ᠭᠤᠷᠪᠠᠳᠤᠭᠠᠷ ᠪᠦᠭᠦᠳᠡ ᠬᠤᠷᠠᠯ  ᠤᠨ ᠲᠠᠶᠢᠯᠤᠮᠵᠢ — ᠶᠠᠭᠤᠨ ᠳᠤ ᠬᠦᠳᠡᠭᠡ ᠲᠣᠰᠬᠤᠨ ᠤ ᠬᠤᠷᠰᠢᠬᠰᠠᠨ ᠠᠵᠣ ᠠᠬᠤᠢ ᠶᠢᠨ ᠬᠦᠭᠵᠢᠯᠳᠡ ᠶᠢ ᠲᠡᠮᠵᠢᠬᠦ ᠪᠣᠢ︖
ᠵᠣᠬᠢᠶᠠᠭᠴᠢ᠄ 
ᠭᠤᠷᠪᠠᠳᠤᠭᠠᠷ ᠪᠦᠭᠦᠳᠡ ᠬᠤᠷᠠᠯ  ᠤᠨ ᠲᠠᠶᠢᠯᠤᠮᠵᠢ —                 ᠶᠠᠭᠤᠨ  ᠳᠤ ᠬᠦᠳᠡᠭᠡ ᠲᠣᠰᠬᠤᠨ  ᠤ ᠬᠤᠷᠰᠢᠬᠰᠠᠨ                 ᠠᠵᠣ ᠠᠬᠤᠢ ᠶᠢᠨ ᠬᠦᠭᠵᠢᠯᠳᠡ ᠶᠢ ᠲᠡᠮᠵᠢᠬᠦ ᠪᠣᠢ︖       ︽ᠲᠣᠭᠳᠠᠭᠠᠯ︾ ᠳᠤ ᠬᠦᠳᠡᠭᠡ ᠲᠣᠰᠬᠤᠨ ᠤ ᠬᠤᠷᠰᠢᠬᠰᠠᠨ ᠠᠵᠣ ᠠᠬᠤᠢ ᠶᠢᠨ ᠬᠦᠭᠵᠢᠯᠳᠡ ᠳᠤ ᠲᠣᠬᠢᠷᠠᠭᠤᠯᠣᠯᠳᠠ ᠬᠢᠵᠣ᠂   ᠬᠦᠳᠡᠭᠡ ᠲᠣᠰᠬᠤᠨ ᠤ ᠬᠤᠷᠰᠢᠬᠰᠠᠨ ᠠᠵᠣ ᠠᠬᠤᠢ ᠶᠢᠨ ᠬᠦᠭᠵᠢᠯᠳᠡ ᠶᠢ ᠲᠡᠮᠵᠢᠬᠦ ᠪᠠᠷ ᠲᠣᠳᠣᠷᠬᠠᠢ ᠲᠣᠷᠠᠳᠣᠨ ᠭᠠᠷᠭᠠᠵᠣ᠂   ᠬᠡᠪᠵᠢᠶᠡᠵᠢᠭᠰᠡᠨ᠂ ᠲᠣᠰᠬᠠᠢᠢᠵᠢᠬᠰᠠᠨ ᠪᠠ ᠣᠳᠣᠬᠢᠴᠢᠯᠠᠬᠰᠠᠨ ᠡᠵᠡᠩᠨᠡᠯᠳᠡ ᠶᠢᠨ ᠬᠦᠭᠵᠢᠯᠳᠡ ᠶᠢ ᠲᠡᠳᠬᠦᠵᠣ᠂ ᠡᠳ᠋ ᠤᠨ ᠵᠠᠰᠠᠭ ᠤᠨ   ᠲᠦᠷᠦᠯ ᠵᠦᠢᠯ ᠤᠨ ᠪᠡᠯᠡ ᠮᠥᠡᠭᠬᠦ ᠶᠢ ᠨᠥᠬᠦᠴᠡᠯ   ᠳᠤ ᠨᠡᠶᠢᠴᠡᠭᠰᠡᠨ ᠬᠤᠷᠰᠢᠵᠢᠶᠠᠯ ᠳᠤ ᠰᠢᠭᠤᠳ ᠤᠷᠤᠭᠤᠯᠬᠤ ᠶᠢ ᠵᠥᠪᠰᠢᠶᠡᠷᠡᠵᠤ᠂   ᠬᠤᠷᠰᠢᠶᠠᠵᠢᠯ ᠠᠴᠠ ᠢᠲᠡᠬᠡᠮᠵᠢᠲᠤ ᠬᠤᠷᠰᠢᠶ᠎ᠠ ᠡᠷᠬᠢᠯᠡᠬᠦ ᠶᠢ   ᠵᠥᠪᠰᠢᠶᠡᠷᠡᠨ᠎ᠠ᠃ ᠡᠨᠡ ᠨᠢ ᠬᠥᠲᠡᠭᠡ ᠲᠤᠰᠬᠤᠨ ᠤ ᠬᠤᠷᠰᠢᠶᠠᠵᠢᠯ ᠤᠨ   ᠥᠨᠲᠥᠰᠥᠨ ᠪᠠᠷᠢᠮᠵᠢᠶ᠎ᠠ ᠪᠠ ᠵᠥᠭ ᠴᠢᠭᠯᠡᠯ ᠢ ᠲᠤᠷᠠᠲᠤᠨ ᠭᠠᠷᠭᠠᠭᠰᠠᠨ ᠢᠶᠠᠷ ᠥᠯᠥ ᠪᠠᠷᠠᠨ ᠪᠠᠰᠠ ᠬᠥᠲᠡᠭᠡ ᠲᠤᠰᠬᠤᠨ ᠤ   ᠬᠤᠷᠰᠢᠶᠠᠵᠢᠯ ᠤᠨ ᠠᠵᠤ ᠠᠬᠤᠢ ᠶᠢᠨ ᠬᠥᠭᠵᠢᠯᠲᠡ ᠶᠢ ᠲᠡᠳᠬᠦᠬᠦ ᠲᠥᠷᠥ ᠶᠢᠨ ᠪᠤᠲᠤᠯᠭ᠎ᠠ ᠶᠢᠨ ᠠᠷᠭ᠎ᠠ ᠬᠡᠮᠵᠢᠶ᠎ᠠ ᠶᠢ ᠲᠤᠷᠠᠲᠤᠭᠰᠠᠨ   ᠪᠠᠶᠢᠨ᠎ᠠ᠃     ᠬᠤᠷᠰᠢᠶᠠᠵᠢᠯ ᠤᠨ ᠠᠵᠤ ᠠᠬᠤᠢ ᠨᠢ ᠬᠤᠪᠢᠰᠬᠠᠯ ᠤᠨ ᠤᠲᠤᠷᠢᠲᠤᠭᠴᠢ ᠮᠠᠷᠺᠰ ᠯᠧᠨᠢᠨ ᠤ ᠥᠵᠡᠯ ᠰᠠᠨᠠᠭᠠᠨ ᠲᠤᠲᠤᠷ᠎ᠠ ᠲᠡᠬᠡᠲᠤ   ᠬᠡᠮᠵᠢᠶᠡᠨ ᠤ   ᠬᠥᠨᠲᠤᠳᠬᠡᠯ ᠢ ᠤᠯᠵᠤ ᠪᠤᠢ᠃ ᠮᠠᠷᠺᠰ 1864 ᠤᠨ ᠤ 10 ᠰᠠᠷ᠎ᠠ ᠳᠤ ᠪᠢᠴᠢᠭᠰᠡᠨ ︽ᠤᠯᠠᠨ ᠤᠯᠤᠰ ᠤᠨ   ᠠᠵᠢᠯᠲᠡᠨ ᠤ ᠨᠡᠶᠢᠬᠡᠮᠯᠢᠭ   ᠪᠠᠶᠢᠭᠤᠯᠤᠭᠲᠠᠬᠤ ᠲᠤᠩᠬᠠᠭ︾   ᠲᠤ ᠲᠤᠬᠠᠢ ᠶᠢᠨ ᠥᠶ᠎ᠠ ᠶᠢᠨ ᠠᠵᠢᠯᠲᠠᠨ ᠤ ᠪᠠᠶᠢᠭᠤᠯᠤᠭᠰᠠᠨ ︽  ᠬᠤᠷᠰᠢᠶᠠᠵᠢᠯ ᠤᠨ ᠥᠢᠯᠡᠳᠪᠤᠷᠢ︾ ᠶᠢ ᠲᠡᠭᠡᠳᠣ   ᠬᠡᠮᠵᠢᠶ᠎ᠠ ᠪᠠᠷ ᠥᠨᠡᠯᠡᠵᠤ᠂ ︽ᠲᠡᠲᠡᠬᠡᠷ ᠨᠡᠶᠢᠬᠡᠮ ᠤᠨ ᠠᠭᠤᠤ ᠶᠡᠭᠡ   ᠲᠤᠷᠰᠢᠯᠲᠠ ᠶᠢᠨ ᠠᠴᠢ ᠬᠤᠯᠪᠤᠭᠲᠠᠯ ᠢ ᠶᠠᠭᠠᠬᠢᠵᠤ ᠥᠨᠲᠥᠷ ᠢᠶᠠᠷ ᠥᠨᠡᠯᠡᠪᠡᠴᠤ ᠴᠥᠮ ᠬᠡᠲᠤᠷᠡᠬᠦ ᠥᠬᠡᠢ︾ ᠬᠡᠵᠣ   ᠲᠣᠳᠣᠷᠬᠠᠢᠢᠯᠠᠬᠰᠠᠨ ᠪᠠᠶᠢᠨ᠎ᠠ᠂ ᠤᠴᠢᠷ ᠨᠢ ᠲᠡᠲᠡᠨᠤᠰ ᠦᠷ᠎ᠠ ᠪᠦᠳᠣᠮᠵᠢᠳᠠᠢ ᠪᠠᠷ ᠬᠦᠳᠡᠯᠮᠦᠷᠢᠯᠡᠵᠣ᠂ ᠬᠥᠯᠥᠰᠥᠯᠡᠭᠲᠡᠬᠦ   ᠬᠥᠲᠡᠯᠮᠤᠷᠢ ᠨᠢ ᠴᠥᠮ ᠥᠪᠡᠷ ᠤᠨ ᠰᠠᠶᠢᠨ ᠲᠤᠷ᠎ᠠ ᠠᠴᠠ ᠪᠠᠨ ᠪᠠᠶᠠᠷ ᠪᠠᠶᠠᠰᠬᠤᠯᠠᠩᠲᠠᠢ ᠪᠠᠷ ᠬᠤᠷᠰᠢᠨ ᠬᠥᠲᠡᠯᠮᠥᠷᠢᠯᠡᠬᠦ ᠳᠤ ᠣᠷᠣᠨ ᠵᠠᠢ   ᠬᠠᠩᠭᠠᠬᠰᠠᠨ ᠢ ᠬᠡᠷᠡᠴᠢᠯᠡᠭᠰᠡᠨ ᠪᠠᠶᠢᠨ᠎ᠠ᠃ ᠮᠠᠷᠺᠰ ᠬᠤᠷᠰᠢᠶᠠᠵᠢᠯ ᠤᠨ ᠠᠵᠤ ᠠᠬᠤᠢ ᠶᠢᠨ ᠬᠤᠷᠰᠢᠨ ᠭᠥᠲᠡᠯᠮᠥᠷᠢᠯᠡᠬᠦ ᠶᠢ ᠬᠥᠷᠥᠩᠬᠡᠲᠤ   ᠶᠤᠰᠤᠨ ᠤ ᠬᠥᠯᠥᠰᠥᠯᠡᠭᠲᠡᠬᠦ ᠬᠥᠲᠡᠯᠮᠤᠷᠢ ᠶᠢ ᠤᠷᠤᠯᠠᠬᠤ ᠨᠢᠭᠡᠨ ᠠᠵᠤ ᠠᠬᠤᠢ ᠶᠢᠨ ᠬᠡᠯᠪᠡᠷᠢ ᠬᠡᠵᠤ ᠥᠵᠡᠭᠰᠡᠨ ᠪᠠᠶᠢᠨ᠎ᠠ᠃ 1971   ᠤᠨ ᠳᠤ ᠪᠢᠴᠢᠭᠰᠡᠨ ᠨᠤᠮ ᠲᠤᠲᠤᠷ᠎ᠠ ᠪᠠᠨ ᠨᠡᠩ ᠤᠨᠤᠪᠴᠢᠲᠠᠢ ᠪᠠᠷ᠄ ︽ᠬᠡᠷᠪᠡ ᠬᠤᠯᠪᠤᠭᠠᠯᠠᠵᠤ ᠡᠬᠢᠯᠡᠭᠰᠡᠨ ᠬᠤᠷᠰᠢᠶᠠᠵᠢᠯ ᠨᠢ   ᠬᠠᠮᠲᠤ ᠶᠢᠨ ᠲᠥᠯᠥᠪᠯᠡᠭᠡ ᠶᠤᠰᠤᠭᠠᠷ ᠪᠥᠬᠦ ᠤᠯᠤᠰ ᠤᠨ ᠥᠢᠯᠡᠳᠪᠤᠷᠢᠯᠡᠯ ᠢ ᠲᠤᠬᠢᠷᠠᠭᠤᠯᠵᠤ᠂ ᠡᠬᠦᠨ ᠠᠴᠠ ᠪᠥᠬᠦ ᠤᠯᠤᠰ ᠤᠨ   ᠥᠢᠯᠡᠳᠪᠤᠷᠢᠯᠡᠯ ᠢ ᠡᠵᠡᠮᠲᠡᠵᠤ᠂ ᠴᠠᠭ ᠢᠮᠠᠭᠲᠠ ᠤᠷᠤᠰᠢᠵᠤ ᠪᠠᠶᠢᠭ᠎ᠠ ᠵᠠᠰᠠᠭ ᠥᠬᠡᠢ ᠪᠠᠶᠢᠲᠠᠯ ᠪᠠ ᠥᠶᠡᠯᠡᠯ ᠤᠨ ᠴᠢᠨᠠᠷᠲᠠᠢ ᠥᠢᠮᠡᠭᠡᠨ   ᠮᠡᠲᠤ ᠶᠢᠨ ᠬᠥᠷᠥᠩᠬᠡᠲᠤ ᠶᠤᠰᠤᠨ ᠤ ᠲᠤᠲᠠᠭᠠᠬᠤᠶ᠎ᠠ ᠪᠡᠷᠬᠡ ᠭᠠᠢ ᠭᠠᠮᠰᠢᠭ ᠢ ᠲᠡᠬᠦᠰᠬᠡᠪᠡᠯ᠂ ᠡᠨᠡ ᠨᠢ ᠡᠨᠡᠬᠦ ᠡᠪ ᠬᠠᠮᠲᠤ ᠶᠢᠨ ᠶᠤᠰᠤ   ᠪᠢᠰᠢ ᠶᠠᠭᠤ ᠪᠤᠢ ᠬᠡᠵᠤ ᠣᠯᠠᠨ ᠠᠪᠣᠭᠠᠢ ᠠᠴᠠ ᠠᠰᠠᠭᠤᠶ᠎ᠠ︾ ᠭᠡᠵᠣ ᠲᠣᠷᠠᠳᠣᠨ ᠭᠠᠷᠭᠠᠬᠰᠠᠨ ᠪᠠᠶᠢᠨ᠎ᠠ᠃ ᠡᠩᠭᠧᠯᠰ 1886 ᠤᠨ   ᠳᠤ ᠪᠢᠴᠢᠭᠰᠡᠨ ᠨᠣᠮ ᠳᠠᠭᠠᠨ ᠴᠤ ︽ᠡᠪ ᠬᠠᠮᠲᠤ ᠶᠢᠨ ᠶᠤᠰᠤ ᠤᠷᠤᠭᠤ ᠪᠦᠷᠢᠮᠣᠰᠣᠨ ᠰᠢᠯᠵᠢᠬᠦ ᠳᠤ᠂ ᠪᠢᠲᠠ ᠡᠷᠬᠡᠪᠰᠢ ᠶᠡᠭᠡ   ᠬᠡᠪᠴᠢᠶ᠎ᠠ ᠪᠠᠷ ᠬᠤᠷᠰᠢᠶᠠᠵᠢᠯ ᠤᠨ ᠠᠵᠤ ᠠᠬᠤᠢ ᠪᠠᠷ ᠲᠤᠲᠤᠭᠠᠲᠤ ᠶᠢᠨ ᠭᠤᠭᠴᠤᠭ᠎ᠠ ᠪᠤᠯᠭᠠᠬᠤ ᠬᠡᠷᠡᠭᠲᠡᠢ᠂ ᠡᠨᠡ ᠲᠠᠯ᠎ᠠ ᠶᠢ ᠮᠠᠷᠺᠰ   ᠪᠢᠲᠠ ᠬᠤᠶᠠᠷ ᠶᠡᠷᠤ ᠠᠴᠠ ᠰᠡᠵᠢᠭᠯᠡᠬᠦ ᠥᠬᠡᠢ︾ ᠭᠡᠵᠣ ᠲᠣᠷᠠᠳᠣᠨ ᠭᠠᠷᠭᠠᠵᠠᠢ᠃ ᠯᠧᠨᠢᠨ ᠪᠠᠰᠠ᠄ ︽ᠪᠤᠯᠪᠠᠰᠤᠨ ᠬᠤᠷᠰᠢᠶᠠᠵᠢᠯ ᠤᠨ   ᠪᠠᠶᠢᠭᠤᠯᠤᠯ ᠨᠢ ᠲᠠᠷᠤᠢ ᠨᠡᠶᠢᠬᠡᠮ   ᠵᠢᠷᠤᠮᠲᠤ ᠶᠤᠰᠤᠨ ᠤ ᠪᠠᠶᠢᠭᠤᠯᠤᠯ ᠮᠥᠨ︾᠂ ︽ᠬᠤᠷᠰᠢᠶᠡᠵᠢᠯ ᠤᠨ ᠭᠥᠭᠵᠢᠯᠲᠠ ᠨᠢ ᠲᠠᠷᠤᠢ   ᠨᠡᠶᠢᠬᠡᠮ ᠵᠢᠷᠤᠮ ᠤᠨ ᠬᠥᠭᠵᠢᠯᠲᠡ  ᠮᠦᠠ︾ ᠭᠡᠰᠡᠨ ᠪᠠᠶᠢᠨ᠎ᠠ᠃       ᠬᠤᠷᠰᠢᠶᠠᠵᠢᠯ ᠤᠨ ᠠᠵᠤ ᠠᠬᠤᠢ ᠨᠢ ᠬᠥᠲᠡᠭᠡ ᠲᠤᠰᠬᠤᠨ ᠤ ᠬᠥᠭᠵᠢᠯᠲᠡ ᠶᠢᠨ ᠴᠢᠬᠤᠯᠠ ᠨᠢᠬᠡᠨ ᠵᠥᠭ ᠴᠢᠭᠯᠡᠯ ᠮᠥᠨ ᠃   ᠲᠠᠷᠢᠶᠠᠴᠢᠳ ᠤᠨ ᠰᠠᠯᠤᠩᠭᠢ ᠡᠵᠡᠩᠨᠡᠯᠲᠡ ᠶᠢᠨ ᠤᠨᠴᠠᠯᠢᠭ ᠨᠢ ᠬᠥᠲᠡᠭᠡ ᠲᠤᠰᠬᠤᠨ ᠤ ᠬᠤᠷᠰᠢᠶᠠᠵᠢᠯ ᠤᠨ ᠠᠵᠤ ᠠᠬᠤᠢ ᠶᠢ   ᠬᠥᠭᠵᠢᠬᠦᠯᠬᠦ ᠴᠢᠬᠤᠯᠠ ᠴᠢᠨᠠᠷ ᠪᠠ ᠵᠠᠶᠢᠯᠠᠰᠢ ᠥᠬᠡᠢ   ᠴᠢᠨᠠᠷ ᠢ ᠲᠤᠭᠲᠠᠭᠠᠪᠠ᠃ ᠲᠠᠷᠢᠶᠠᠴᠢᠳ ᠤᠨ ᠪᠠᠭ᠎ᠠ ᠬᠡᠪᠴᠢᠶᠠᠨ ᠤ ᠰᠠᠯᠥᠩᠬᠢ   ᠡᠵᠡᠩᠨᠡᠯᠲᠡ ᠪᠠ ᠲᠠᠷᠢᠶᠠᠯᠠᠩ ᠣᠢᠢᠯᠡᠳᠪᠦᠷᠢᠯᠡᠯ ᠤᠨ ᠶᠡᠭᠡ ᠵᠠᠬ᠎ᠠ ᠲᠡᠯᠬᠡᠬᠦᠷ ᠤᠨ ᠬᠤᠭᠤᠷᠤᠨᠲᠤᠬᠢ ᠵᠥᠷᠢᠴᠡᠯ ᠪᠤᠯ ᠮᠠᠨ ᠤ ᠤᠯᠤᠰ ᠤᠨ   ᠲᠠᠷᠢᠶᠠᠯᠠᠩ ᠠᠵᠤ ᠠᠬᠤᠢ ᠶᠢᠨ ᠬᠥᠭᠵᠢᠯᠲᠡ ᠳᠤ ᠲᠤᠯᠭᠠᠷᠠᠵᠤ ᠪᠠᠶᠢᠬᠤ ᠭᠤᠤᠯᠲᠠᠯᠭ᠎ᠠ ᠲᠠᠢ ᠠᠰᠠᠭᠤᠲᠠᠯ ᠮᠥᠨ᠃ ᠬᠤᠷᠰᠢᠶᠠᠵᠢᠯ ᠤᠨ   ᠠᠵᠤ ᠠᠬᠤᠢ ᠶᠢ ᠭᠥᠭᠵᠢᠬᠦᠯᠬᠦ ᠪᠤᠯ ᠡᠨᠡ ᠨᠢᠬᠡᠨ ᠵᠥᠷᠢᠴᠡᠯ ᠪᠠ ᠠᠰᠠᠭᠤᠲᠠᠯ ᠢ ᠰᠢᠢᠳᠪᠤᠷᠢᠯᠡᠬᠦ ᠠᠰᠢᠬᠲᠠᠢ ᠠᠷᠭ᠎ᠠ ᠬᠡᠮᠵᠢᠶ᠎ᠠ ᠪᠤᠯᠤᠨ᠎ᠠ᠃ ᠬᠤᠷᠰᠢᠶᠠᠵᠢᠯ ᠤᠨ ᠠᠵᠤ ᠠᠬᠤᠢ ᠪᠤᠯ ᠵᠠᠬ᠎ᠠ ᠲᠡᠯᠬᠡᠬᠦᠷ ᠪᠠ ᠲᠠᠷᠢᠶᠠᠴᠢᠳ ᠢ ᠬᠤᠯᠪᠤᠭᠠᠯᠠᠬᠤ ᠵᠠᠭᠤᠴᠢ ᠮᠥᠨ᠂ ᠵᠠᠬ᠎ᠠ ᠲᠡᠯᠬᠡᠬᠦᠷ ᠤᠨ   ᠮᠡᠲᠡᠭᠡ ᠵᠠᠩᠬᠢ ᠶᠢ ᠲᠠᠮᠵᠢᠭᠤᠯᠬᠤ᠂ ᠲᠥᠬᠡᠮᠡᠯᠵᠢᠬᠦᠯᠬᠦ᠂ ᠥᠢᠯᠡᠳᠪᠤᠷᠢᠯᠡᠬᠦ ᠮᠡᠷᠬᠡᠵᠢᠯ᠂ ᠨᠡᠶᠢᠬᠡᠮ ᠤᠨ   ᠥᠢᠯᠡᠴᠢᠯᠡᠭᠡ ᠶᠢ ᠬᠠᠩᠭᠠᠬᠤ᠂   ᠲᠠᠷᠢᠶᠠᠴᠢᠳ ᠢ ᠤᠲᠤᠷᠢᠲᠤᠨ ᠵᠤᠬᠢᠶᠠᠨ ᠪᠠᠶᠢᠭᠤᠯᠵᠤ᠂ ᠵᠠᠬ᠎ᠠ ᠲᠡᠯᠬᠡᠬᠦᠷ ᠤᠨ ᠱᠠᠭᠠᠷᠲᠠᠯᠭ᠎ᠠ ᠶᠤᠰᠤᠭᠠᠷ ᠥᠢᠯᠡᠳᠪᠤᠷᠢᠯᠡᠬᠦ ᠪᠠ   ᠪᠤᠷᠤᠯᠠᠭᠤᠯᠬᠤ ᠵᠡᠷᠬᠡ ᠲᠠᠯ᠎ᠠ   ᠳᠤ ᠴᠢᠬᠤᠯᠠ ᠥᠢᠯᠡᠲᠤᠯ ᠢ ᠭᠠᠷᠭᠠᠵᠤ᠂ ᠭᠠᠭᠴᠠ ᠠᠶᠢᠯ ᠡᠷᠤᠬᠡᠲᠤ ᠲᠠᠷᠢᠶᠠᠴᠢᠨ ᠢ ᠵᠠᠬ᠎ᠠ ᠲᠡᠯᠬᠡᠬᠦᠷ   ᠲᠤ ᠤᠷᠤᠵᠤ   ᠲᠤᠷᠤᠢ ᠪᠠᠶᠢᠲᠠᠯ ᠳᠤ ᠤᠷᠤᠰᠢᠬᠤ ᠶᠢ ᠥᠬᠡᠷᠡᠴᠢᠯᠡᠵᠤ᠂ ᠨᠡᠯᠢᠶᠡᠳ ᠥᠨᠲᠥᠷ ᠵᠤᠬᠢᠶᠠᠨ ᠪᠠᠶᠢᠭᠤᠯᠤᠯᠲᠠ ᠶᠢᠨ ᠬᠡᠮᠵᠢᠶ᠎ᠠ᠂   ᠨᠢᠬᠡ ᠴᠤᠭᠴᠠᠴᠢᠯᠠᠭᠰᠠᠨ ᠵᠤᠬᠢᠶᠠᠨ ᠪᠠᠶᠢᠭᠤᠯᠤᠯᠲᠠ ᠶᠢᠨ ᠪᠥᠲᠥᠴᠡ᠂ ᠵᠤᠬᠢᠬᠤ ᠬᠡᠮᠵᠢᠶᠠᠨ ᠤ ᠵᠤᠬᠢᠶᠠᠨ ᠪᠠᠶᠢᠭᠤᠯᠤᠯᠲᠠ ᠶᠢᠨ   ᠬᠡᠪᠴᠢᠶ᠎ᠠ ᠪᠠᠷ ᠵᠠᠬ᠎ᠠ ᠲᠡᠯᠬᠡᠬᠦᠷ ᠲᠤ ᠤᠷᠤᠯᠴᠠᠵᠤ᠂   ᠰᠠᠯᠤᠩᠭᠢ ᠥᠢᠯᠡᠳᠪᠤᠷᠢᠯᠡᠯ ᠪᠠ ᠵᠠᠬ᠎ᠠ ᠲᠡᠯᠬᠡᠬᠦᠷ ᠤᠨ ᠠᠰᠢᠬᠲᠠᠢ   ᠵᠠᠯᠭᠠᠯᠲᠤᠭᠤᠯᠭ᠎ᠠ ᠶᠢ ᠪᠡᠶᠡᠯᠡᠬᠦᠯᠵᠤ᠂ ᠶᠡᠭᠡ ᠬᠡᠮᠵᠢᠶ᠎ᠠ ᠪᠠᠷ ᠲᠠᠷᠢᠶᠠᠴᠢᠳ ᠤᠨ ᠵᠠᠬ᠎ᠠ ᠲᠡᠯᠬᠡᠬᠦᠷ ᠤᠨ ᠬᠡᠯᠡᠯᠴᠡᠬᠡᠨ ᠤ ᠴᠢᠲᠠᠪᠤᠷᠢ ᠪᠠ   ᠥᠷᠢᠰᠥᠯᠲᠡᠬᠡᠨ ᠤ ᠴᠢᠲᠠᠪᠤᠷᠢ ᠶᠢ ᠲᠡᠭᠡᠭᠰᠢᠯᠡᠬᠦᠯᠬᠦ ᠪᠤᠯ ᠵᠤᠬᠢᠶᠠᠨ ᠪᠠᠶᠢᠭᠤᠯᠬᠤ ᠪᠠ ᠲᠠᠷᠢᠶᠠᠴᠢᠨ ᠳᠤ ᠥᠢᠯᠡᠴᠢᠯᠡᠬᠦ ᠶᠢᠨ ᠴᠢᠬᠤᠯᠠ   ᠵᠤᠬᠢᠶᠠᠨ ᠪᠠᠶᠢᠭᠤᠯᠤᠯᠲᠠ ᠶᠢᠨ ᠠᠷᠭ᠎ᠠ ᠬᠡᠮᠵᠢᠶ᠎ᠠ ᠪᠤᠯᠤᠨ᠎ᠠ᠂ ᠲᠠᠷᠢᠶᠠᠯᠠᠩ ᠤᠨ ᠵᠠᠬ᠎ᠠ ᠲᠡᠯᠬᠡᠬᠦᠷ ᠤᠨ ᠥᠷᠢᠰᠥᠯᠲᠤᠬᠡᠨ ᠤ ᠬᠥᠴᠥᠨ ᠢ   ᠲᠡᠬᠡᠭᠰᠢᠯᠡᠬᠦᠯᠬᠦ ᠠᠰᠢᠭᠲᠠᠢ ᠠᠷᠭ᠎ᠠ ᠵᠠᠮ ᠪᠤᠯᠤᠨ᠎ᠠ᠃ ᠲᠠᠷᠢᠶᠠᠯᠠᠩ ᠠᠵᠤ ᠠᠬᠤᠢ ᠶᠢᠨ ᠬᠡᠪᠴᠢᠶ᠎ᠠ ᠠᠴᠠ ᠭᠠᠲᠠᠨ᠎ᠠ᠂ ᠬᠤᠷᠰᠢᠶᠠᠵᠢᠯ ᠤᠨ   ᠠᠵᠤ ᠠᠬᠤᠢ ᠨᠢ ᠪᠠᠰᠠ ᠬᠥᠲᠡᠭᠡ ᠲᠤᠰᠬᠤᠨ ᠤ ᠠᠵᠤ ᠶᠠᠪᠤᠲᠠᠯ ᠤᠨ ᠲᠠᠩ ᠭᠠᠭᠴᠠ ᠡᠷᠤᠬᠡ ᠶᠢᠨ ᠰᠢᠢᠳᠪᠤᠷᠢᠯᠡᠵᠤ ᠲᠡᠶᠢᠯᠬᠦ ᠥᠬᠡᠢ   ᠵᠦᠢᠯ᠂ ᠡᠰᠡᠬᠦᠯ᠎ᠠ   ᠰᠠᠶᠢᠨ ᠰᠢᠢᠳᠪᠤᠷᠢᠯᠡᠵᠤ ᠴᠢᠲᠠᠬᠤ ᠥᠬᠡᠢ ᠵᠦᠢᠯᠡᠰ ᠢ ᠳᠤᠬᠢᠳᠠᠢ ᠰᠢᠢᠳᠪᠤᠷᠢᠯᠡᠵᠤ᠂ ᠬᠥᠲᠡᠭᠡ ᠲᠤᠰᠬᠤᠨ ᠤ   ᠨᠡᠶᠢᠲᠡ ᠶᠢᠨ ᠠᠰᠠᠷᠠᠮᠵᠢ ᠶᠢᠨ ᠠᠵᠢᠯ ᠥᠢᠯᠡᠰ ᠪᠠ ᠬᠥᠲᠡᠭᠡ ᠲᠤᠰᠬᠤᠨ ᠤ ᠨᠡᠶᠢᠬᠡᠮ ᠤᠨ ᠬᠠᠮᠢᠶᠠᠷᠤᠯᠲᠠ ᠶᠢ ᠲᠡᠬᠦᠯᠲᠡᠷᠵᠢᠬᠦᠯᠬᠦ   ᠠᠰᠢᠬᠲᠠᠢ ᠵᠠᠭᠤᠴᠢ ᠪᠤᠯᠤᠨ᠎ᠠ᠃ ᠤᠲᠤᠬᠠᠨ ᠳᠤ᠂ ᠲᠠᠩ   ᠭᠠᠭᠴᠠ ᠬᠡᠷ ᠪᠥᠯᠢ ᠶᠢᠨ ᠡᠵᠡᠩᠨᠡᠯᠲᠡ ᠪᠤᠯ ᠮᠥᠨᠴᠤ ᠮᠠᠨ ᠤ ᠤᠯᠤᠰ ᠤᠨ   ᠬᠥᠲᠡᠭᠡ ᠲᠤᠰᠬᠤᠨ ᠤ ᠡᠵᠡᠩᠨᠡᠯᠲᠡ ᠶᠢᠨ ᠠᠷᠭ᠎ᠠ ᠮᠠᠶ᠋ᠢᠭ ᠤᠨ ᠭᠤᠤᠯ ᠴᠤᠭᠴᠠ ᠪᠣᠯᠵᠣ ᠪᠠᠶᠢᠨ᠎ᠠ᠃ ᠡᠷᠬᠡᠪᠰᠢ ᠶᠡᠭᠡ ᠬᠥᠴᠥ ᠪᠠᠷ   ᠲᠤᠰᠬᠠᠢ ᠮᠡᠷᠬᠡᠵᠢᠯ ᠤᠨ ᠬᠤᠷᠰᠢᠶᠠᠵᠢᠯ᠂ ᠨᠡᠶᠢᠬᠡᠮ ᠲᠤᠭᠤᠷᠢᠭ ᠤᠨ ᠬᠠᠮᠲᠤᠷᠠᠨ ᠠᠵᠢᠯᠯᠠᠬᠤ ᠪᠠ ᠬᠤᠪᠢ ᠤᠷᠤᠭᠤᠯᠤᠨ ᠬᠠᠮᠲᠤᠷᠠᠨ   ᠠᠵᠢᠯᠯᠠᠬᠤ ᠵᠡᠷᠬᠡ ᠤᠯᠠᠨ ᠵᠦᠢᠯ ᠤᠨ ᠬᠡᠯᠪᠡᠷᠢ   ᠮᠠᠶ᠋ᠢᠭ ᠤᠨ ᠬᠤᠷᠰᠢᠶᠠᠵᠢᠯ ᠤᠨ ᠠᠵᠤ ᠠᠬᠤᠢ ᠪᠠᠷ ᠲᠠᠮᠵᠢᠭᠤᠯᠵᠣ᠂ ᠬᠥᠲᠡᠭᠡ   ᠲᠤᠰᠬᠤᠨ ᠤ ᠥᠢᠯᠡᠳᠪᠤᠷᠢᠯᠡᠯ ᠤᠨ ᠬᠢᠷᠢ ᠲᠥᠪᠰᠢᠨ ᠢ ᠲᠡᠬᠡᠭᠰᠢᠯᠡᠬᠦᠯᠵᠤ᠂ ᠬᠥᠲᠡᠭᠡ ᠲᠤᠰᠬᠤᠨ ᠤ ᠪᠥᠬᠦ᠋ᠢᠯᠡ ᠪᠤᠯᠪᠠᠰᠤᠨ ᠪᠠ   ᠥᠷᠢᠰᠥᠯᠲᠥᠬᠡᠨ ᠤ   ᠬᠥᠴᠥᠨ ᠢ ᠲᠡᠬᠡᠭᠰᠢᠯᠡᠬᠦᠯᠬᠦ ᠬᠡᠷᠡᠭᠲᠡᠢ᠃       ᠬᠥᠲᠡᠭᠡ ᠲᠤᠰᠬᠤᠨ ᠤ ᠲᠠᠷᠢᠶᠠᠯᠠᠩ ᠤᠨ ᠥᠢᠯᠡᠳᠬᠦᠨ ᠪᠠ ᠪᠤᠷᠤᠯᠠᠭᠤᠯᠬᠤ ᠬᠤᠷᠰᠢᠶᠠᠵᠢᠯ ᠢ ᠬᠥᠭᠵᠢᠬᠦᠯᠬᠦ ᠨᠢ ᠨᠢᠬᠡᠨ ᠲᠡᠯᠡᠬᠡᠢ ᠶᠢᠨ   ᠴᠢᠨᠠᠷᠲᠠᠢ ᠲᠦᠭᠡᠮᠡᠯ   ᠥᠵᠡᠭᠲᠡᠯ ᠪᠤᠯᠤᠨ ᠬᠠᠨᠲᠤᠰᠢ ᠪᠣᠯᠣᠨ᠎ᠠ᠃ ᠬᠥᠭᠵᠢᠭᠰᠡᠨ ᠤᠯᠤᠰ ᠪᠤᠶᠤ ᠬᠥᠭᠵᠢᠵᠤ ᠪᠠᠶᠢᠭ᠎ᠠ ᠤᠯᠤᠰ ᠤᠨ   ᠠᠯᠢ ᠨᠢ ᠴᠤ ᠪᠣᠯᠤᠭ᠂ ᠲᠠᠷᠢᠶᠠᠴᠢᠳ ᠤᠨ ᠬᠤᠷᠰᠢᠶᠠᠵᠢᠯ ᠢ ᠪᠦᠷ ᠲᠡᠬᠡᠲᠤ ᠬᠡᠮᠵᠢᠶ᠎ᠠ ᠪᠠᠷ ᠬᠥᠨᠲᠥᠳᠬᠡᠵᠣ ᠪᠤᠢ᠃ ᠤᠲᠤᠬᠠᠨ ᠳᠤ᠂   ᠪᠥᠬᠦ ᠲᠡᠯᠡᠭᠡᠢ ᠶᠢᠨ 160 ᠭᠠᠷᠣᠢ ᠤᠯᠤᠰ ᠤᠷᠤᠨ ᠪᠠ ᠭᠠᠵᠠᠷ ᠤᠷᠤᠨ ᠳᠤ ᠪᠦᠷ ᠲᠡᠷᠢᠶᠠᠴᠢᠳ ᠤᠨ ᠬᠤᠷᠰᠢᠶᠠᠵᠢᠯ ᠪᠠᠶᠢᠨ᠎ᠠ᠃   ᠬᠥᠭᠵᠢᠭᠰᠡᠨ ᠤᠯᠤᠰ ᠤᠨ ᠲᠠᠷᠢᠶᠠᠴᠢᠳ ᠨᠢ ᠪᠦᠷ ᠬᠤᠷᠰᠢᠶᠠᠵᠢᠯ ᠳᠤ ᠤᠷᠤᠯᠴᠠᠵᠤ᠂   ᠠᠮᠧᠷᠢᠺᠠ ᠶᠢᠨ 5/6 ᠶᠢᠨ ᠲᠠᠷᠢᠶᠠᠴᠢᠳ ᠨᠢ   ᠡᠯ᠎ᠠ ᠵᠦᠢᠯ ᠤᠨ ᠬᠤᠷᠰᠢᠶᠠᠵᠢᠯ ᠳᠤ ᠤᠷᠤᠯᠴᠠᠵᠤ᠂ ᠹᠷᠠᠨᠼᠢ ᠶᠢᠨ 4/5 ᠶᠢᠨ ᠲᠠᠷᠢᠶᠠᠴᠢᠳ ᠨᠢ ᠲᠠᠷᠢᠶᠠᠯᠠᠩ ᠤᠨ ᠬᠥᠢᠯᠬᠡᠬᠡ ᠶᠢᠨ   ᠬᠤᠷᠰᠢᠶᠠᠵᠢᠯ ᠳᠤ ᠤᠷᠤᠯᠴᠠᠵᠤ᠂ ᠬᠤᠯᠠᠨᠳ᠋ ᠤᠨ ᠲᠠᠷᠢᠶᠠᠴᠢᠳ ᠤᠨ 80% ᠠᠴᠠ ᠲᠡᠬᠡᠭᠰᠢᠬᠢ ᠲᠠᠷᠢᠶᠠᠯᠠᠩ ᠤᠨ ᠥᠢᠯᠡᠳᠬᠦᠨ ᠨᠢ   ᠬᠤᠷᠰᠢᠶᠠᠵᠢᠯ ᠢᠶᠠᠷ ᠲᠠᠮᠵᠢᠨ ᠪᠤᠷᠤᠯᠠᠭᠤᠯᠤᠭᠲᠠᠵᠤ᠂ ᠶᠠᠫᠦᠨ ᠤ ᠲᠠᠷᠢᠶᠠᠴᠢᠳ 100/100 ᠪᠠᠷ ᠬᠤᠷᠰᠢᠶᠠᠵᠢᠯ ᠳᠤ ᠤᠷᠤᠯᠴᠠᠵᠤ᠂   ᠬᠤᠷᠰᠢᠶᠠᠵᠢᠯ ᠨᠢ ᠨᠢᠬᠡᠨᠲᠠ ᠲᠠᠷᠢᠶᠠᠴᠢᠳ ᠤᠨ ᠥᠮᠥᠭ ᠲᠥᠰᠢᠭ ᠪᠠ ᠨᠠᠶᠢᠲᠠᠪᠤᠷᠢᠲᠠᠢ ᠵᠤᠬᠢᠶᠠᠨ ᠪᠠᠶᠢᠭᠤᠯᠤᠯᠲᠠ ᠪᠤᠯᠵᠠᠢ᠃   ᠤᠨᠴᠠᠭᠠᠢᠢᠯᠠᠨ ᠬᠥᠮᠥᠨ ᠠᠷᠪᠢᠨ ᠭᠠᠵᠠᠷ ᠪᠠᠭ᠎ᠠ ᠤᠯᠤᠰ ᠬᠦᠷᠦᠨ ᠪᠣᠶᠣ ᠭᠠᠵᠠᠷ ᠤᠷᠤᠨ ᠳᠤ ᠲᠠᠷᠢᠶᠠᠯᠠᠩ ᠤᠨ ᠬᠤᠷᠰᠢᠶᠠᠵᠢᠯ ᠨᠢ ᠪᠦᠷ   ᠶᠡᠭᠡ ᠪᠠᠷ ᠬᠥᠭᠵᠢᠵᠤ᠂ ᠬᠤᠷᠰᠢᠶᠠᠵᠢᠯ ᠨᠢ ᠲᠠᠷᠢᠶᠠᠯᠠᠩ ᠤᠨ ᠠᠵᠤ ᠠᠬᠤᠢ ᠲᠤᠮᠲᠠ ᠲᠦᠢᠯ ᠤᠨ ᠴᠢᠬᠤᠯᠠ ᠥᠢᠯᠡᠲᠤᠯ ᠥᠵᠡᠬᠦᠯᠵᠤ   ᠪᠠᠶᠢᠨ᠋᠎ᠠ᠃ ᠵᠢᠱᠢᠶᠡᠯᠡᠪᠡᠯ᠄ ᠬᠤᠯᠠᠨᠳ᠋ ᠲᠤ ᠰᠥᠨ ᠤ 3 ᠲᠥᠷᠥᠯ ᠤᠨ ᠬᠤᠷᠰᠢᠶᠠᠵᠢᠯ ᠤᠨ ᠡᠵᠡᠩᠨᠡᠯᠲᠡ ᠶᠢᠨ ᠬᠡᠮᠵᠢᠶ᠎ᠠ ᠨᠢ ᠪᠥᠬᠦ   ᠤᠯᠤᠰ ᠤᠨ ᠢᠶᠠᠨ 80% ᠤᠨ ᠰᠥᠨ ᠤ ᠪᠤᠷᠤᠯᠠᠭᠤᠯᠤᠯᠲᠠ ᠶᠢᠨ ᠵᠠᠬ᠎ᠠ ᠲᠡᠯᠬᠡᠬᠦᠷ ᠢ ᠡᠵᠡᠯᠡᠵᠤ ᠪᠠᠶᠢᠨ᠎ᠠ ᠂ ᠥᠨ᠎ᠠ ᠬᠠᠶᠠᠨ   ᠬᠤᠲᠠᠯᠲᠤᠬᠤ 2 ᠬᠤᠷᠰᠢᠶᠠᠵᠢᠯ ᠨᠢ ᠪᠥᠬᠦ ᠤᠯᠤᠰ ᠤᠨ ᠢᠶᠠᠨ ᠬᠤᠸᠠᠷ ᠴᠡᠴᠡᠭ ᠢ ᠬᠤᠲᠠᠯᠲᠤᠵᠤ᠂   ᠲᠦᠮᠦᠰᠣ ᠲᠡᠷᠢᠵᠣ ᠪᠠᠶᠢᠭ᠎ᠠ 1   ᠬᠤᠷᠰᠢᠶᠠᠵᠢᠯ ᠨᠢ ᠪᠥᠬᠦ ᠤᠯᠤᠰ ᠤᠨ 100% ᠤᠨ ᠵᠠᠬ᠎ᠠ ᠲᠡᠯᠬᠡᠬᠦᠷ ᠢ ᠡᠵᠡᠯᠡᠵᠤ ᠪᠠᠶᠢᠨ᠎ᠠ᠃ ᠬᠤᠷᠰᠢᠶᠠᠵᠢᠯ ᠤᠨ ᠥᠢᠯᠡᠳᠪᠤᠷᠢᠯᠡᠯ ᠪᠠ   ᠮᠡᠷᠬᠡᠵᠢᠯ ᠤᠨ ᠰᠤᠯᠢᠯᠴᠠᠭ᠎ᠠ᠂ ᠪᠤᠯᠪᠠᠰᠤᠷᠠᠭᠤᠯᠬᠤ ᠪᠠ ᠪᠤᠷᠤᠯᠠᠭᠤᠯᠬᠤ ᠬᠥᠲᠡᠯᠬᠡᠬᠡᠨ ᠢᠶᠠᠷ ᠲᠠᠮᠵᠢᠵᠤ᠂ ᠲᠠᠷᠢᠶᠠᠴᠢᠳ ᠪᠠ   ᠬᠤᠷᠰᠢᠶᠠᠵᠢᠯ ᠤᠨ ᠬᠤᠭᠤᠷᠤᠨᠲᠤ ᠲᠦᠢᠯ ᠤᠨ ᠨᠢᠬᠲᠠ ᠬᠠᠷᠢᠴᠠᠭ᠎ᠠ ᠶᠢ ᠪᠤᠢ ᠪᠤᠯᠭᠠᠵᠤ᠂ ᠠᠰᠢᠬᠲᠠᠢ ᠪᠠᠷ ᠲᠠᠷᠢᠶᠠᠯᠠᠩ ᠤᠨ   ᠥᠷᠢᠰᠥᠯᠲᠥᠬᠡᠨ ᠤ ᠬᠥᠴᠥᠨ ᠢ ᠲᠡᠬᠡᠭᠰᠢᠯᠡᠬᠦᠯᠵᠤ᠂ ᠮᠠᠨ ᠤ ᠤᠯᠤᠰ ᠤᠨ ᠬᠥᠲᠡᠭᠡ ᠲᠤᠰᠬᠤᠨ ᠤ ᠬᠤᠷᠰᠢᠶᠠᠵᠢᠯ ᠤᠨ ᠠᠵᠤ ᠠᠬᠤᠢ ᠶᠢ   ᠭᠥᠭᠵᠢᠬᠦᠯᠬᠦ   ᠳᠤ ᠰᠠᠶᠢᠨ ᠲᠤᠯᠢᠲᠠᠭᠤᠯᠤᠯ   ᠬᠠᠩᠭᠠᠪᠠ᠃           ︵  ᠨᠠᠮ ᠤᠨ ᠠᠷᠪᠠᠠ ᠨᠠᠢᠮᠠᠳᠤᠭᠠᠷ ᠬᠤᠭᠤᠴᠠᠭᠠᠠ ᠤ   ᠲᠦᠪ ᠬᠤᠷᠢᠶᠠᠠ ᠤ ᠭᠤᠷᠪᠠᠳᠤᠭᠠᠷ ᠪᠦᠬᠦᠳᠠ ᠬᠤᠷᠠᠯ ᠤᠨ ︽  ᠲᠤᠭᠳᠠᠭᠠᠯ︾ ᠢ   ᠰᠤᠷᠤᠯᠴᠠᠬᠤ ᠵᠢᠯᠤᠭᠤᠳᠤᠮᠵᠢ ᠶᠢᠨ ᠵᠠᠭᠤᠠ ᠠᠰᠠᠭᠤᠯᠳᠠ ᠠᠴᠠ ᠡᠰᠢᠯᠡᠪᠠ︶
 
ᠢᠷᠡᠯᠲᠡ᠄ ᠳᠤᠮᠳᠠᠳᠤ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡᠨ ᠤ ᠰᠦᠯᠵᠢᠶ᠎ᠡ
ᠨᠠᠶᠢᠷᠠᠭᠤᠯᠤᠭᠴᠢ᠄ ᠭᠤᠸᠠᠨ ᠴᠠᠩ ᠰᠢ
ᠣᠷᠴᠢᠭᠤᠯᠤᠭᠴᠢ᠄
   
ᠬᠤᠯᠪᠣᠭᠳᠠᠯ ᠪᠦᠬᠦᠢ ᠠᠭᠤᠯᠭ᠎ᠠ ᠶᠢᠨ ᠭᠠᠷᠴᠠᠭ
 
2014-2016 © ᠬᠠᠷᠢᠯᠴᠠᠬᠤ ᠤᠲᠠᠰᠤ᠄ 0471-6280741 ᠢᠮᠧᠯ᠄ nmgbute@163.com
ᠵᠤᠬᠢᠶᠠᠭᠴᠢ ᠶᠢᠨ ᠡᠷᠬᠡ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠬᠤᠷᠢᠭᠯᠠᠨ᠎ᠠ᠃
︽ᠬᠡᠷᠡᠭᠯᠡᠭᠡᠨ ᠤ ᠮᠡᠷᠭᠡᠵᠢᠯ ᠤᠨ ᠮᠤᠩᠭᠤᠯ ᠰᠦᠯᠵᠢᠶᠡᠨ ᠤ ᠬᠥᠯᠭᠡ︾ ᠦᠮᠴᠢᠯᠡᠯ ᠲᠠᠢ︕