᠯᠢᠳᠬᠠᠬᠤ ᠵᠡᠷᠭᠡ ᠠᠷᠭ᠎ᠠ  ᠶᠢ ᠠᠪᠤᠭᠰᠠᠨ ᠴᠤ ᠪᠤᠯᠤᠨ᠎ᠠ᠃      4. ᠶᠡᠷᠦᠩᠬᠡᠶᠢᠯᠡᠬᠦ ᠪᠠ ᠪᠤᠯᠪᠠᠰᠤᠷᠠᠭᠤᠯᠬᠤ᠃ ᠤᠳᠤᠬᠠᠨ ᠳᠤ ᠮᠠᠨ  ᠤ ᠰᠤᠨᠢᠨ ᠰᠡᠳᠭᠦᠯ ᠲᠡᠭᠡᠷ᠎ᠡ ᠠᠴᠠ ᠤᠯᠵᠤ ᠦᠵᠡᠵᠤ ᠪᠠᠶᠢᠭ᠎ᠠ ᠨᠠᠶᠢᠷᠠᠭᠤᠯᠤᠨ ᠮᠤᠩᠭᠤᠯᠴᠢᠯᠠᠭᠰᠠᠨ ᠵᠤᠬᠢᠶᠡᠯ  ᠤᠨ ᠤᠯᠠᠩᠬᠢ ᠨᠢ ᠭᠠᠳᠠᠭᠠᠳᠤ ᠬᠡᠯᠨ ᠪᠤᠶᠤ ᠬᠢᠳᠡᠳ ᠬᠡᠯᠡᠨ  ᠤ ᠵᠠᠷᠢᠮ ᠤᠤᠯ ᠡᠬᠡ  ᠶᠢ ᠲᠠᠷᠨ ᠬᠡᠪ  ᠢᠶᠠᠷ   ᠨᠢ ᠪᠠᠭᠤᠯᠭᠠᠨ ᠠᠪᠴᠢᠷᠠᠭᠰᠠᠨ ᠪᠠᠶᠢᠳᠠᠭ᠃ ᠡᠭᠦᠨ ᠳᠤ ᠠᠮᠵᠢᠯᠳᠡ ᠲᠠᠢ ᠲᠠᠯ᠎ᠠ ᠪᠠᠶᠢᠬᠤ ᠪᠤᠯᠪᠠᠴᠤ ᠶᠡᠬᠡᠩᠬᠢ ᠨᠢ ᠤᠤᠯ ᠡᠬᠡ ᠳᠤ ᠬᠦᠯᠢᠶᠡᠰᠤᠯᠡᠭᠳᠡᠭᠰᠡᠨ ᠪᠠᠶᠢᠭ᠎ᠠ ᠶᠤᠮ᠃   ᠨᠡᠯᠢᠶᠡᠳ ᠠᠮᠵᠢᠯᠳᠡ ᠲᠠᠢ  ᠪᠠᠷ ᠨᠠᠶᠢᠷᠠᠭᠤᠯᠤᠨ ᠮᠤᠩᠭᠤᠯᠴᠢᠯᠠᠭᠰᠠᠨ ᠵᠤᠬᠢᠶᠠᠯ  ᠤᠨ ᠤᠯᠠᠩᠬᠢ ᠨᠢ ᠠᠯᠢ ᠤᠯᠠᠨ ᠲᠦᠷᠦᠯ ᠵᠦᠢᠯ  ᠤᠨ ᠵᠤᠬᠢᠶᠠᠯ  ᠤᠳ  ᠠᠴᠠ ᠢᠷᠡᠯᠳᠡ ᠲᠠᠢ ᠪᠠᠶᠢᠵᠤ᠂ ᠶᠡᠷᠦᠩᠬᠡᠶᠢᠯᠡᠬᠦ ᠪᠠ ᠪᠤᠯᠪᠠᠰᠤᠷᠠᠭᠤᠯᠬᠤ ᠳᠤ ᠬᠦᠴᠤ ᠲᠠᠯᠪᠢᠭᠰᠠᠨ ᠤᠨᠴᠠᠯᠢᠭ ᠲᠠᠢ ᠶᠤᠮ᠃       ᠶᠡᠷᠤᠩᠬᠡᠶᠢᠯᠡᠬᠦ ᠪᠠ ᠪᠤᠯᠪᠠᠰᠤᠷᠠᠭᠤᠯᠬᠤ ᠠᠴᠠ ᠡᠮᠦᠨ᠎ᠡ᠂ ᠨᠠᠶᠢᠷᠠᠭᠤᠯᠤᠨ ᠮᠤᠩᠭᠤᠯᠴᠢᠯᠠᠭᠴᠢ ᠤᠯᠠᠨ ᠠᠷᠪᠢᠨ ᠨᠤᠮ ᠮᠠᠲ᠋ᠧᠷᠢᠶᠠᠯ ᠤᠷᠪᠠᠭᠤᠯᠵᠤ ᠦᠵᠡᠭᠰᠡᠡ ᠰᠠᠭᠤᠷᠢᠨ ᠲᠡᠭᠡᠷ᠎ᠡ ᠦᠪᠡᠷ  ᠤᠨ ᠦᠵᠡᠯᠳᠡ ᠪᠠᠨ ᠲᠤᠭᠳᠠᠭᠠᠬᠤ ᠪᠦᠭᠡᠳ ᠰᠡᠳᠬᠢᠭᠦᠢ  ᠪᠠᠨ ᠪᠦᠷᠢᠳᠤᠭᠦᠯᠤᠨ᠎ᠠ᠃ ᠲᠠᠷᠠᠭ᠎ᠠ ᠨᠢ ᠬᠡᠷᠡᠭᠴᠡᠭᠡᠨ ᠳᠤ   ᠱᠠᠭᠠᠷᠳᠠᠭᠳᠠᠵᠤ ᠪᠠᠶᠢᠭ᠎ᠠ ᠭᠤᠤᠯ ᠠᠭᠤᠯᠭ᠎ᠠ ᠲᠠᠢ ᠬᠠᠷᠢᠴᠠᠭ᠎ᠠ ᠨᠢᠭᠳᠠ᠂ ᠬᠦᠮᠦᠰ  ᠢ ᠢᠳᠡᠬᠡᠭᠦᠯᠬᠦ ᠬᠦᠴᠤᠨ ᠲᠠᠢ ᠲᠡᠳᠡᠭᠡᠷ ᠮᠠᠲ᠋ᠧᠷᠢᠶᠠᠯ  ᠤᠳ  ᠢ ᠰᠤᠩᠭᠤᠵᠤ ᠨᠢᠭᠡᠨᠳᠡ ᠪᠦᠷᠢᠳᠦᠭᠰᠡᠨ ᠯᠤᠬᠢᠭᠳᠤ ᠰᠡᠳᠭᠢᠬᠦᠢ ᠪᠠᠷ  ᠢᠶᠠᠨ   ᠵᠤᠬᠢᠶᠠᠮᠵᠢᠯᠠᠨ᠎ᠠ᠂ ᠵᠤᠬᠢᠶᠠᠯ  ᠤᠨ ᠭᠤᠤᠯ ᠠᠭᠤᠯᠭ᠎ᠠ ᠲᠠᠢ ᠬᠤᠯᠪᠤᠭ᠎ᠠ ᠦᠭᠡᠢ ᠵᠦᠢᠯ  ᠢ ᠵᠠᠪᠡᠯ ᠬᠠᠶᠢᠷ᠎ᠠ ᠨᠠᠶᠢᠷ ᠦᠭᠡᠢ ᠬᠠᠰᠤᠵᠤ ᠬᠠᠶᠠᠬᠤ ᠬᠡᠷᠡᠭᠳᠡᠢ᠃       ᠶᠡᠷᠤᠩᠬᠡᠢ ᠳᠤᠨᠢ ᠠᠪᠴᠤ ᠬᠡᠯᠡᠪᠡᠯ᠂ ᠰᠢᠨᠵᠢᠯᠡᠬᠦ ᠤᠬᠠᠭᠠᠨ ᠲᠡᠯᠭᠡᠷᠡᠭᠦᠯᠬᠦ ᠵᠤᠬᠢᠶᠠᠯ  ᠢ ᠮᠤᠩᠭᠤᠯᠴᠢᠯᠠᠨ ᠨᠠᠶᠢᠷᠠᠭᠤᠯᠬᠤ ᠲᠤᠬᠠᠢ ᠲᠡᠭᠡᠷ᠎ᠡ ᠲᠤᠷᠠᠳᠤᠭᠰᠠᠨ ᠪᠤᠳᠠᠳᠠᠢ ᠠᠷᠭ᠎ᠠ ᠪᠠᠷᠢᠯ  ᠤᠳ ᠠᠴᠠ ᠭᠠᠳᠠᠨ᠎ᠠ᠂ ᠲᠡᠭᠦᠨ  ᠤ ᠦᠵᠡᠯ ᠰᠠᠨᠠᠭᠠᠴᠢ ᠴᠢᠨᠠᠷ᠂ ᠰᠢᠨᠵᠢᠯᠡᠬᠦ ᠤᠬᠠᠭᠠᠨᠴᠢ ᠴᠢᠨᠠᠷ᠂ ᠬᠢᠯᠪᠡᠷᠴᠢᠯᠠᠬᠤ ᠪᠠ ᠤᠷᠠᠯᠢᠭᠴᠢ ᠴᠢᠨᠠᠷ  ᠢ ᠠᠩᠬᠠᠷᠤᠨ ᠨᠠᠶᠢᠷᠠᠭᠤᠯᠵᠤ ᠮᠤᠩᠭᠤᠯᠴᠢᠯᠠᠬᠤ ᠪᠤᠯ ᠨᠢᠭᠡ ᠵᠦᠢᠯ  ᠤᠨ ᠨᠡᠭᠡᠭᠡᠯᠳᠡ  ᠶᠢᠨ ᠴᠢᠨᠠᠷ ᠪᠦᠬᠦᠢ ᠵᠤᠬᠢᠶᠠᠨ ᠪᠦᠳᠦᠭᠡᠬᠦ ᠠᠵᠢᠯ ᠪᠤᠯᠤᠨ᠎ᠠ  ᠃ ᠡᠶᠢᠮᠤ ᠠᠴᠠ ᠡᠭᠦᠨ  ᠢ ᠰᠠᠶᠢᠨ ᠬᠢᠨ᠎ᠠ ᠭᠡᠳᠡᠭ ᠨᠢ ᠲᠠᠶᠢᠮᠤ ᠴᠤ ᠬᠢᠯᠪᠡᠷ ᠪᠢᠰᠢ ᠪᠤᠯᠬᠤᠷ ᠨᠠᠶᠢᠷᠠᠭᠤᠯᠤᠨ ᠮᠤᠩᠭᠤᠯᠴᠢᠯᠠᠬᠤ ᠲᠠᠯ᠎ᠠ ᠪᠠᠷ ᠦᠷᠭᠦᠯᠵᠢᠯᠠᠨ ᠰᠤᠳᠤᠯᠤᠨ ᠬᠦᠨᠵᠡᠭᠡᠶᠢᠷᠡᠭᠦᠯᠬᠦ ᠴᠢᠬᠤᠯᠠᠳᠠᠢ ᠪᠠᠶᠢᠨ᠎ᠠ᠃
 
ᠢᠷᠡᠯᠲᠡ᠄ http://www.mptnp.com/
ᠨᠠᠶᠢᠷᠠᠭᠤᠯᠤᠭᠴᠢ᠄ ᠭᠤᠸᠠᠨ ᠴᠠᠩ ᠰᠢ
ᠣᠷᠴᠢᠭᠤᠯᠤᠭᠴᠢ᠄
   
ᠬᠤᠯᠪᠣᠭᠳᠠᠯ ᠪᠦᠬᠦᠢ ᠠᠭᠤᠯᠭ᠎ᠠ ᠶᠢᠨ ᠭᠠᠷᠴᠠᠭ
 
2014-2016 © ᠬᠠᠷᠢᠯᠴᠠᠬᠤ ᠤᠲᠠᠰᠤ᠄ 0471-6280741 ᠢᠮᠧᠯ᠄ nmgbute@163.com
ᠵᠤᠬᠢᠶᠠᠭᠴᠢ ᠶᠢᠨ ᠡᠷᠬᠡ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠬᠤᠷᠢᠭᠯᠠᠨ᠎ᠠ᠃
︽ᠬᠡᠷᠡᠭᠯᠡᠭᠡᠨ ᠤ ᠮᠡᠷᠭᠡᠵᠢᠯ ᠤᠨ ᠮᠤᠩᠭᠤᠯ ᠰᠦᠯᠵᠢᠶᠡᠨ ᠤ ᠬᠥᠯᠭᠡ︾ ᠦᠮᠴᠢᠯᠡᠯ ᠲᠠᠢ︕