| | ᠮᠤᠩᠭᠤᠯ ᠤᠶᠤᠲᠠᠳ ᠤᠨ ︽ᠬᠦᠬᠡᠬᠦᠦ︾ ᠬᠤᠨᠲᠠᠭᠠᠲᠤ ᠢᠷᠠᠭᠤ ᠨᠠᠶᠢᠷᠠᠭ | ᠤᠶᠠᠩᠭᠠᠯᠠᠨ ᠲᠤᠭᠯᠠᠬᠤ ᠨᠠᠭᠠᠳᠤᠮ ᠬᠦᠬᠡᠬᠤᠲᠠᠨ᠎ᠠ ᠶᠠᠪᠤᠭᠳᠠᠪᠠ | | | | | | | ᠢᠷᠠᠭᠤ ᠨᠠᠶᠢᠷᠠᠭ ᠢ ᠤᠳᠤᠬᠠᠨ ᠪᠤᠯᠳᠠᠯ᠎ᠠ ᠤᠡᠭᠰᠢᠨ ᠤᠶᠠᠩᠭᠠᠯᠠᠳᠠᠭ ᠯᠡ ᠪᠠᠶᠢᠭᠰᠠᠨ ᠠᠴᠠ ᠪᠢᠰᠢ᠂ ᠲᠤᠭᠯᠠᠯᠲᠠ ᠶᠢᠨ | ᠬᠡᠯᠪᠡᠷᠢ ᠪᠠᠷ ᠲᠠᠶᠢᠰᠠᠨ ᠳᠤ ᠵᠦᠴᠦᠭᠡᠯᠡᠨ ᠲᠤᠭᠯᠠᠭᠰᠠᠨ ᠢ ᠲᠠᠶᠠᠭᠠᠷ ᠢᠶᠠᠨ ᠰᠤᠨᠤᠰᠴᠤ ᠦᠡᠭᠭᠡᠷᠡᠭᠰᠡᠨ ᠦᠭᠡᠢ ᠯᠡ ᠪᠠᠶᠢᠬᠤ | ᠳ᠋ᠠ︖ 12 ᠰᠠᠷ᠎ᠠ ᠶᠢᠨ 5 ᠤ ᠤᠷᠤᠢ᠂ ᠦᠪᠦᠷ ᠮᠤᠩᠭᠤᠯ ᠤᠨ ᠪᠠᠭᠰᠢ ᠶᠢᠨ ᠶᠡᠭᠡ ᠰᠤᠷᠭᠠᠭᠤᠯᠢ ᠶᠢᠨ ᠱᠸᠡᠭ ᠯᠧ | ᠲᠤᠭᠤᠷᠢᠭ ᠤᠨ ᠨᠤᠮ ᠤᠨ ᠰᠠᠩ ᠳᠤ ᠶᠠᠪᠤᠭᠳᠠᠭᠰᠠᠨ ᠮᠤᠩᠭᠤᠯ ᠤᠶᠤᠲᠠᠳ ᠤᠨ ︽ᠬᠦᠬᠡᠬᠦᠦ︾ ᠬᠤᠨᠲᠠᠭᠠᠲᠤ ᠢᠷᠠᠭᠤ | ᠨᠠᠶᠢᠷᠠᠭ ᠤᠶᠠᠩᠭᠠᠯᠠᠨ ᠲᠤᠭᠯᠠᠬᠤ ᠨᠠᠭᠠᠳᠤᠮ ᠲᠠᠨᠠᠷ ᠲᠤ ᠡᠭᠦᠨ ᠢ ᠦᠵᠡᠭᠦᠯᠦᠭᠡᠳ ᠦᠭᠭᠦᠨ᠎ᠡ᠃ | | | ᠮᠤᠩᠭᠤᠯ ᠤᠶᠤᠲᠠᠳ ᠤᠨ ︽ᠬᠦᠬᠡᠬᠦᠦ︾ ᠬᠤᠨᠲᠠᠭᠠᠲᠤ ᠢᠷᠠᠭᠤ ᠨᠠᠶᠢᠷᠠᠭ ᠤᠶᠠᠩᠭᠠᠯᠠᠨ ᠲᠤᠭᠯᠠᠬᠤ ᠨᠠᠭᠠᠳᠤᠮ ᠢ | ᠦᠪᠦᠷ ᠮᠤᠩᠭᠤᠯ ᠤᠨ ᠪᠠᠭᠰᠢ ᠶᠢᠨ ᠶᠡᠭᠡ ᠰᠤᠷᠭᠠᠭᠤᠯᠢ ᠶᠢᠨ ᠡᠪᠯᠡᠯ ᠤᠨ ᠬᠤᠷᠢᠶ᠎ᠠ ᠠᠴᠠ ᠭᠤᠤᠯᠯᠠᠨ ᠡᠷᠬᠢᠯᠡᠵᠤ᠂ ᠦᠪᠦᠷ | ᠮᠤᠩᠭᠤᠯ ᠤᠨ ᠪᠠᠭᠰᠢ ᠶᠢᠨ ᠶᠡᠭᠡ ᠰᠤᠷᠭᠠᠭᠤᠯᠢ ᠶᠢᠨ ︽ᠤᠳᠤᠳ ᠤᠨ ᠬᠢᠯᠪᠠᠭ᠎ᠠ︾ ᠤᠳᠬ᠎ᠠ ᠤᠷᠠᠯᠢᠭ ᠤᠨ | ᠨᠡᠶᠢᠭᠡᠮᠯᠢᠭ ᠠᠴᠠ ᠲᠠᠭᠠᠭᠠᠴᠢᠯᠠᠨ ᠡᠷᠬᠢᠯᠡᠵᠦ᠂ ᠦᠪᠦᠷ ᠮᠤᠩᠭᠤᠯ ᠤᠨ ᠨᠡᠶᠢᠭᠡᠮ ᠤᠨ ᠰᠢᠨᠵᠢᠯᠡᠬᠦ ᠤᠬᠠᠭᠠᠨ ᠤ | ᠬᠦᠷᠢᠶᠡᠯᠡᠩ ᠤᠨ ᠤᠳᠬ᠎ᠠ ᠤᠷᠠᠯᠢᠭ ᠰᠤᠳᠤᠯᠬᠤ ᠭᠠᠵᠠᠷ᠂ ᠦᠪᠦᠷ ᠮᠤᠩᠭᠤᠯ ᠤᠨ ᠠᠷᠠᠳ ᠤᠨ ᠲᠦᠯᠦᠭᠡᠯᠡᠭᠴᠢᠳ ᠤᠨ | ᠶᠡᠭᠡ ᠬᠤᠷᠠᠯ ᠤᠨ ︽ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ︾ ᠰᠡᠳᠭᠦᠯ᠂ ︽ᠰᠢᠨᠵᠢᠯᠡᠬᠦ ᠤᠬᠠᠭᠠᠨ | ᠠᠮᠢᠳᠤᠷᠠᠯ︾ ᠰᠡᠳᠭᠦᠯ᠂ ᠦᠪᠦᠷ ᠮᠤᠩᠭᠤᠯ ᠤᠨ ︽ᠪᠦᠳᠦᠭᠡ︾ ᠨᠡᠷᠡᠮᠵᠢᠲᠤ ᠮᠤᠩᠭᠤᠯ ᠬᠡᠯᠡᠨ ᠤ ᠮᠡᠳᠡᠭᠡ | ᠵᠠᠩᠬᠢᠴᠢᠯᠠᠯᠳᠠ ᠶᠢᠨ ᠰᠤᠳᠤᠯᠭᠠᠨ ᠤ ᠲᠦᠪ ᠠᠴᠠ ᠬᠠᠮᠲᠤᠷᠠᠨ ᠡᠷᠬᠢᠯᠡᠭᠰᠡᠨ ᠪᠠᠶᠢᠨ᠎ᠠ᠃ | | | ᠲᠤᠰ ᠤᠳᠠᠭᠠᠨ ᠤ ᠨᠠᠭᠠᠳᠤᠮ ᠢ ᠦᠪᠦᠷ ᠮᠤᠩᠭᠤᠯ ᠤᠨ ᠪᠠᠭᠰᠢ ᠶᠢᠨ ᠶᠡᠭᠡ ᠰᠤᠷᠭᠠᠭᠤᠯᠢ ᠶᠢᠨ ︽ᠤᠳᠤᠳ ᠤᠨ | ᠬᠢᠯᠪᠠᠭ᠎ᠠ︾ ᠤᠳᠬ᠎ᠠ ᠤᠷᠠᠯᠢᠭ ᠤᠨ ᠨᠡᠶᠢᠭᠡᠮᠯᠢᠭ ᠠᠴᠠ ᠠᠩᠬ᠎ᠠ ᠰᠡᠳᠤᠨ ᠬᠢᠵᠤ᠂ ᠦᠪᠦᠷ ᠮᠤᠩᠭᠤᠯ ᠤᠨ ᠦᠨᠳᠦᠰᠦᠲᠡᠨ ᠤ | ᠤᠷᠠᠯᠢᠭ ᠤᠨ ᠲᠡᠭᠡᠳᠤ ᠰᠤᠷᠭᠠᠭᠤᠯᠢ ᠶᠢᠨ ᠲᠡᠳ᠋ ᠵᠠᠬᠢᠷᠤᠯ᠂ ᠢᠷᠠᠭᠤ ᠨᠠᠶᠢᠷᠠᠭᠴᠢ᠂ ᠠᠯᠳᠠᠷᠲᠤ ᠬᠤᠤᠰ ᠬᠡᠯᠡᠨ ᠤ | ᠤᠷᠴᠢᠭᠤᠯᠤᠭᠴᠢ᠂ ᠮᠤᠩᠭᠤᠯ ᠰᠤᠶᠤᠯ ᠤᠨ ᠵᠢᠳᠭᠦᠯᠲᠡᠨ ᠰᠢᠷᠠᠨᠣᠳ ᠮ᠊ · ᠬᠦᠬᠡᠬᠦᠣ ᠶᠢᠨ ᠤᠯᠠᠨ ᠵᠢᠯ ᠤᠨ ᠲᠤᠷᠰᠢ | ᠵᠤᠬᠢᠶᠠᠨ ᠪᠦᠲᠦᠭᠡᠭᠰᠡᠨ ᠢᠷᠠᠭᠤ ᠨᠠᠶᠢᠷᠠᠭ ᠢ ᠲᠠᠶᠢᠰᠠᠨ᠎ᠠ ᠤᠶᠠᠩᠭᠠᠯᠠᠨ ᠲᠤᠭᠯᠠᠬᠤ ᠬᠡᠯᠪᠡᠷᠢ ᠪᠠᠷ ᠢᠯᠡᠷᠡᠭᠦᠯᠵᠤ᠂ ᠡᠨᠡ ᠨᠢ | ᠮᠦᠨᠴᠤ ᠢᠷᠠᠭᠤ ᠨᠠᠶᠢᠷᠠᠭᠴᠢ ᠰᠢᠷᠠᠨᠣᠳ ᠮ᠊ · ᠬᠦᠬᠡᠬᠦᠣ ᠶᠢᠨ ᠤᠯᠠᠨᠲᠠ ᠰᠠᠨᠠᠭᠠᠴᠢᠯᠠᠭᠰᠠᠨ ᠮᠤᠩᠭᠤᠯ ᠢᠷᠠᠭᠤ ᠨᠠᠶᠢᠷᠠᠭ ᠢ | ᠲᠠᠶᠢᠰᠠᠨ᠎ᠠ ᠤᠶᠠᠩᠭᠠᠯᠠᠨ ᠲᠤᠭᠯᠠᠬᠤ ᠵᠤᠷᠢᠯᠲᠠ ᠶᠢᠨ ᠪᠤᠲᠠᠲᠠᠢ ᠪᠡᠶᠡᠯᠡᠯ ᠪᠤᠯᠤᠭᠰᠠᠨ ᠪᠠᠶᠢᠨ᠎ᠠ᠃ ᠲᠤᠰ ᠤᠷᠤᠢ ᠶᠢᠨ | ᠨᠠᠭᠠᠳᠤᠮ ᠳᠤ ᠠᠩᠬᠠᠨ ᠤ ᠰᠢᠭᠰᠢᠯᠲᠡ ᠪᠠᠷ ᠲᠠᠮᠵᠢᠨ ᠡᠴᠤᠰ ᠤᠨ ᠰᠢᠢᠳᠪᠦᠷᠢᠲᠤ ᠤᠷᠤᠯᠳᠤᠭᠠᠨ ᠳᠤ ᠲᠡᠪᠰᠢᠭᠦᠯᠦᠭᠳᠡᠭᠰᠡᠨ | 20 ᠤᠶᠤᠲᠠᠳ ᠤᠨ ᠪᠦᠲᠦᠭᠡᠯ ᠤᠷᠤᠯᠴᠠᠵᠤ᠂ ᠬᠤᠷᠴᠠ ᠰᠢᠷᠦᠭᠦᠨ ᠲᠡᠮᠡᠴᠡᠭᠡᠨ ᠢᠶᠠᠷ ᠲᠡᠮᠵᠢᠵᠤ ᠬᠦᠬᠡᠬᠤᠲᠠ | ᠦᠨᠳᠦᠰᠦᠲᠡᠨ ᠤ ᠲᠡᠭᠡᠳᠤ ᠰᠤᠷᠭᠠᠭᠤᠯᠢ ᠶᠢᠨ ᠤᠶᠤᠲᠠᠨ ᠬᠠᠩᠭᠠᠢ ︽ᠡᠮᠡᠭᠡᠯ︾ ᠭᠡᠬᠦ ᠰᠢᠯᠦᠭ ᠢᠶᠠᠷ ︽ ᠬᠦᠬᠡᠬᠦᠦ︾ | ᠬᠤᠨᠲᠠᠭᠠᠲᠤ ᠢᠷᠠᠭᠤ ᠨᠠᠶᠢᠷᠠᠭ ᠤᠶᠠᠩᠭᠠᠯᠠᠨ ᠲᠤᠭᠯᠠᠬᠤ ᠨᠠᠭᠠᠳᠤᠮ ᠤᠨ ᠡᠵᠡᠨ ᠢᠶᠠᠷ ᠲᠤᠳᠤᠷᠠᠭᠰᠠᠨ ᠪᠠᠶᠢᠨ᠎ᠠ᠃ ᠤᠶᠤᠲᠠᠨ | ᠮᠠᠩᠯᠠᠶᠢᠴᠤᠭᠲᠤ᠂ ᠤᠷᠢᠬᠠᠨ ᠬᠤᠶᠠᠳᠤᠭᠠᠷ ᠲᠡᠰ᠂ ᠤᠶᠤᠲᠠᠨ ᠵᠡᠭᠦᠳᠤᠬᠤᠳᠤ᠂ ᠭᠡᠭᠡᠨᠵᠤᠯᠠ᠂ ᠮᠠᠶᠢᠯᠠᠰᠤ ᠭᠤᠷᠪᠠᠳᠤᠭᠠᠷ | ᠲᠡᠰ ᠲᠤ ᠲᠤᠳᠤᠷᠠᠵᠤ᠂ ᠤᠶᠤᠲᠠᠨ ᠴᠡᠯᠡᠭᠡᠷ᠂ ᠨᠠᠷᠠᠨᠬᠦᠦ᠂ ᠬᠠᠶᠢᠷᠬᠠᠨ᠂ ᠯᠢ ᠯᠢ᠂ ᠤᠳᠤᠨᠭᠡᠷᠡᠯ᠂ ᠬᠠᠪᠤᠷᠴᠡᠴᠡᠭ ᠰᠢᠯᠢᠳᠡᠭ | ᠱᠠᠩᠨᠠᠯ ᠢᠶᠠᠷ ᠬᠦᠷᠳᠡᠵᠡᠢ᠃ | | | ᠲᠤᠰ ᠤᠳᠠᠭᠠᠨ ᠤ ᠢᠷᠠᠭᠤ ᠨᠠᠶᠢᠷᠠᠭ ᠤᠨ ᠨᠠᠭᠠᠳᠤᠮ ᠢ ᠮ᠊ · ᠬᠦᠬᠡᠬᠦᠣ ᠪᠠᠭᠰᠢ ᠪᠡᠯᠡ | ᠬᠤᠷᠠᠮᠳᠤᠭᠤᠯᠵᠤ᠂ ᠨᠡᠶᠢᠭᠡᠮ ᠤᠨ ᠤᠯᠠᠨ ᠡᠳᠡᠭᠡᠳ ᠤᠨ ᠬᠢᠨ ᠢ ᠵᠤᠬᠢᠴᠠᠭᠤᠯᠤᠨ᠂ ᠢᠷᠠᠭᠤ ᠨᠠᠶᠢᠷᠠᠭ ᠢ ᠲᠠᠶᠢᠰᠠᠨ᠎ᠠ | ᠤᠶᠠᠩᠭᠠᠯᠠᠨ ᠲᠤᠭᠯᠠᠬᠤ ᠰᠢᠨ᠎ᠡ ᠬᠡᠯᠪᠡᠷᠢ ᠪᠠᠷ ᠢᠯᠡᠷᠡᠭᠦᠯᠵᠤ᠂ ᠢᠷᠠᠭᠤ ᠨᠠᠶᠢᠷᠠᠭ ᠤᠨ ᠰᠠᠨᠠᠭ᠎ᠠ ᠠᠬᠤᠢ ᠶᠢ ᠨᠡᠩ | ᠪᠤᠲᠠᠲᠠᠢ᠂ ᠨᠡᠩ ᠠᠮᠢᠳᠤᠯᠢᠭ ᠢᠶᠠᠷ ᠦᠵᠡᠭᠴᠢ ᠤᠯᠠᠨ ᠳᠤ ᠰᠤᠨᠢᠷᠬᠠᠭᠤᠯᠤᠭᠰᠠᠨ ᠪᠠᠶᠢᠨ᠎ᠠ᠃ | | | | |