ᠨᠠᠮᠤᠷ ᠤᠨ ᠴᠠᠭᠠᠨ ᠨᠤᠭᠤᠭᠠᠨ ᠤ ᠬᠤᠷᠤᠬᠠᠢ ᠶᠢ ᠤᠰᠠᠳᠬᠠᠬᠤ ᠠᠷᠭ᠎ᠠ
ᠵᠣᠬᠢᠶᠠᠭᠴᠢ᠄ 
          ᠨᠠᠮᠤᠷ ᠤᠨ ᠴᠠᠭᠠᠨ ᠨᠤᠭᠤᠭᠠᠨ ᠤ ᠬᠤᠷᠤᠬᠠᠢ ᠶᠢ ᠤᠰᠠᠳᠬᠠᠬᠤ ᠠᠷᠭ᠎ᠠ       ᠴᠠᠭᠠᠨ ᠨᠤᠭᠤᠭ᠎ᠠ ᠶᠢᠨ ᠭᠦᠨᠦᠭᠡᠯᠳᠦ ᠬᠤᠷᠤᠬᠠᠢ ᠳᠤ ᠭᠤᠤᠯᠳᠠᠭᠤ ᠪᠠᠭᠠᠷᠠᠩ ᠬᠤᠷᠤᠬᠠᠢ᠂ ᠨᠠᠪᠴᠢᠴᠢ ᠴᠠᠭᠠᠨ   ᠡᠷᠪᠡᠭᠡᠢ ᠶᠢᠨ ᠠᠪᠠᠭᠠᠯᠲᠠᠢ᠂ ᠴᠠᠭᠠᠨ ᠨᠤᠭᠤᠭᠠᠨ ᠤ ᠵᠢᠵᠢᠭ ᠢᠳᠦᠬᠠᠨ᠂ ᠭᠦᠪᠦᠩ ᠤᠨ ᠬᠤᠩᠭᠤᠷᠴᠤᠭ ᠤᠨ   ᠢᠳᠦᠬᠠᠨ᠂ ᠨᠤᠭᠤᠭᠠᠨ ᠤ ᠡᠷᠪᠡᠭᠡᠢ᠂ ᠨᠤᠭᠤᠭᠠᠨ ᠤ ᠰᠢᠷ᠎ᠠ ᠦᠰᠦᠷᠦᠭᠴᠢ ᠴᠤᠬᠤ᠂ ᠦᠷ᠎ᠠ ᠶᠢᠨ ᠴᠤᠬᠤᠷ ᠢᠯᠠᠭ᠎ᠠ᠂   ᠰᠢᠷᠤᠢ ᠶᠢᠨ ᠭᠦᠷᠢ ᠵᠡᠷᠭᠡ ᠠᠷᠪᠠᠭᠠᠳ ᠲᠦᠷᠦᠯ ᠪᠠᠶᠢᠳᠠᠭ᠃           ᠪᠠᠭᠠᠷᠠᠩ ᠬᠤᠷᠤᠬᠠᠢ ᠨᠠᠮᠤᠷ ᠤᠨ ᠴᠠᠭᠠᠨ ᠨᠤᠭᠤᠭᠠᠨ ᠤ ᠪᠦᠭᠦ᠋ᠢᠯᠠ ᠤᠷᠭᠤᠯᠲᠠ ᠶᠢᠨ ᠬᠤᠭᠤᠴᠠᠭᠠᠨ ᠳᠤ ᠪᠦᠷ   ᠭᠦᠨᠦᠭᠡᠳᠡᠭ᠃ ᠴᠠᠭᠠᠨ ᠨᠤᠭᠤᠭᠠᠨ ᠤ ᠤᠷᠭᠤᠯᠲᠠ ᠶᠢᠨ ᠲᠤᠮᠳᠠ ᠰᠠᠭᠦᠯᠴᠢ ᠶᠢᠨ ᠬᠤᠭᠤᠴᠠᠭᠠᠨ ᠳᠤ ᠭᠦᠨᠤᠭᠡᠯ ᠨᠠᠩ   ᠭᠡᠴᠡᠭᠦᠦ ᠪᠠᠶᠢᠳᠠᠭ᠃ ᠪᠠᠭᠠᠷᠠᠩ ᠬᠤᠷᠤᠬᠠᠢ ᠶᠢ 10% ᠶᠢᠨ ᠫᠢ ᠴᠦᠩ ᠯᠢᠨ ᠤ 1500 ᠳᠡᠭᠢᠨ ᠤ ᠠᠭᠤᠰᠦᠮᠠᠯ   ᠪᠤᠶᠤ 50% ᠶᠢᠨ ᠪᠠᠭᠠᠷᠠᠩ ᠬᠤᠷᠤᠬᠠᠢ ᠲᠠᠷᠤᠬᠤ ᠴᠢᠭᠢᠭᠳᠦᠮᠡᠭᠡᠢ ᠨᠤᠨᠳᠠᠭ ᠤᠨ 2000 — 3000 ᠳᠡᠭᠢᠨ ᠤ   ᠠᠭᠤᠰᠤᠮᠠᠯ ᠢᠶᠠᠷ ᠰᠦᠷᠴᠢᠨ ᠠᠷᠢᠯᠭᠠᠨ᠎ᠠ᠃ ᠪᠠᠰᠠ 10% ᠶᠢᠨ ᠶᠠ ᠱᠢ ᠵᠢᠩ ᠤᠨ ᠴᠢᠬᠢᠭᠳᠦᠮᠡᠭᠡᠢ ᠨᠤᠨᠳᠠᠭ ᠢ ᠮᠦ   ᠪᠦᠷᠢ ᠳᠤ 10g ᠠᠪᠴᠦ 50kg ᠤᠰᠤᠨ ᠳᠤ ᠠᠭᠤᠰᠬᠠᠭᠠᠳ ᠰᠦᠷᠴᠢᠭᠦ ᠪᠤᠶᠦ ᠡᠰᠡᠭᠦᠯ᠎ᠠ ᠮᠦ ᠪᠦᠷᠢ   ᠲᠠᠷᠢᠶᠠᠨ ᠳᠤ ᠰᠢᠭᠡᠰᠦᠯᠢᠭ ᠡᠳ᠋ 500g ᠢ 125kg ᠬᠤᠪᠴᠠᠰᠦ ᠤᠭᠢᠶᠠᠬᠤ ᠨᠤᠨᠳᠠᠭ ᠲᠠᠢ ᠬᠠᠮᠳᠦ 50kg   ᠤᠰᠤᠨ ᠳᠤ ᠰᠢᠩᠭᠡᠯᠡᠭᠡᠳ ᠵᠢᠭᠳᠡ ᠭᠦᠳᠡᠯᠭᠡᠭᠰᠡᠨ ᠤ ᠲᠠᠷᠠᠭ᠎ᠠ ᠰᠦᠷᠴᠢᠪᠠᠯ ᠬᠤᠷᠤᠬᠠᠢ ᠠᠯᠠᠬᠤ ᠦᠢᠯᠡᠳᠦᠯ ᠨᠢ  90% ᠠᠴᠠ ᠳᠡᠭᠡᠭᠰᠢ ᠭᠦᠷᠳᠡᠭ᠃         ᠦᠷ᠎ᠠ ᠶᠢᠨ ᠴᠤᠬᠤᠷ ᠢᠯᠠᠭ᠎ᠠ᠂ ᠨᠤᠭᠤᠭᠠᠨ ᠤ ᠰᠢᠷ᠎ᠠ ᠦᠰᠦᠷᠦᠭᠴᠢ ᠴᠤᠬᠤ᠂ ᠰᠢᠷᠤᠢ ᠶᠢᠨ ᠭᠦᠷᠢ ᠵᠡᠷᠭᠡ   ᠬᠤᠷᠤᠬᠠᠢ ᠶᠢᠨ ᠠᠪᠠᠭᠠᠯᠲᠠᠢ ᠨᠢ ᠴᠠᠭᠠᠨ ᠨᠤᠭᠤᠭᠠᠨ ᠤ ᠦᠨᠳᠦᠰᠦ ᠡᠰᠢ ᠶᠢ ᠭᠦᠨᠦᠭᠡᠳᠡᠭ᠂ ᠨᠤᠭᠤᠭᠠᠨ ᠤ ᠰᠢᠷ᠎ᠠ   ᠤᠢᠰᠦᠷᠦᠭᠴᠢ ᠴᠤᠬᠤ ᠶᠢᠨ ᠪᠠᠶ᠎ᠠ ᠭᠦᠢᠴᠡᠭᠰᠡᠨ ᠬᠤᠷᠤᠬᠠᠢ ᠨᠢ ᠴᠡᠭᠠᠨ ᠨᠤᠭᠤᠭᠠᠨ ᠤ ᠨᠠᠪᠴᠢ ᠶᠢ ᠬᠡᠮᠡᠯᠢᠨ   ᠨᠦᠭᠡᠯᠡᠭᠦ ᠪᠠᠷ ᠪᠠᠷᠠᠬᠤ ᠦᠭᠡᠢ ᠪᠠᠰᠠ ᠨᠢᠯᠬ᠎ᠠ ᠴᠢᠭᠢ ᠶᠢ ᠭᠦᠨᠦᠭᠡᠳᠡᠭ᠃ ᠡᠮᠳᠦ ᠪᠤᠳᠠᠰ ᠢᠶᠠᠷ ᠠᠷᠢᠯᠭᠠᠬᠤ ᠳᠤ ᠪᠠᠨ   ᠬᠠᠮᠤᠭ ᠰᠠᠶᠢᠨ ᠨᠢ ᠴᠠᠭᠠᠨ ᠨᠤᠭᠤᠭᠠᠨ ᠲᠠᠷᠢᠶᠠᠨ ᠤ ᠡᠷᠭᠢᠨ ᠲᠤᠭᠤᠷᠢᠨ ᠭᠠᠳᠠᠷ ᠭᠦᠪᠡᠭᠡ ᠠᠴᠠ ᠨᠢ ᠡᠭᠢᠯᠡᠵᠦ   ᠲᠤᠳᠤᠭᠰᠢ ᠪᠠᠨ ᠤᠰᠠᠳᠬᠠᠬᠤ ᠠᠷᠭ᠎ᠠ ᠠᠪᠤᠪᠠᠯ ᠬᠤᠷᠤᠬᠠᠢ ᠶᠢᠨ ᠬᠤᠯᠭᠤᠨ ᠲᠤᠳᠠᠭᠠᠬᠤ ᠠᠴᠠ ᠰᠠᠷᠭᠡᠶᠢᠯᠡᠵᠦ   ᠴᠢᠳᠠᠨ᠎ᠠ᠃ ᠶᠠᠷᠦ ᠳᠤ ᠪᠠᠨ 90% ᠶᠢᠨ ᠳ᠋ᠢ ᠪᠠᠢ ᠴᠦᠩ ᠪᠤᠶᠤ 50% ᠶᠢᠨ ᠰᠢᠨ ᠯᠢᠦ ᠯᠢᠨ ᠤ ᠳᠡᠭᠡᠷ᠎ᠠ 10kg   ᠤᠰᠤ ᠬᠤᠯᠢᠵᠦ ᠵᠢᠭᠳᠡ ᠬᠤᠳᠬᠤᠭᠠᠳ 50kg ᠪᠤᠭᠤᠳᠠᠢ ᠶᠢᠨ ᠬᠡᠪᠡᠭ ᠪᠤᠶᠤ ᠨᠤᠭᠤᠭᠠᠨ ᠤ ᠭᠡᠮᠭᠡᠳᠡᠭ ᠢ   ᠵᠢᠭᠤᠷᠠᠭᠠᠳ ᠬᠤᠤᠷᠳᠦ ᠦᠭᠶᠦᠭᠡ ᠦᠢᠯᠡᠳᠴᠦ᠂ ᠰᠢᠷ᠎ᠠ ᠪᠦᠷᠦᠢ ᠶᠢᠨ ᠦᠶ᠎ᠠ ᠪᠠᠷ ᠴᠠᠭᠠᠨ ᠨᠤᠭᠤᠭᠠᠨ ᠤ ᠪᠠᠨ   ᠦᠨᠳᠦᠰᠦ ᠶᠢ ᠲᠤᠭᠤᠷᠢᠭᠤᠯᠵᠦ ᠴᠢᠳᠬᠤᠵᠦ ᠲᠠᠯᠪᠢᠪᠠᠯ ᠲᠠᠳᠡᠭᠡᠷ ᠭᠦᠨᠦᠭᠡᠯᠳᠦ ᠬᠤᠷᠤᠬᠠᠢ ᠨᠤᠭᠤᠳ ᠡᠨᠡᠭᠦ   ᠦᠭᠶᠦᠭᠡ ᠶᠢ ᠢᠳᠡᠭᠡᠳ ᠦᠭᠦᠴᠢᠭᠡᠳᠡᠭ᠃  
 
ᠢᠷᠡᠯᠲᠡ᠄ ᠤᠷᠳᠤᠰ ᠮᠤᠩᠭᠤᠯ ᠰᠦᠯᠵᠢᠶ᠎ᠡ
ᠨᠠᠶᠢᠷᠠᠭᠤᠯᠤᠭᠴᠢ᠄ ᠭᠤᠸᠠᠨ ᠴᠠᠩ ᠰᠢ
ᠣᠷᠴᠢᠭᠤᠯᠤᠭᠴᠢ᠄
   
ᠬᠤᠯᠪᠣᠭᠳᠠᠯ ᠪᠦᠬᠦᠢ ᠠᠭᠤᠯᠭ᠎ᠠ ᠶᠢᠨ ᠭᠠᠷᠴᠠᠭ
 
2014-2016 © ᠬᠠᠷᠢᠯᠴᠠᠬᠤ ᠤᠲᠠᠰᠤ᠄ 0471-6280741 ᠢᠮᠧᠯ᠄ nmgbute@163.com
ᠵᠤᠬᠢᠶᠠᠭᠴᠢ ᠶᠢᠨ ᠡᠷᠬᠡ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠬᠤᠷᠢᠭᠯᠠᠨ᠎ᠠ᠃
︽ᠬᠡᠷᠡᠭᠯᠡᠭᠡᠨ ᠤ ᠮᠡᠷᠭᠡᠵᠢᠯ ᠤᠨ ᠮᠤᠩᠭᠤᠯ ᠰᠦᠯᠵᠢᠶᠡᠨ ᠤ ᠬᠥᠯᠭᠡ︾ ᠦᠮᠴᠢᠯᠡᠯ ᠲᠠᠢ︕