| ᠦᠪᠤᠷ ᠮᠤᠩᠭᠤᠯ ᠤᠷᠤᠨ ᠳᠤ ᠨᠠᠷᠠᠨ ᠬᠤᠸᠠᠷ | ᠲᠠᠷᠢᠬᠤ ᠮᠡᠷᠭᠡᠵᠢᠯ ᠤᠨ ᠦᠯᠢᠭᠡᠷ ᠭᠡᠪ | | | | 1. ᠨᠠᠷᠠᠨ ᠬᠤᠸᠠᠷ ᠨᠢ ᠶᠠᠮᠠᠷ ᠤᠷᠴᠢᠨ ᠳᠤ ᠤᠷᠭᠤᠳᠠᠭ ᠪᠤᠢ︖ | ᠨᠠᠷᠠᠨ ᠬᠤᠸᠠᠷ ᠢ ᠭᠤᠤᠷᠰᠤ ᠰᠤᠯᠢᠬᠤ ᠦᠭᠡᠢ ᠪᠠᠷ ᠦᠷᠭᠦᠯᠵᠢᠯᠡᠨ ᠲᠠᠷᠢᠬᠤ ᠳᠤ ᠲᠤᠭᠢᠷᠠᠬᠤ ᠦᠭᠡᠢ᠂ ᠮᠦᠨᠴᠤ | ᠬᠤᠳᠤᠭᠤᠷ ᠭᠠᠵᠠᠷ ᠪᠤᠶᠤ ᠠᠮᠠᠷᠬᠠᠨ ᠤᠰᠤᠳᠠᠳᠠᠭ ᠭᠠᠵᠠᠷ ᠲᠠᠷᠢᠬᠤ ᠳᠤ ᠲᠤᠭᠢᠷᠠᠬᠤ ᠦᠭᠡᠢ᠃ ᠨᠠᠷᠠᠨ ᠬᠤᠸᠠᠷ ᠢ ᠲᠠᠷᠢᠬᠤ ᠠᠴᠠ ᠡᠮᠦᠨ᠎ᠠ | ᠪᠤᠰᠤᠳ ᠲᠠᠷᠢᠮᠠᠯ ᠢ ᠲᠠᠷᠢᠬᠤ ᠳᠤ ᠲᠠᠶᠢᠮᠤ ᠴᠢᠩᠭ᠎ᠠ ᠱᠠᠭᠠᠷᠳᠠᠯᠭ᠎ᠠ ᠲᠠᠢ ᠪᠢᠰᠢ᠂ ᠰᠢᠭᠢᠷ ᠯᠤᠤᠪᠠᠨᠭ᠌ ᠪᠤᠯᠤᠨ ᠦᠨᠳᠤᠰᠤ ᠨᠢ ᠭᠦᠨ ᠡᠪᠡᠰᠤᠨ ᠤ ᠵᠤᠶᠢᠯ | ᠢ ᠭᠠᠷᠭᠠᠪᠠᠯ ᠪᠤᠰᠤᠳ ᠵᠤᠶᠢᠯ ᠤᠨ ᠲᠠᠷᠢᠮᠡᠯ ᠢ ᠴᠦᠮ ᠨᠠᠷᠠᠨ ᠬᠤᠸᠠᠷ ᠲᠠᠷᠢᠬᠤ ᠠᠴᠠ ᠡᠮᠦᠨ᠎ᠠ ᠲᠠᠷᠢᠵᠤ ᠪᠤᠯᠤᠨ᠎ᠠ᠂ ᠨᠡᠷᠡᠨ ᠬᠤᠸᠠᠷ ᠨᠢ ᠮᠠᠰᠢ | ᠴᠢᠩᠭ᠎ᠠ ᠲᠤᠭᠢᠷᠠᠯᠴᠠᠬᠤ ᠴᠢᠨᠠᠷ ᠲᠠᠢ ᠪᠠᠶᠢᠳᠠᠭ ᠲᠤᠯᠠ ᠭᠦᠷᠦᠰᠤᠨ ᠲᠠᠪᠬᠤᠷᠭ᠎ᠠ ᠨᠢ ᠭᠦᠨ᠂ ᠢᠯᠵᠢᠮᠡᠭ ᠪᠤᠳᠠᠰ ᠤᠨ ᠠᠭᠤᠯᠤᠭᠳᠠᠴᠨ ᠪᠠᠷ | ᠦᠨᠳᠤᠷ᠂ pH ᠭᠦᠴᠢᠯ ᠤᠨ ᠭᠡᠮᠵᠢᠶ᠎ᠠ ᠨᠢ 6 ~ 8 ᠪᠠᠶᠢᠬᠤ ᠡᠯᠡᠰᠦᠷᠭᠡᠭ ᠪᠤᠶᠤ ᠰᠦᠪᠡᠷᠭᠡᠭ ᠭᠦᠷᠦᠰᠤᠨ ᠳᠤ ᠲᠠᠷᠢᠬᠤ ᠳᠤ ᠮᠠᠰᠢ ᠲᠤᠭᠢᠷᠠᠮᠵᠢᠳᠡᠢ | ᠪᠠᠶᠢᠳᠠᠭ᠃ | 2. ᠵᠡᠭᠦᠨ ᠭᠡᠰᠡᠭ ᠤᠨ ᠭᠠᠵᠠᠷ ᠤᠷᠤᠨ ᠳᠤ ᠲᠠᠷᠢᠬᠤ ᠳᠤ ᠲᠤᠭᠢᠷᠠᠬᠤ ᠶᠠᠮᠠᠷ ᠭᠡᠳᠦᠨ ᠨᠠᠷᠠᠨ ᠬᠤᠸᠠᠷ ᠤᠨ ᠰᠤᠷᠲ | ᠪᠠᠶᠢᠬᠤ ᠪᠤᠢ︖ | ᠡᠭᠦᠨ ᠳᠤ᠂ ᠱᠧᠨ ᠵᠸᠤ ︵神州︶ 1 ᠨᠤᠮᠧᠷᠳᠤ᠂ ᠵᠦᠡᠭ ᠰᠢᠩ ︵中兴︶ 1 ᠨᠤᠮᠧᠷᠳᠤ᠂ ᠮᠸᠢ ᠺᠦᠢ ︵美 | 葵︶ 5009 ᠵᠡᠷᠭᠡ ᠦᠨᠳᠤᠷ ᠤᠨᠠᠯᠳᠠ ᠲᠠᠢ᠂ ᠴᠢᠨᠠᠷ ᠰᠠᠶᠢᠳᠠᠢ᠂ ᠲᠠᠸᠠᠷᠵᠢᠯ ᠢᠶᠠᠷ ᠰᠠᠶᠢᠨ᠂ ᠨᠠᠪᠴᠢᠨ ᠤ ᠲᠤᠯᠪᠤᠳᠤ ᠭᠡᠮ ᠢ ᠡᠰᠡᠷᠭᠦᠴᠡᠭᠦ | ᠴᠢᠳᠠᠯ ᠲᠠᠢ᠂ ᠮᠦᠭᠦ ᠶᠢᠨ ᠪᠦᠭᠡᠮ ᠭᠡᠮ ᠳᠤ ᠲᠠᠰᠪᠤᠷᠢᠳᠡᠢ᠂ ᠴᠤᠤᠬᠠᠯ ᠬᠤᠭᠤᠰᠤᠳᠠᠯ ᠢᠶᠠᠷ ᠲᠤᠤᠷ᠎ᠡ᠂ ᠰᠤᠶᠤᠭᠠᠯᠠᠬᠤ ᠨᠤᠷᠮ᠎ᠠ ᠨᠢ ᠦᠨᠳᠤᠷ᠂ | ᠰᠤᠶᠤᠭ᠎ᠠ ᠨᠢ ᠢᠳᠡᠷᠡᠭᠦᠨ ᠰᠢᠯᠢᠳᠡᠭ ᠭᠡᠮ ᠢ ᠰᠤᠩᠭᠤᠬᠤ ᠶᠢᠨ ᠬᠠᠮᠳᠤ ᠦᠷ᠎ᠡ ᠶᠢᠨ ᠰᠢᠢᠳᠪᠤᠷᠢᠯᠡᠯᠳᠡ ᠭᠢᠭᠦ ᠭᠡᠷᠡᠭᠳᠡᠢ᠃ | 3. ᠲᠠᠷᠢᠬᠤ ᠠᠴᠠ ᠪᠠᠨ ᠡᠮᠦᠨ᠎ᠠ ᠶᠠᠮᠠᠷ ᠪᠡᠯᠡᠳᠭᠡᠯ ᠠᠵᠢᠯ ᠤᠳ ᠢ ᠭᠢᠭᠦ ᠪᠤᠢ︖ | ᠨᠠᠷᠠᠨ ᠬᠤᠸᠠᠷ ᠪᠤᠯ ᠪᠤᠷᠳᠤᠭᠤᠷ ᠶᠡᠭᠡ ᠭᠡᠷᠡᠭᠰᠡᠳᠡᠭ ᠲᠠᠷᠢᠮᠠᠯ ᠪᠤᠯᠤᠨ᠎ᠠ᠃ ᠲᠠᠷᠢᠬᠤ ᠠᠴᠠ ᠪᠠᠨ ᠡᠮᠦᠨ᠎ᠠ ᠰᠠᠭᠤᠷᠢ ᠪᠤᠷᠳᠤᠭᠤᠷ | ᠭᠦᠢᠴᠡᠳ ᠤᠷᠣᠭᠤᠯᠬᠤ ᠶᠢᠨ ᠬᠠᠮᠳᠤ ᠤᠷᠭᠠᠨᠢᠭ ᠪᠠ ᠤᠷᠭᠠᠨᠢᠭ ᠪᠤᠰᠤ ᠪᠤᠷᠳᠤᠭᠤᠷ ᠢ ᠤᠶᠠᠯᠳᠤᠭᠤᠯᠵᠤ᠂ ᠾᠧᠺᠲ᠋ᠠᠷ ᠪᠦᠷᠢ ᠳᠤ ᠢᠯᠵᠢᠮᠡᠭ᠂ | ᠢᠰᠭᠡᠮᠡᠯ ᠤᠷᠭᠠᠨᠢᠭ ᠪᠤᠷᠳᠤᠭᠤᠷ ᠢ 30 ~40 ᠪᠤᠰᠤᠭ᠎ᠠ ᠲᠦᠷᠪᠡᠯᠵᠢᠨ ᠮᠧᠲᠷ ᠤᠷᠤᠭᠤᠯᠵᠤ᠂ 150 ~ 200 ᠺᠢᠯᠤᠭ᠍ᠷᠡᠮ ᠹᠤᠰᠹᠤᠷ | ᠭᠦᠴᠢᠯ ᠤᠨ ᠬᠤᠶᠠᠷᠴᠢ ᠠᠮᠮᠤᠨᠢ ᠪᠠ 100 ~ 150 ᠺᠢᠯᠤᠭ᠍ᠷᠡᠮ ᠰᠢᠭᠡᠰᠦᠯᠢᠭ ᠡᠳ᠋ ᠤᠷᠤᠭᠤᠯᠬᠤ ᠭᠡᠷᠡᠭᠳᠡᠢ᠂᠃ ᠰᠠᠭᠤᠷᠢ ᠪᠤᠷᠳᠤᠭᠤᠷ ᠢ | ᠭᠦᠢᠴᠡᠳ ᠰᠠᠶᠢᠨ ᠤᠷᠤᠭᠤᠯᠬᠤ ᠪᠤᠯ ᠨᠠᠷᠨ ᠬᠤᠸᠠᠷ ᠤᠨ ᠤᠷᠭᠤᠯᠳᠠ ᠶᠢ ᠪᠠᠳᠤᠯᠠᠬᠤ ᠰᠠᠭᠤᠷᠢ ᠮᠦᠨ᠃ | 4. ᠨᠠᠷᠠᠨ ᠬᠤᠸᠠᠷ ᠲᠠᠷᠢᠬᠤ ᠴᠠᠭ ᠭᠢᠭᠡᠳ ᠲᠠᠷᠢᠬᠤ ᠨᠢᠠᠠᠳᠠᠴᠠ ᠶᠢ ᠶᠠᠭᠠᠭᠢᠵᠤ ᠲᠤᠭᠢᠷᠠᠭᠤᠯᠬᠤ ᠪᠤᠢ︖ | ᠲᠤᠭᠢᠳᠡᠶᠢᠠᠬᠨ ᠡᠷᠳᠡ ᠲᠠᠷᠢᠪᠠᠯ᠂ ᠨᠠᠪᠴᠢᠨ ᠤ ᠲᠤᠯᠪᠤᠳᠤ ᠭᠡᠮ ᠪᠤᠯᠤᠨ ᠮᠦᠭᠦ ᠶᠢᠨ ᠪᠦᠭᠡᠮ ᠭᠡᠮ ᠤᠨ | ᠡᠭᠦᠰᠦᠯ ᠢ ᠰᠡᠷᠭᠡᠶᠢᠯᠡᠭᠦ ᠪᠡ ᠴᠦᠭᠡᠷᠡᠭᠦᠯᠵᠤ ᠪᠤᠯᠬᠤ ᠪᠦᠭᠡᠳ ᠨᠠᠷᠠᠨ ᠬᠤᠸᠠᠷ ᠤᠨ ᠤᠨᠠᠯᠳᠠ ᠪᠠ ᠴᠢᠨᠠᠷ ᠲᠤ ᠴᠤ ᠮᠠᠰᠢ ᠶᠡᠭᠡ ᠨᠦᠯᠦᠭᠡ ᠲᠠᠢ ᠶᠤᠮ᠂ | ᠨᠠᠷᠠᠨ ᠬᠤᠸᠠᠷ ᠤᠨ ᠤᠷᠭᠤᠯᠳᠠ ᠶᠢᠨ ᠬᠤᠭᠤᠴᠠᠭ᠎ᠠ ᠨᠢ ᠨᠡᠯᠢᠶᠡᠳ ᠤᠬᠤᠷ ᠪᠠᠶᠢᠳᠠᠭ ᠪᠤᠯᠬᠤᠷ ᠲᠠᠷᠢᠬᠤ ᠴᠠᠭ ᠢ ᠰᠤᠩᠭᠤᠬᠤ ᠳᠤ ᠨᠡᠯᠢᠶᠡᠳ | ᠴᠢᠯᠦᠭᠡᠳᠡᠢ ᠶᠤᠮ᠃ 5 ᠳ᠋ᠤᠭᠠᠷ ᠰᠠᠷ᠎ᠠ ᠶᠢᠨ ᠲᠤᠮᠳᠠᠴᠢ ᠠᠴᠠ 6 ᠳ᠋ᠤᠭᠠᠷ ᠰᠠᠷ᠎ᠠ ᠶᠢᠨ ᠰᠡᠭᠦᠯᠴᠢ ᠪᠠᠷ ᠲᠠᠷᠢᠵᠤ ᠪᠤᠯᠤᠨ᠎ᠠ᠃ ᠡᠶᠢᠮᠤ ᠠᠴᠠ | ᠲᠤᠰᠤᠯᠢᠭ ᠭᠡᠯᠪᠡᠷᠢ ᠶᠢᠨ ᠰᠤᠷᠲ ᠢ ᠪᠤᠯ 6 ᠳ᠋ᠤᠭᠠᠷ ᠰᠠᠷ᠎ᠠ ᠶᠢᠨ ᠰᠡᠭᠦᠯᠴᠢ ᠪᠠᠷ ᠲᠤᠭᠢᠳᠠᠶᠢᠬᠠᠨ ᠤᠷᠤᠢ ᠰᠢᠭ᠋ ᠲᠠᠷᠢᠵᠤ᠂ ᠢᠳᠡᠭᠡᠨ ᠤ ᠭᠡᠯᠪᠡᠷᠢ | ᠶᠢᠨ ᠰᠤᠷᠲ ᠢ ᠪᠤᠯ 5 ᠳ᠋ᠤᠭᠠᠷ ᠰᠠᠷ᠎ᠠ ᠶᠢᠨ ᠲᠤᠮᠳᠠᠴᠢ ᠪᠠᠷ ᠵᠢᠭᠠᠬᠠᠨ ᠡᠷᠳᠡ ᠰᠢᠭ ᠲᠠᠷᠢᠵᠤ᠂ ᠲᠡᠨᠡᠭ ᠤᠷᠭᠤᠬᠤ ᠪᠠ ᠤᠷᠤᠢ ᠪᠤᠯᠪᠠᠰᠤᠷᠠᠬᠤ | ᠠᠴᠠ ᠪᠤᠯᠵᠤ ᠬᠤᠷᠢᠶᠠᠯᠳᠠ ᠬᠠᠰᠤᠠᠠᠳᠠᠬᠤ ᠠᠴᠠ ᠰᠡᠷᠭᠡᠶᠢᠯᠡᠭᠦ ᠭᠡᠷᠡᠭᠳᠡᠢ᠃ | ᠨᠠᠷᠠᠨ ᠬᠤᠸᠠᠷ ᠤᠨ ᠭᠤᠤᠷᠰᠤ ᠨᠢ ᠦᠨᠳᠤᠷ᠂ ᠡᠰᠢ ᠨᠢ ᠪᠦᠳᠦᠭᠦᠨ ᠲᠤᠯᠠ ᠵᠤᠭᠢᠰᠳᠡᠢ ᠨᠢᠠᠠᠳᠠ ᠲᠠᠷᠢᠪᠠᠯ ᠰᠠᠯᠭᠢ ᠨᠡᠪᠳᠡᠷᠡᠨ | ᠨᠠᠷᠠ ᠲᠤᠰᠬᠤ ᠪᠠ ᠭᠡᠷᠡᠯ ᠤᠨ ᠨᠡᠶᠢᠯᠡᠯᠭᠡ ᠶᠢᠨ ᠦᠢᠯᠡᠳᠦᠯ ᠢ ᠲᠡᠭᠡᠭᠰᠢᠯᠡᠭᠦᠯᠭᠦ ᠳᠤ ᠠᠰᠢᠭ ᠲᠠᠢ ᠶᠤᠮ᠃ ᠵᠠᠷᠴᠢᠮ ᠨᠢ ᠭᠡᠪᠡᠯ ᠭᠤᠤᠷᠰᠤ ᠨᠢ | ᠦᠨᠳᠤᠷ ᠲᠤᠮᠤ ᠮᠦᠭᠦᠯᠢᠭᠳᠦ ᠰᠤᠷᠲ ᠢ ᠰᠢᠩᠭᠡᠨ ᠲᠠᠷᠢᠵᠤ᠂ ᠭᠤᠤᠷᠰᠤ ᠨᠢ ᠪᠤᠭᠤᠨᠢ ᠵᠢᠵᠢᠭ ᠮᠦᠭᠦᠯᠢᠭᠳᠦ ᠰᠤᠷᠲ ᠢ ᠨᠢᠠᠠᠳᠠ ᠲᠠᠷᠢᠨ᠎ᠠ᠂ | ᠲᠤᠰᠤᠯᠢᠭ ᠭᠡᠯᠪᠡᠷᠢ ᠶᠢᠨ ᠰᠤᠷᠲ ᠢ ᠾᠧᠺᠲ᠋ᠠᠷ ᠪᠦᠷᠢ 25000 ~ 30000 ᠰᠠᠭᠤᠷᠢ᠂ ᠢᠳᠡᠭᠡᠨ ᠤ ᠭᠡᠯᠪᠡᠷᠢ ᠶᠢᠨ ᠰᠤᠷᠲ ᠢ | ᠾᠧᠺᠠᠲ᠋ᠠᠷ ᠪᠦᠷᠢ 18000 ~20000 ᠰᠠᠭᠤᠷᠢ ᠲᠠᠷᠢᠪᠡᠯ ᠲᠤᠭᠢᠷᠠᠮᠵᠢᠳᠡᠢ᠃ | 5. ᠲᠠᠷᠢᠠᠠᠰᠠᠨ ᠤ ᠰᠡᠭᠦᠯᠡᠷ ᠠᠷᠠᠴᠢᠯᠠᠭ᠎ᠠ ᠪᠠᠨ ᠭᠡᠷᠭᠢᠨ ᠴᠢᠩᠭᠠᠳᠬᠠᠬᠤ ᠪᠤᠢ︖ | ᠴᠢᠭᠢ ᠰᠤᠶᠤᠭ᠎ᠠ ᠶᠢ ᠡᠷᠳᠡᠭᠡᠨ ᠰᠡᠶᠢᠷᠡᠭᠵᠢᠭᠦᠯᠭᠦ ᠪᠠ ᠲᠤᠠᠠᠳᠠᠭᠠᠬᠤ᠃ ᠨᠢᠯᠬ᠎ᠠ ᠴᠢᠭᠢ ᠨᠢ ᠬᠤᠶᠠᠷ ᠰᠠᠯᠠᠭᠠᠯᠠᠬᠤ ᠦᠶᠡᠰ᠂ | ᠴᠢᠭᠢ ᠶᠢ ᠲᠤᠠᠠᠳᠠᠭᠠᠵᠤ᠂ ᠴᠢᠭᠢᠯᠡᠭᠦ ᠠᠴᠠ ᠠᠪᠤᠭᠠᠳ ᠴᠤᠮᠤᠷᠯᠢᠠᠠᠵᠢᠬᠤ ᠬᠤᠭᠤᠴᠠᠭᠠᠨ ᠳᠤ 2 ~3 ᠤᠳᠠᠭ᠎ᠠ ᠭᠦᠶᠦᠭᠡᠨ ᠬᠠᠭᠠᠯᠪᠤᠷᠢᠯᠠᠨ ᠡᠪᠡᠰᠤ | ᠶᠢ ᠨᠢ ᠠᠷᠢᠯᠭᠠᠵᠤ᠂ ᠬᠠᠮᠤᠭ ᠰᠡᠭᠦᠯ ᠤᠨ ᠨᠢᠭᠡ ᠤᠳᠠᠭ᠎ᠠ ᠳᠤ ᠭᠦᠨ ᠬᠠᠭᠠᠯᠪᠤᠷᠢᠯᠡᠨ ᠰᠢᠷᠤᠢ ᠨᠡᠮᠡᠵᠤ᠂ ᠨᠠᠯᠤᠵᠤ ᠤᠨᠠᠬᠤ ᠠᠴᠠ ᠰᠡᠷᠭᠡᠶᠢᠯᠡᠭᠦ | ᠭᠡᠷᠡᠭᠳᠡᠢ᠃ ᠭᠡᠭᠦ ᠳᠡᠭᠡᠨ ᠦᠨᠳᠤᠰᠤ ᠶᠢ ᠨᠢ ᠭᠡᠮᠳᠦᠭᠡᠭᠦ ᠠᠴᠠ ᠤᠨᠴᠠ ᠭᠢᠴᠢᠶᠡᠭᠦ ᠭᠡᠷᠡᠭᠳᠡᠢ᠃ ᠲᠤᠭᠢᠳᠡᠢ ᠪᠦᠭᠡᠳ ᠵᠤᠭᠢᠰᠳᠡᠢ ᠪᠠᠷ ᠪᠤᠷᠳᠤᠭᠤᠷ | ᠨᠦᠭᠦᠨ ᠤᠷᠤᠭᠤᠯᠵᠤ᠂ ᠨᠠᠷᠠᠨ ᠬᠤᠸᠠᠷ ᠤᠨ ᠴᠤᠮᠤᠷᠯᠢᠠᠠᠵᠢᠬᠤ ᠠᠴᠠ ᠠᠪᠤᠭᠠᠳ ᠴᠡᠴᠡᠭᠯᠡᠭᠦ ᠬᠤᠭᠤᠴᠠᠭᠠᠨ ᠳᠤ ᠾᠧᠺᠲ᠋ᠠᠷ ᠪᠦᠷᠢ 150 ᠺᠢᠯᠤᠭ᠍ᠷᠡᠮ | ᠰᠢᠭᠡᠰᠦᠯᠢᠭ ᠡᠳ᠋ ᠢ ᠭᠤᠤᠴᠢᠯᠠᠬᠤ ᠪᠠ ᠨᠦᠭᠡᠯᠡᠭᠦ ᠠᠷᠭ᠎ᠠ ᠪᠠᠷ ᠨᠦᠭᠦᠨ ᠤᠷᠤᠭᠤᠯᠵᠤ᠂ ᠪᠠᠳᠠᠷᠠᠨ ᠲᠡᠯᠭᠡᠷᠡᠭᠦ ᠬᠤᠭᠤᠴᠠᠭᠠᠨ ᠳᠤᠨᠢ ᠤᠷᠭᠤᠯᠳᠠ ᠶᠢᠨ | ᠪᠠᠶᠢᠳᠠᠯ ᠢ ᠦᠨᠳᠦᠰᠦᠯᠡᠨ᠂ 1 ~2 ᠤᠳᠠᠭ᠎ᠠ 0.2% ~ 0.4% ᠶᠢᠨ ᠹᠤᠰᠹᠤᠷ ᠭᠦᠴᠢᠯ ᠤᠨ ᠬᠤᠶᠠᠷᠴᠢ ᠤᠰᠤᠳᠦ᠋ᠷᠦᠭᠴᠢ ᠠᠮᠮᠤᠨᠢ ᠶᠢ | ᠰᠦᠷᠴᠢᠨ ᠤᠷᠤᠭᠤᠯᠬᠤ ᠭᠡᠷᠡᠭᠳᠡᠢ᠃ | ᠴᠤᠮᠤᠷᠯᠢᠠᠠᠵᠢᠬᠤ ᠠᠴᠠ ᠠᠪᠤᠭᠠᠳ ᠴᠡᠴᠡᠭᠯᠡᠭᠦ ᠬᠤᠭᠤᠴᠠᠭᠠᠨ ᠳᠤ᠂ ᠨᠠᠷᠠᠨ ᠬᠤᠸᠠᠷ ᠨᠢ ᠶᠠᠷᠤ ᠠᠴᠠ ᠰᠠᠯᠠᠭᠠᠯᠠᠬᠤ ᠶᠠᠪᠤᠳᠠᠯ | ᠡᠭᠦᠰᠳᠡᠭ᠃ ᠡᠭᠦᠨ ᠢ ᠤᠯᠵᠤ ᠮᠡᠳᠡᠪᠡᠯ᠂ ᠲᠠᠷᠠ ᠲᠠᠷᠤᠢ ᠳᠤᠨᠢ ᠰᠠᠯᠠᠭ᠎ᠠ ᠶᠢ ᠨᠢ ᠠᠪᠴᠤ ᠬᠠᠶᠠᠵᠤ᠂ ᠤᠰᠤ ᠪᠠ ᠰᠢᠮ᠎ᠠ ᠶᠢᠨ ᠬᠤᠷᠤᠠᠠᠳᠠᠯ ᠢ | ᠪᠠᠭᠠᠰᠬᠠᠵᠤ᠂ ᠭᠤᠤᠯ ᠡᠰᠢᠨ ᠤ ᠴᠡᠴᠡᠭ ᠤᠨ ᠲᠠᠪᠠᠭ ᠤᠨ ᠤᠰᠤ ᠪᠠ ᠰᠢᠮ᠎ᠠ ᠲᠡᠵᠢᠭᠡᠯ ᠤᠨ ᠭᠡᠷᠡᠭᠴᠡᠭᠡ ᠶᠢ ᠪᠠᠳᠤᠯᠠᠬᠤ ᠭᠡᠷᠡᠭᠳᠡᠢ᠃ | ᠨᠠᠷᠠᠨ ᠬᠤᠸᠠᠷ ᠤᠨ ᠴᠡᠴᠡᠭ ᠤᠨ ᠲᠠᠪᠠᠭ ᠪᠦᠷᠢᠯᠳᠦᠭᠦ ᠱᠠᠳᠤᠨ ᠳᠤ᠂ ᠴᠡᠴᠡᠭᠯᠡᠭᠦ ᠪᠠ ᠴᠦᠮᠦᠭᠡᠳᠦᠭᠦ ᠦᠶᠡᠰ᠂ ᠤᠰᠤᠯᠠᠬᠤ | ᠨᠦᠭᠦᠴᠡᠯ ᠲᠠᠢ ᠪᠤᠯ ᠲᠤᠭᠢᠳᠡᠢ ᠴᠠᠭ ᠲᠤᠨᠢ ᠲᠤᠭᠢᠳᠡᠢ ᠭᠡᠮᠵᠢᠶ᠎ᠠ ᠪᠠᠷ ᠤᠰᠤᠯᠠᠬᠤ ᠭᠡᠷᠡᠭᠳᠡᠢ᠂ ᠢᠯᠠᠩᠭᠤᠶ᠎ᠠ ᠭᠠᠨᠭ᠌ ᠬᠠᠭᠰᠠᠷᠭᠠᠨ ᠲᠠᠢ ᠦᠶ᠎ᠠ ᠳᠤ | ᠲᠠᠷᠤᠶᠢᠬᠠᠨ ᠤᠰᠤᠯᠠᠵᠤ᠂ ᠨᠠᠷᠠᠨ ᠬᠤᠸᠠᠷ ᠤᠨ ᠤᠷᠭᠤᠯᠳᠠ ᠶᠢᠨ ᠦᠶ᠎ᠠ ᠶᠢᠨ ᠤᠰᠤᠨ ᠤ ᠭᠡᠷᠡᠭᠴᠡᠭᠡ ᠶᠢ ᠬᠠᠨᠭ᠍ᠭᠠᠬᠤ ᠭᠡᠷᠡᠭᠳᠡᠢ᠃ | 6. ᠭᠡᠮ ᠬᠤᠷᠤᠬᠠᠢ ᠶᠢᠨ ᠭᠦᠨᠦᠭᠡᠯ ᠢ ᠭᠡᠷᠭᠢᠨ ᠰᠡᠷᠭᠡᠶᠢᠯᠡᠨ ᠵᠠᠰᠠᠬᠤ ᠪᠤᠢ︖ | ᠭᠡᠮ ᠬᠤᠷᠤᠬᠠᠢ ᠶᠢᠨ ᠭᠦᠨᠦᠭᠡᠯ ᠢ ᠤᠷᠢᠳᠴᠢᠯᠠᠨ ᠰᠢᠯᠭᠠᠵᠤ ᠤᠷᠢᠳᠴᠢᠯᠠᠨ ᠮᠡᠳᠡᠭᠡᠯᠡᠭᠦ ᠠᠵᠢᠯ ᠢ ᠰᠠᠶᠢᠳᠤᠷ ᠭᠢᠵᠤ᠂ ᠭᠡᠮ | ᠬᠤᠷᠤᠬᠠᠢ ᠶᠢᠨ ᠭᠦᠨᠦᠭᠡᠯ ᠢ ᠤᠯᠵᠤ ᠮᠡᠳᠡᠪᠡᠯ ᠲᠠᠷᠤᠶᠢᠬᠠᠨ ᠰᠡᠷᠭᠡᠶᠢᠯᠡᠨ ᠵᠠᠰᠠᠵᠤ᠂ ᠡᠷᠳᠡ ᠠᠴᠠ ᠲᠤᠤᠱᠳᠠᠢ ᠰᠡᠷᠭᠡᠶᠢᠯᠡᠨ ᠵᠠᠰᠠᠬᠤ ᠪᠠᠷ ᠴᠢᠷᠮᠠᠶᠢᠬᠤ | ᠭᠡᠷᠡᠭᠳᠡᠢ᠃ ᠠᠭᠠᠷ ᠤᠨ ᠲᠤᠯᠠᠭᠠᠨ 18 ~ 20 ᠭᠷᠡᠳᠦ᠋ᠰ ᠪᠤᠯᠬᠤ ᠦᠶᠡᠰ᠂ ᠾᠧᠺᠠᠲ᠋ᠠᠷ ᠪᠦᠷᠢ 30 ~45 ᠭᠷᠡᠮ ᠲᠠᠪᠤᠨ ᠾᠯᠤᠷᠳᠤ ᠨᠢᠲᠷᠤᠳᠤ | ᠹᠧᠨᠽᠧᠨ ᠢ 150 ~ 230 ᠺᠢᠯᠤᠭ᠍ᠷᠡᠮ ᠴᠢᠭᠢᠭᠯᠢᠭ ᠨᠠᠷᠢᠨ ᠡᠯᠡᠰᠤ ᠲᠠᠢ ᠬᠤᠯᠢᠵᠤ᠂ ᠨᠠᠷᠠᠨ ᠬᠤᠸᠠᠷ ᠤᠨ ᠭᠠᠵᠠᠷ ᠲᠡᠭᠡᠭᠦᠷ ᠰᠠᠴᠤᠵᠤ᠂ ᠮᠦᠭᠦ | ᠶᠢᠨ ᠪᠦᠭᠡᠮ ᠭᠡᠮ ᠢ ᠰᠡᠷᠭᠡᠶᠢᠯᠡᠵᠤ᠂ 15 ᠬᠤᠨᠤᠭ ᠤᠨ ᠲᠠᠷᠠᠭ᠎ᠠ ᠲᠠᠭᠢᠨ ᠨᠢᠭᠡ ᠤᠳᠠᠭ᠎ᠠ ᠰᠠᠴᠤᠬᠤ ᠭᠡᠷᠡᠭᠳᠡᠢ᠃ 8 ᠳ᠋ᠤᠭᠠᠷ ᠰᠠᠷ᠎ᠠ ᠶᠢᠨ ᠡᠭᠢ | ᠪᠠᠷ ᠨᠠᠷᠠᠨ ᠬᠤᠸᠠᠷ ᠤᠨ ᠮᠢᠩ ᠬᠤᠷᠤᠬᠠᠢ ᠡᠭᠦᠰᠭᠦ ᠦᠶ᠎ᠠ ᠳᠤ 90% ᠶᠢᠨ ᠳ᠋ᠢ ᠪᠠᠢ ᠴᠦᠡᠭ ︵敌百虫︶ ᠤᠨ 500 ᠲᠠᠭᠢᠨ ᠤ | ᠰᠢᠩᠭᠡᠨ ᠢ 2 ~3 ᠤᠳᠠᠭ᠎ᠠ ᠰᠦᠷᠴᠢᠵᠤ ᠪᠤᠯᠤᠨ᠎ᠠ᠃ | 7. ᠦᠷᠡᠯᠡᠯᠳᠡ ᠶᠢ ᠨᠢ ᠲᠡᠭᠡᠭᠰᠢᠯᠡᠭᠦᠯᠭᠦ ᠳᠤ ᠶᠠᠮᠠᠷ ᠠᠷᠭ᠎ᠠ ᠪᠠᠶᠢᠬᠤ ᠪᠤᠢ︖ | ᠨᠠᠷᠠᠨ ᠬᠤᠸᠠᠷ ᠪᠤᠯ ᠤᠨᠳᠤᠤ ᠴᠡᠴᠡᠭ ᠠᠴᠠ ᠲᠤᠭᠤᠰᠤᠳᠠᠬᠤ ᠲᠠᠷᠢᠮᠡᠯ ᠮᠦᠨ᠂ ᠲᠠᠷᠠ ᠨᠢ ᠰᠢᠪᠠᠵᠢ ᠵᠦᠭᠡᠢ ᠳᠤ ᠲᠦᠰᠢᠭᠯᠡᠨ | ᠲᠤᠭᠤᠰᠤᠳᠠᠨ ᠦᠷᠡᠯᠡᠳᠡᠭ᠃ ᠭᠡᠳᠦᠶᠢᠪᠡᠷ ᠡᠶᠢᠮᠤ ᠪᠤᠯᠪᠠᠴᠤ ᠡᠷᠭᠡᠪᠰᠢ ᠪᠠᠰᠠ ᠭᠦᠮᠦᠨ ᠤ ᠭᠦᠴᠤ ᠪᠠᠷ ᠲᠤᠭᠤᠰᠤᠳᠠᠭᠤᠯᠬᠤ ᠴᠢᠬᠤᠯᠠ ᠲᠠᠢ᠃ | ᠲᠤᠭᠤᠰᠤᠳᠠᠭᠤᠯᠬᠤ ᠳᠠᠭᠠᠨ ᠡᠳᠤᠷ ᠪᠦᠷᠢ ᠦᠳᠡ ᠶᠢᠨ ᠡᠮᠦᠨᠡᠭᠢ 9 ~ 11 ᠴᠠᠭ ᠤᠨ ᠬᠤᠭᠤᠷᠤᠨᠳᠤ ᠶᠠᠷᠦᠩᠭᠡᠢ ᠳᠡᠭᠡᠨ 2 ~ 3 ᠤᠳᠠᠭ᠎ᠠ | ᠲᠤᠭᠤᠰᠤᠳᠠᠭᠤᠯᠬᠤ ᠭᠡᠷᠡᠭᠳᠡᠢ᠃ | 8. ᠭᠦᠯᠡᠮᠵᠢᠨ ᠳᠤ ᠤᠯᠠᠭᠠᠨ ᠬᠠᠯᠢᠰᠤᠳᠤ ᠰᠤᠩᠭᠢᠨ᠎ᠠ ᠶᠢ ᠶᠠᠮᠠᠷ ᠦᠶ᠎ᠠ ᠳᠤ ᠲᠠᠷᠢᠪᠠᠯ ᠲᠤᠭᠢᠷᠠᠬᠤ ᠪᠤᠢ︖ ᠴᠢᠭᠢᠯᠡᠭᠦ | ᠬᠤᠭᠤᠴᠠᠭᠠᠨ ᠳᠤᠨᠢ ᠶᠠᠭᠠᠭᠢᠨ ᠰᠢᠨᠵᠢᠯᠡᠭᠦ ᠤᠬᠠᠭᠠᠠᠴᠢ ᠪᠠᠷ ᠠᠷᠠᠴᠢᠯᠠᠬᠤ ᠪᠤᠢ︖ | 2 ᠳ᠋ᠤᠭᠠᠷ ᠰᠠᠷ᠎ᠠ ᠶᠢᠨ ᠡᠭᠢ ᠪᠠᠷ ᠭᠦᠯᠡᠮᠵᠢᠨ ᠲᠤᠳᠤᠷᠠᠭᠢ ᠭᠠᠵᠠᠷ ᠰᠢᠷᠤᠢ ᠪᠠᠨ ᠲᠡᠭᠰᠢᠯᠡᠵᠤ᠂ 1 ᠮᠧᠲᠷ ᠦᠷᠭᠡᠨ ᠲᠠᠳᠠᠭᠠᠯ | ᠭᠠᠷᠭᠠᠵᠤ᠂ ᠲᠡᠭᠰᠢ ᠲᠦᠷᠪᠡᠯᠵᠢᠨ ᠮᠧᠲᠷ ᠪᠦᠷᠢ 50 ᠭᠷᠡᠮ ᠨᠡᠶᠢᠯᠡᠮᠡᠯ ᠪᠤᠷᠳᠤᠭᠤᠷ ᠤᠷᠤᠭᠤᠯᠵᠤ᠂ 15 ᠰᠠᠠᠲ᠋ᠢᠮᠧᠲᠷ ᠭᠦᠶᠦᠭᠡᠨ ᠬᠠᠭᠠᠯᠪᠤᠷᠢᠯᠠᠵᠤ | ᠨᠠᠷᠬᠠᠳᠠᠨ ᠲᠡᠭᠰᠢᠯᠡᠨ᠎ᠡ᠃ 2 ᠳ᠋ᠤᠭᠠᠷ ᠰᠠᠷ᠎ᠠ ᠶᠢᠨ 5 ᠤ ᠪᠠᠷᠤᠭ ᠢᠶᠠᠷ ᠤᠷᠢᠳᠠᠪᠠᠷ ᠲᠡᠪᠳᠦᠳᠡᠯ᠎ᠡ ᠤᠰᠤᠯᠠᠵᠤ᠂ ᠲᠡᠭᠰᠢ ᠲᠦᠷᠪᠡᠯᠵᠢᠨ ᠮᠧᠲᠷ ᠪᠦᠷᠢ | ᠤᠯᠠᠭᠠᠨ ᠬᠠᠯᠢᠰᠤᠳᠤ ᠰᠤᠩᠭᠢᠨ᠎ᠠ ᠶᠢᠨ ᠦᠷ᠎ᠡ 8 ᠭᠷᠡᠮ᠂ ᠰᠢᠷ᠎ᠠ ᠬᠠᠯᠢᠰᠤᠳᠤ ᠰᠤᠩᠭᠢᠨ᠎ᠠ ᠶᠢᠨ ᠦᠷ᠎ᠡ 10 ᠭᠷᠡᠮ ᠰᠠᠴᠤᠨ ᠲᠠᠷᠢᠵᠤ᠂ ᠰᠠᠴᠤᠠᠠᠰᠠᠨ | ᠤ ᠪᠠᠨ ᠰᠡᠭᠦᠯᠡᠷ ᠦᠷ᠎ᠡ ᠪᠠᠨ ᠰᠢᠷᠤᠢ ᠳᠤ ᠲᠠᠪᠳᠠᠨ ᠤᠷᠤᠭᠤᠯᠵᠤ᠂ 1 ᠰᠠᠠᠲ᠋ᠢᠮᠧᠲᠷ ᠰᠢᠷᠤᠢ ᠪᠠᠷ ᠬᠤᠴᠢᠵᠤ᠂ ᠲᠠᠳᠠᠭᠠᠯ ᠳᠠᠭᠠᠨ ᠬᠤᠤᠷᠠᠳᠤ | ᠲᠤᠳᠤᠷᠭ᠎ᠠ ᠰᠠᠴᠤᠠᠠᠰᠠᠨ ᠤ ᠰᠡᠭᠦᠯᠡᠷ᠂ ᠰᠦᠯᠢᠶᠤᠤ ᠪᠦᠷᠭᠦᠭᠦᠯ ᠢᠶᠠᠷ ᠲᠠᠷᠤᠵᠤ᠂ ᠲᠤᠯᠠᠭᠠᠨ ᠪᠠ ᠴᠢᠭᠢᠭ ᠶᠢ ᠨᠢ ᠬᠠᠮᠠᠭᠠᠯᠠᠨ᠎ᠠ᠃ 80% ᠨᠢ | ᠴᠢᠭᠢᠯᠡᠭᠰᠡᠨ ᠤ ᠰᠡᠭᠦᠯᠡᠷ ᠪᠦᠷᠭᠦᠭᠦᠯ ᠢᠶᠠᠨ ᠠᠪᠴᠤ᠂ ᠭᠦᠯᠡᠮᠵᠢᠨ ᠤ ᠲᠤᠳᠤᠷᠠᠭᠢ ᠲᠤᠯᠠᠭᠠᠨ ᠢ 30 ℃ ᠠᠴᠠ ᠲᠤᠷᠤᠠᠠᠰᠢ ᠭᠢᠵᠠᠭᠠᠷᠯᠠᠨ᠎ᠠ᠃ | ᠪᠦᠭᠡᠷᠡᠩᠭᠦᠢ ᠰᠤᠩᠭᠢᠨ᠎ᠠ ᠶᠢᠨ ᠦᠨᠳᠤᠰᠤ ᠨᠢ ᠭᠦᠶᠦᠭᠡᠨ ᠲᠤᠯᠠ ᠭᠦᠷᠤᠰᠤ ᠰᠢᠷᠤᠢ ᠨᠢ ᠦᠷᠭᠦᠯᠵᠢ ᠴᠢᠭᠢᠭᠳᠡᠢ ᠪᠠᠶᠢᠬᠤ ᠶᠢ | ᠪᠠᠳᠤᠯᠠᠵᠤ᠂ ᠴᠢᠭᠢᠯᠡᠭᠰᠡᠨ ᠤ ᠭᠢᠨᠢ ᠰᠡᠭᠦᠯᠡᠷ ᠨᠢ ᠨᠢᠭᠡ ᠤᠳᠠᠭ᠎ᠠ ᠤᠰᠤᠯᠠᠵᠤ᠂ ᠰᠡᠭᠦᠯᠡᠷ ᠨᠢ 10 ᠬᠤᠨᠤᠭ ᠪᠤᠯᠬᠤ ᠪᠦᠷᠢ ᠨᠢᠭᠡ ᠤᠳᠠᠭ᠎ᠠ ᠤᠰᠤᠯᠠᠨ᠎ᠠ | ᠂ ᠤᠳᠠᠭ᠎ᠠ ᠪᠦᠷᠢ ᠤᠰᠤᠯᠠᠬᠤ ᠳᠠᠭᠠᠨ ᠲᠤᠩᠭᠠᠯᠠᠭ ᠡᠳᠤᠷ ᠤᠨ ᠦᠳᠡ ᠶᠢᠨ ᠡᠮᠦᠨᠡᠭᠢ ᠴᠠᠭ ᠢ ᠰᠤᠩᠭᠤᠵᠤ᠂ ᠵᠠᠶᠢᠯᠠᠬᠤ ᠠᠴᠠ ᠪᠠᠨ 7 ~ 10 | ᠬᠤᠨᠤᠭ ᠤᠨ ᠡᠮᠦᠨ᠎ᠠ ᠰᠠᠯᠭᠢ ᠨᠠᠪᠳᠡᠷᠡᠭᠦᠯᠦᠨ ᠤᠰᠤ ᠶᠢ ᠭᠢᠵᠠᠭᠠᠷᠯᠠᠵᠤ ᠴᠢᠭᠢ ᠶᠢ ᠪᠤᠯᠪᠠᠰᠤᠷᠠᠭᠤᠯᠤᠨ᠎ᠠ᠃ | ᠪᠦᠭᠡᠷᠡᠩᠭᠦᠢ ᠰᠤᠩᠭᠢᠨ᠎ᠠ ᠶᠢ ᠬᠤᠶᠠᠷ ᠨᠠᠪᠴᠢᠯᠠᠵᠤ ᠨᠢᠭᠡ ᠭᠤᠤᠯᠴᠢᠯᠠᠬᠤ ᠦᠶᠡᠰ ᠤᠰᠤᠯᠠᠯᠳᠠ ᠲᠠᠢ ᠤᠶᠠᠯᠳᠤᠭᠤᠯᠤᠨ ᠮᠤ᠋ | ᠪᠦᠷ 6 ᠺᠢᠯᠤᠭ᠍ᠷᠡᠮ ᠰᠢᠭᠡᠰᠦᠯᠢᠭ ᠡᠳ᠋ ᠪᠤᠶᠤ 13 ᠺᠢᠯᠤᠭ᠍ᠷᠡᠮ ᠭᠦᠭᠦᠷ ᠠᠮᠮᠤᠨᠢ ᠨᠦᠭᠦᠨ ᠤᠷᠤᠭᠤᠯᠵᠤ᠂ 20 ᠡᠳᠤᠷ ᠠᠯᠤᠰᠯᠠᠭᠠᠳ ᠲᠠᠭᠢᠨᠳᠡ 10 | ᠺᠢᠯᠤᠭ᠍ᠷᠡᠮ ᠰᠢᠭᠡᠰᠦᠯᠢᠭ ᠡᠳ᠋ ᠪᠤᠶᠤ 23 ᠺᠢᠯᠤᠭ᠍ᠷᠡᠮ ᠭᠦᠭᠦᠷ ᠠᠮᠮᠤᠨᠢ ᠤᠷᠤᠭᠤᠯᠤᠨ᠎ᠠ᠃ ᠪᠠᠰᠠ ᠭᠡᠮ ᠬᠤᠷᠤᠬᠠᠢ ᠶᠢ ᠰᠡᠷᠭᠡᠶᠢᠯᠡᠭᠦ ᠲᠠᠢ | ᠤᠶᠠᠯᠳᠤᠭᠤᠯᠤᠨ ᠨᠠᠪᠴᠢᠨ ᠲᠡᠭᠡᠭᠦᠷ ᠨᠢ 2 ~ 3 ᠤᠳᠠᠭ᠎ᠠ ᠰᠦᠷᠴᠢᠵᠤ ᠪᠤᠯᠤᠨ᠎ᠠ᠃ | 9. ᠪᠦᠭᠡᠷᠡᠩᠭᠦᠢ ᠤᠯᠠᠭᠠᠨ ᠰᠤᠩᠭᠢᠨ᠎ᠠ ᠶᠢᠨ ᠭᠡᠮ ᠬᠤᠷᠤᠬᠠᠢ ᠶᠢᠨ ᠭᠦᠨᠦᠭᠡᠯ ᠢ ᠶᠠᠭᠠᠭᠢᠨ ᠰᠡᠷᠭᠡᠶᠢᠯᠡᠨ ᠵᠠᠰᠠᠬᠤ ᠪᠤᠢ︖ | | ᠤᠳᠠᠭ᠎ᠠ ᠪᠦᠷᠢ ᠤᠰᠤᠯᠬᠠᠰᠠᠨ ᠤ ᠪᠠᠨ ᠰᠡᠭᠦᠯᠡᠷ ᠲᠠᠷᠤᠶᠢᠬᠠᠨ ᠯᠠᠭᠤ ᠬᠤᠷᠤᠬᠠᠢ ᠶᠢ ᠰᠡᠷᠭᠡᠶᠢᠯᠡᠭᠦ ᠭᠡᠷᠡᠭᠳᠡᠢ᠃ ᠰᠤᠩᠭᠢᠨ᠎ᠠ | ᠶᠢᠨ ᠴᠢᠭᠢ ᠬᠤᠶᠠᠷ ᠨᠠᠪᠴᠢᠯᠠᠵᠤ ᠨᠢᠭᠡ ᠭᠤᠤᠯᠯᠠᠬᠤ ᠦᠶᠡᠰ᠂ ᠠᠢ ᠹᠦ᠋ ᠳ᠋ᠢᠩ ︵爱福丁︶᠂ ᠯᠢᠤᠢ ᠼᠠᠢ ᠪᠤᠤ ︵绿菜因︶ | ᠵᠡᠷᠭᠡ ᠡᠮ ᠢ ᠭᠡᠷᠡᠭᠯᠡᠨ ᠨᠠᠪᠴᠢᠨ ᠦᠳᠤ ᠵᠡᠷᠭᠡ ᠭᠦᠨᠦᠭᠡᠯᠳᠤ ᠬᠤᠷᠤᠬᠠᠢ ᠶᠢ ᠰᠡᠷᠭᠡᠶᠢᠯᠡᠵᠤ᠂ ᠰᠡᠭᠦᠯᠡᠷ ᠨᠢ 10 ᠬᠤᠨᠤᠭ ᠠᠯᠤᠰᠯᠠᠬᠤ ᠪᠦᠷᠢ ᠨᠢᠭᠡ | ᠤᠳᠠᠭ᠎ᠠ ᠭᠡᠷᠡᠭᠯᠡᠨ᠎ᠡ᠃ | ᠴᠢᠭᠢᠯᠡᠭᠰᠡᠨ ᠤ ᠭᠢᠨᠢ ᠰᠡᠭᠦᠯᠡᠷ ᠳ᠋ᠢ ᠺᠧ ᠰᠦᠡᠭ ︵敌克松︶᠂ ᠪᠠᠢ ᠵᠢᠶᠦ᠋ᠨ ᠴᠢᠩ ︵百菌清︶ ᠵᠡᠷᠭᠡ | ᠡᠮ ᠢ ᠰᠦᠷᠴᠢᠨ ᠭᠡᠨᠡᠳᠳᠡ ᠤᠨᠠᠬᠤ ᠭᠡᠮ ᠵᠡᠷᠭᠡ ᠡᠪᠡᠳᠴᠢᠨ ᠤ ᠭᠦᠨᠦᠭᠡᠯ ᠢ ᠰᠡᠷᠭᠡᠶᠢᠯᠡᠵᠤ᠂ ᠲᠤᠮᠳᠠ ᠰᠡᠭᠦᠯᠴᠢ ᠶᠢᠨ ᠬᠤᠭᠤᠴᠠᠭᠠᠨ | ᠳᠤᠨᠢ ᠫᠦ᠋ ᠬᠠᠢ ᠶᠢᠨ ︵普海因︶᠂ ᠰᠤ᠋ ᠺᠧ ᠯᠢᠩ ︵速克灵︶ ᠵᠡᠷᠭᠡ ᠡᠮ ᠢ ᠭᠡᠷᠡᠭᠯᠡᠨ ᠢᠯᠵᠠᠷᠠᠬᠤ ᠭᠡᠮ ᠵᠡᠷᠭᠡ ᠡᠪᠡᠳᠴᠢᠨ | ᠤ ᠭᠦᠨᠦᠭᠡᠯ ᠢ ᠰᠡᠷᠭᠡᠶᠢᠯᠡᠨ᠎ᠡ᠃ | | 10. ᠪᠦᠭᠡᠷᠡᠩᠭᠦᠢ ᠤᠯᠠᠭᠠᠨ ᠰᠤᠩᠭᠢᠨ᠎ᠠ ᠶᠢ ᠶᠠᠭᠠᠭᠢᠵᠤ ᠴᠢᠭᠢᠯᠡᠭᠦᠯᠭᠦ ᠪᠤᠢ︖ | ᠵᠠᠶᠢᠯᠠᠬᠤ ᠠᠴᠠ ᠪᠠᠨ 2 ~ 3 ᠡᠳᠤᠷ ᠤᠨ ᠡᠮᠦᠨ᠎ᠠ ᠴᠢᠭᠢ ᠪᠠᠨ ᠠᠪᠴᠤ᠂ 200 ᠰᠢᠷᠭᠡᠭ ᠪᠦᠷᠢ ᠶᠢ ᠨᠢᠭᠡ ᠪᠠᠭᠴᠠ | ᠪᠤᠯᠭᠠᠨ ᠪᠤᠭᠤᠵᠢᠯᠠᠵᠤ᠂ ᠰᠠᠯᠭᠢ ᠨᠡᠪᠳᠡᠷᠡᠭᠦ ᠰᠠᠷᠢᠭᠦᠨ ᠭᠠᠵᠠᠷ ᠲᠠᠯᠪᠢᠨ ᠵᠠᠶᠢᠯᠠᠬᠤ ᠳᠤ ᠪᠠᠯᠡᠳᠭᠡᠨᠡ᠃ ᠪᠠᠰᠠ ᠮᠠᠯᠳᠠᠨ ᠠᠪᠬᠤ ᠶᠢᠨ ᠲᠠᠭᠠᠤ ᠵᠠᠶᠢᠯᠠᠵᠤ | ᠪᠤᠯᠤᠨ᠎ᠠ᠃ ᠬᠠᠮᠤᠭ ᠰᠠᠶᠢᠨ ᠨᠢ ᠮᠠᠯᠳᠠᠨ ᠠᠪᠬᠤ ᠠᠴᠠ ᠪᠠᠨ 3 ~ 5 ᠡᠳᠤᠷ ᠤᠨ ᠡᠮᠦᠨ᠎ᠠ ᠤᠰᠤᠯᠠᠵᠤ᠂ ᠵᠠᠶᠢᠯᠠᠨ ᠠᠪᠤᠠᠠᠰᠠᠨ ᠦᠶ᠎ᠠ ᠳᠤ | ᠤᠰᠤᠯᠠᠵᠤ ᠪᠤᠯᠬᠤ ᠦᠭᠡᠢ᠃ | 11. ᠲᠠᠷᠢᠶᠠᠨ ᠳᠤ ᠪᠦᠭᠡᠷᠡᠩᠭᠡᠢ ᠤᠯᠠᠭᠠᠨ ᠰᠤᠩᠭᠢᠨ᠎ᠠ ᠶᠢ ᠶᠠᠭᠠᠭᠢᠵᠤ ᠰᠢᠨᠵᠢᠯᠡᠭᠦ ᠤᠬᠠᠭᠠᠠᠴᠢ ᠪᠠᠷ ᠲᠠᠷᠢᠬᠤ ᠪᠤᠢ︖ | ᠨᠠᠮᠤᠷ ᠤᠷᠪᠠᠭᠤᠯᠬᠤ ᠪᠤᠶᠤ ᠬᠠᠪᠤᠷ ᠨᠠᠷᠬᠠᠳ᠋ᠬᠠᠰᠠᠨ ᠰᠠᠭᠤᠷᠢᠨ ᠲᠡᠭᠡᠷ᠎ᠡ 2 ᠮᠧᠲᠷ ᠦᠷᠭᠡᠨ ᠲᠠᠳᠠᠭᠠᠯ ᠭᠠᠷᠭᠠᠵᠤ᠂ ᠤᠷᠳᠤ ᠶᠢᠨ | ᠭᠡᠮᠵᠢᠶ᠎ᠠ ᠶᠢ ᠲᠠᠯᠠᠪᠠᠢ ᠪᠠᠨ ᠦᠨᠳᠦᠰᠦᠯᠡᠨ ᠲᠤᠠᠠᠳᠠᠭᠠᠨ᠎ᠠ᠃ ᠶᠠᠷᠦᠩᠭᠡᠢ ᠳᠡᠭᠡᠨ 30 ~ 50 ᠮᠧᠲᠷ ᠤᠷᠳᠤ ᠪᠤᠯ ᠲᠤᠭᠢᠷᠠᠮᠵᠢᠳᠡᠢ᠃ ᠮᠤ᠋ ᠪᠦᠷᠢ | ᠬᠤᠷᠤᠬᠠᠢ ᠤᠰᠠᠳᠬᠠᠬᠤ ᠴᠢᠨᠠᠷ ᠰᠠᠶᠢᠳᠠᠢ ᠢᠯᠵᠡᠷᠡᠮᠡᠯ ᠰᠢᠭᠡᠭ ᠪᠤᠷᠳᠤᠭᠤᠷ ᠢ 2500 ᠺᠢᠯᠤᠭ᠍ᠷᠡᠮ᠂ ᠦᠨᠳᠤᠷ ᠦᠢᠯᠡᠳᠦᠯᠳᠤ ᠨᠡᠶᠢᠯᠡᠮᠡᠯ ᠪᠤᠷᠳᠤᠭᠤᠷ | ᠢ 25 ᠺᠢᠯᠤᠭ᠍ᠷᠡᠮ ᠤᠷᠤᠭᠤᠯᠵᠤ᠂ 10 ᠰᠠᠠᠲ᠋ᠢᠮᠧᠲᠷ ᠤᠷᠴᠢᠮ ᠭᠦᠶᠦᠭᠡᠨ ᠤᠷᠪᠠᠭᠤᠯᠵᠤ᠂ ᠮᠤ᠋ ᠪᠦᠷᠢ 150 ᠭᠷᠡᠮ ᠹᠦ᠋ ᠯᠧ ᠯᠢᠩ ︵氟乐 | 灵︶ ᠪᠤᠶᠤ 125 ᠭᠷᠡᠮ ᠱᠢ ᠲᠢᠶᠠᠨ ᠪᠦ᠋ ︵施田补︶ ᠲᠡᠭᠡᠷ᠎ᠡ 30 ᠺᠢᠯᠤᠭ᠍ᠷᠡᠮ ᠤᠰᠤ ᠬᠤᠯᠢᠨ ᠰᠦᠷᠴᠢᠵᠤ᠂ ᠲᠠᠳᠠᠭᠠᠯ ᠤᠨ ᠲᠡᠭᠡᠭᠦᠷ | ᠢᠶᠠᠨ ᠪᠦᠷᠭᠦᠭᠦᠯ ᠪᠦᠷᠭᠦᠵᠤ᠂ ᠪᠦᠷᠭᠦᠭᠦᠯ ᠲᠡᠭᠡᠷ᠎ᠡ ᠪᠠᠨ ᠪᠠᠭ᠎ᠠ ᠭᠡᠮᠵᠢᠶᠠᠨ ᠤ ᠨᠠᠷᠢᠨ ᠰᠢᠷᠤᠢ ᠰᠠᠴᠤᠨ᠎ᠠ᠃ | ᠵᠠᠶᠢᠯᠠᠬᠤ ᠠᠴᠠ ᠪᠠᠨ ᠡᠮᠦᠨ᠎ᠠ ᠴᠢᠭᠢ ᠪᠠᠨ ᠰᠠᠶᠢᠳᠤᠷ ᠰᠤᠩᠭᠤᠵᠤ᠂ ᠲᠤᠮᠤ ᠵᠢᠵᠢᠭ ᠴᠢᠭᠢ ᠶᠢ ᠢᠯᠭᠠᠨ ᠰᠠᠯᠭᠠᠵᠤ᠂ ᠮᠠᠭᠤ | ᠴᠢᠭᠢ ᠶᠢ ᠬᠠᠶᠠᠵᠤ᠂ ᠲᠠᠷᠢᠬᠤ ᠠᠴᠠ ᠪᠠᠨ ᠡᠮᠦᠨ᠎ᠠ 800 ᠲᠠᠭᠢᠨ ᠳ᠋ᠢ ᠪᠠᠢ ᠴᠦᠡᠭ ︵敌百虫︶ ᠳᠤ ᠦᠨᠳᠤᠰᠤ ᠶᠢ ᠨᠢ 10 ᠮᠢᠨᠦ᠋ᠲ | ᠲᠠᠪᠳᠦᠭᠡᠵᠤ ᠬᠤᠷᠤᠬᠠᠢ ᠶᠢ ᠨᠢ ᠤᠰᠠᠳᠬᠠᠨ᠎ᠠ᠃ | ᠪᠦᠷᠭᠦᠭᠦᠯ ᠢᠶᠠᠨ ᠨᠦᠭᠡᠯᠡᠨ ᠴᠢᠭᠢ ᠪᠠᠨ ᠰᠠᠭᠤᠯᠭᠠᠵᠤ᠂ 2 ᠰᠠᠠᠲ᠋ᠢᠮᠧᠲᠷ ᠤᠷᠴᠢᠮ ᠭᠦᠨ ᠰᠠᠭᠤᠯᠭᠠᠨ ᠦᠨᠳᠤᠰᠤ ᠶᠢ ᠨᠢ | ᠰᠢᠷᠤᠢ ᠪᠠᠷ ᠨᠢᠠᠠᠳᠠ ᠲᠠᠷᠤᠨ᠎ᠠ᠃ | 12. ᠲᠠᠷᠢᠶᠠᠨ ᠳᠠᠬᠢ ᠪᠦᠭᠡᠷᠡᠩᠭᠡᠢ ᠤᠯᠠᠭᠠᠨ ᠰᠤᠩᠭᠢᠨ᠎ᠠ ᠶᠢ ᠶᠠᠭᠠᠭᠢᠵᠤ ᠰᠢᠨᠵᠢᠯᠡᠭᠦ ᠤᠬᠠᠭᠠᠠᠴᠢ ᠪᠠᠷ ᠠᠷᠠᠴᠢᠯᠠᠬᠤ ᠪᠤᠢ︖ | ᠵᠠᠶᠢᠯᠠᠮᠬᠠᠴᠠ ᠪᠠᠨ ᠤᠰᠤᠯᠠᠵᠤ᠂ 5 ~ 7 ᠡᠳᠤᠷ ᠤᠨ ᠲᠠᠷᠠᠭ᠎ᠠ ᠠᠯᠭᠤᠷ ᠤᠰᠤᠯᠠᠬᠤ ᠶᠢᠨ ᠲᠠᠭᠠᠤ ᠲᠠᠷᠢᠶ᠎ᠠ ᠪᠠᠨ | ᠪᠠᠶᠢᠴᠠᠭᠠᠨ ᠴᠢᠭᠢ ᠨᠦᠭᠦᠵᠤ᠂ ᠰᠡᠭᠦᠯᠡᠷ ᠨᠢ ᠲᠡᠭᠷᠢ ᠶᠢᠨ ᠪᠠᠶᠢᠳᠠᠯ ᠢ ᠦᠨᠳᠦᠰᠦᠯᠡᠨ᠂ ᠠᠷᠪᠠᠭᠠᠳ ᠡᠳᠤᠷ ᠪᠤᠯᠪᠠᠯ ᠨᠢᠭᠡ ᠤᠳᠠᠭ᠎ᠠ ᠤᠰᠤᠯᠠᠨ᠂ | ᠢᠳᠡᠷᠡᠭᠦᠨ ᠤᠷᠭᠤᠯᠳᠠ ᠶᠢᠨ ᠦᠶ᠎ᠠ ᠳᠤᠨᠢ 7 ᠡᠳᠤᠷ ᠪᠦᠷᠢ ᠨᠢᠭᠡ ᠤᠳᠠᠭ᠎ᠠ ᠤᠰᠤᠯᠠᠨ᠎ᠠ᠃ | ᠴᠢᠭᠢ ᠨᠠᠮᠳᠠᠭᠠᠠᠠᠰᠠᠨ ᠤ ᠰᠡᠭᠦᠯᠡᠷ ᠨᠠᠪᠴᠢᠨ ᠲᠡᠭᠡᠷ᠎ᠡ ᠨᠢ 3 ~ 5 ᠤᠳᠠᠭ᠎ᠠ ᠪᠤᠷᠳᠤᠭᠤᠷ ᠰᠦᠷᠴᠢᠵᠤ᠂ 15 ᠺᠢᠯᠤᠭ᠍ᠷᠡᠮ | ᠤᠰᠤᠨ ᠳᠤ 60 ᠭᠷᠡᠮ ᠹᠤᠰᠹᠤᠷ ᠭᠦᠴᠢᠯ ᠤᠨ ᠤᠰᠤᠳᠦ᠋ᠷᠦᠭᠴᠢ ᠬᠤᠶᠠᠷᠴᠢ ᠺᠠᠯᠢ ᠪᠠ 10 ᠭᠷᠡᠮ ᠶᠦᠨ ᠳ᠋ᠠ ︵云大︶ 120 ᠪᠤᠶᠤ ᠪᠤᠰᠤᠳ | ᠤᠷᠭᠤᠭᠤᠯᠤᠯᠳᠠ ᠡᠳ᠋ ᠬᠤᠯᠢᠵᠤ᠂ 7 ~ 10 ᠡᠳᠤᠷ ᠲᠤ ᠨᠢᠭᠡ ᠤᠳᠠᠭ᠎ᠠ ᠰᠦᠷᠴᠢᠨ᠎ᠠ᠂ ᠪᠠᠰᠠ ᠭᠡᠮ ᠬᠤᠷᠤᠬᠠᠢ ᠶᠢ ᠰᠡᠷᠭᠡᠶᠢᠯᠡᠭᠦ ᠲᠠᠢ | ᠤᠶᠠᠯᠳᠤᠭᠤᠯᠤᠨ ᠭᠡᠷᠡᠭᠯᠡᠵᠤ ᠪᠤᠯᠤᠨ᠎ᠠ᠃ | ᠵᠠᠶᠢᠯᠬᠠᠰᠠᠨ ᠤ ᠪᠠᠨ ᠲᠠᠷᠠᠭ᠎ᠠ 20 ᠡᠳᠤᠷ ᠤᠨ ᠤᠷᠴᠢᠮ ᠤᠰᠤᠯᠠᠬᠤ ᠲᠠᠢ ᠪᠠᠨ ᠤᠶᠠᠯᠳᠤᠭᠤᠯᠤᠨ ᠮᠤ᠋ ᠪᠦᠷᠢ 10 | ᠺᠢᠯᠤᠭ᠍ᠷᠡᠮ ᠰᠢᠭᠡᠰᠦᠯᠢᠭ ᠡᠳ᠋ ᠡᠰᠡᠭᠦᠯ᠎ᠠ ᠭᠦᠭᠦᠷ ᠠᠮᠮᠤᠨᠢ 20 ᠺᠢᠯᠤᠭ᠍ᠷᠮ ᠪᠤᠶᠤ ᠨᠡᠭᠦᠷᠡᠰᠤ ᠠᠮᠮᠤᠨᠢ 30 ᠺᠢᠯᠤᠭ᠍ᠷᠡᠮ ᠤᠷᠤᠭᠤᠯᠤᠨ᠎ᠠ᠃ | ᠵᠠᠶᠢᠯᠬᠠᠰᠠᠨ ᠤ ᠪᠠᠨ ᠲᠠᠷᠠᠭ᠎ᠠ 40 ᠡᠳᠤᠷ ᠤᠨ ᠤᠷᠴᠢᠮ ᠤᠰᠤᠯᠠᠯᠳᠠ ᠲᠠᠢ ᠪᠠᠨ ᠤᠶᠠᠯᠳᠤᠭᠤᠯᠤᠨ ᠮᠤ᠋ ᠪᠦᠷᠢ 5 ᠺᠢᠯᠤᠭ᠍ᠷᠡᠮ | ᠰᠢᠭᠡᠰᠦᠯᠢᠭ ᠡᠳ᠋ ᠡᠰᠡᠭᠦᠯ᠎ᠠ 10 ᠺᠢᠯᠤᠭ᠍ᠷᠡᠮ ᠭᠦᠭᠦᠷ ᠠᠮᠮᠤᠨᠢ ᠪᠤᠶᠤ 15 ᠺᠢᠯᠤᠭ᠍ᠷᠡᠮ ᠨᠡᠭᠦᠷᠡᠰᠤ ᠠᠮᠮᠤᠨᠢ᠂ 10 ᠺᠢᠯᠤᠭ᠍ᠷᠡᠮ ᠨᠡᠶᠢᠯᠡᠮᠡᠯ ᠪᠤᠷᠳᠤᠭᠤᠷ | ᠨᠦᠭᠦᠨ ᠤᠷᠤᠭᠤᠯᠤᠨ᠎ᠠ᠃ | ᠵᠠᠶᠢᠯᠬᠠᠰᠠᠨ ᠤ ᠪᠠᠨ ᠲᠠᠷᠠᠭ᠎ᠠ 60 ᠡᠳᠤᠷ ᠤᠨ ᠤᠷᠴᠢᠮ ᠤᠰᠤᠯᠠᠯᠳᠠ ᠲᠠᠢ ᠪᠠᠨ ᠤᠶᠠᠯᠳᠤᠭᠤᠯᠤᠨ ᠮᠤ᠋ ᠪᠦᠷᠢ 10 | ᠺᠢᠯᠤᠭ᠍ᠷᠡᠮ ᠰᠢᠭᠡᠰᠦᠯᠢᠭ ᠡᠳ᠋ ᠡᠰᠡᠭᠦᠯ᠎ᠠ 20 ᠺᠢᠯᠤᠭ᠍ᠷᠡᠮ ᠭᠦᠭᠦᠷ ᠠᠮᠮᠤᠨᠢ ᠪᠤᠶᠤ 30 ᠺᠢᠯᠤᠭ᠍ᠷᠡᠮ ᠨᠡᠭᠦᠷᠡᠰᠤ ᠠᠮᠮᠤᠨᠢ᠂ 15 ᠺᠢᠯᠤᠭ᠍ᠷᠡᠮ ᠨᠡᠶᠢᠯᠡᠮᠡᠯ | ᠪᠤᠷᠳᠤᠭ᠎ᠠ ᠤᠷᠤᠭᠤᠯᠤᠨ᠎ᠠ᠃ | ᠵᠠᠶᠢᠯᠬᠠᠰᠠᠨ ᠤ ᠪᠠᠨ ᠲᠠᠷᠠᠭ᠎ᠠ 80 ᠡᠳᠤᠷ ᠤᠨ ᠤᠷᠴᠢᠮ ᠤᠰᠤᠯᠠᠯᠳᠠ ᠲᠠᠢ ᠪᠠᠨ ᠤᠶᠠᠯᠳᠤᠭᠤᠯᠤᠨ ᠮᠤ᠋ ᠪᠦᠷᠢ 10 | ᠺᠢᠯᠤᠭ᠍ᠷᠡᠮ ᠰᠢᠭᠡᠰᠦᠯᠢᠭ ᠡᠳ᠋ ᠡᠰᠡᠭᠦᠯ᠎ᠠ 20 ᠺᠢᠯᠤᠭ᠍ᠷᠡᠮ ᠭᠦᠭᠦᠷ ᠠᠮᠮᠤᠨᠢ ᠪᠤᠶᠤ 30 ᠺᠢᠯᠤᠭ᠍ᠷᠡᠮ ᠨᠡᠭᠦᠷᠡᠰᠤ ᠠᠮᠮᠤᠨᠢ᠂ 10 ᠺᠢᠯᠤᠭ᠍ᠷᠡᠮ ᠨᠡᠶᠢᠯᠡᠮᠡᠯ | ᠪᠤᠷᠳᠤᠭᠤᠷ ᠤᠷᠤᠭᠤᠯᠤᠨ᠎ᠠ᠃ | 13. ᠲᠠᠷᠢᠶᠠᠨ ᠳᠠᠬᠢ ᠪᠦᠭᠡᠷᠡᠩᠭᠡᠢ ᠤᠯᠠᠭᠠᠨ ᠰᠤᠩᠭᠢᠨ᠎ᠠ ᠶᠢᠨ ᠭᠡᠮ ᠬᠤᠷᠤᠬᠠᠢ ᠶᠢᠨ ᠭᠦᠨᠦᠭᠡᠯ ᠢ ᠭᠡᠷᠭᠢᠨ | ᠰᠡᠷᠭᠡᠶᠢᠯᠡᠨ ᠵᠠᠰᠠᠬᠤ ᠪᠤᠢ︖ | ᠴᠢᠭᠢᠯᠡᠭᠰᠡᠨ ᠤ ᠲᠠᠷᠠᠭ᠎ᠠ ᠳ᠋ᠢ ᠪᠠᠢ ᠴᠦᠡᠭ ︵敌百虫︶᠂ ᠠᠢ ᠹᠦ᠋ ᠳ᠋ᠢᠩ ︵爱福丁︶᠂ ᠯᠢᠤᠢ ᠼᠠᠢ ᠪᠤᠤ | ︵绿菜宝︶ ᠵᠡᠷᠭᠡ ᠲᠠᠷᠢᠶᠠᠨ ᠡᠮ ᠢ ᠭᠡᠷᠡᠭᠯᠡᠨ᠂ ᠨᠠᠪᠴᠢᠨ ᠤ ᠦᠳᠤ ᠵᠡᠷᠭᠡ ᠭᠦᠨᠦᠭᠡᠯᠳᠤ ᠬᠤᠷᠤᠬᠠᠢ ᠶᠢ ᠰᠡᠷᠭᠡᠶᠢᠯᠡᠨ᠂ ᠡᠭᠦᠨ ᠤ ᠰᠡᠭᠦᠯᠡᠷ | 10 ᠡᠳᠤᠷ ᠪᠦᠷᠢ ᠨᠢᠭᠡ ᠤᠳᠠᠭ᠎ᠠ ᠭᠡᠷᠡᠭᠯᠡᠭᠦ ᠭᠡᠷᠡᠭᠳᠡᠢ᠃ 6 ᠳ᠋ᠤᠭᠠᠷ ᠰᠠᠷ᠎ᠠ ᠶᠢᠨ ᠲᠤᠮᠳᠠᠴᠢ ᠪᠠᠷ ᠤᠷᠤᠯᠠᠮᠠᠯ ᠰᠸᠠ ᠮᠸᠡᠭ ᠰᠢᠨ ︵森猛锌︶ | ᠂ ᠼᠦᠡᠭ ᠵᠢᠶᠦ᠋ᠨ ᠵᠢᠩ ︵葱菌净︶᠂ ᠪᠠᠢ ᠵᠢᠶᠦ᠋ᠨ ᠴᠢᠩ ︵百菌清︶ ᠵᠡᠷᠭᠡ ᠲᠠᠷᠢᠶᠠᠨ ᠡᠮ ᠢᠶᠠᠷ ᠪᠤᠷᠤ ᠲᠤᠯᠪᠤᠳᠤ ᠭᠡᠮ᠂ | ᠴᠠᠭᠠᠨ ᠭᠦᠭᠡᠴᠤ ᠭᠡᠮ ᠢ ᠰᠡᠷᠭᠡᠶᠢᠯᠡᠵᠤ᠂ 6 ᠳ᠋ᠤᠭᠠᠷ ᠰᠠᠷ᠎ᠠ ᠶᠢᠨ ᠰᠡᠭᠦᠯᠴᠢ ᠠᠴᠠ ᠬᠤᠶᠢᠰᠢ ᠡᠪᠡᠳᠴᠢᠨ ᠤ ᠬᠤᠤᠷ A᠂ ᠯᠢᠶᠠᠨ ᠮᠸᠢ ᠰᠤ᠋ ︵链 | 霉素︶ ᠵᠡᠷᠭᠡ ᠡᠮ ᠢᠶᠠᠷ ᠭᠡᠮ ᠤᠨ ᠬᠤᠤᠷᠳᠠᠯ ᠤᠨ ᠭᠡᠮ᠂ ᠢᠯᠵᠠᠷᠠᠬᠤ ᠡᠪᠡᠳᠴᠢᠨ ᠢ ᠰᠡᠷᠭᠡᠶᠢᠯᠡᠭᠦ ᠭᠡᠷᠡᠭᠳᠡᠢ᠃ | 14. ᠪᠦᠭᠡᠷᠡᠩᠭᠦᠢ ᠤᠯᠠᠭᠠᠨ ᠰᠤᠩᠭᠢᠨ᠎ᠠ ᠶᠢ ᠮᠸᠢ ᠺᠦᠢ ᠡᠭᠦᠯᠳᠡᠷ ᠲᠠᠢ ᠭᠡᠷᠭᠢᠨ ᠲᠤᠬᠤᠵᠤ ᠲᠠᠷᠢᠬᠤ ᠪᠤᠢ︖ | ᠮᠸᠢ ᠺᠦᠢ 5009 ᠡᠭᠦᠯᠳᠡᠷ ᠢ ᠰᠤᠩᠭᠤᠨ ᠭᠡᠷᠡᠭᠯᠡᠭᠦ ᠳᠤ ᠭᠦᠷᠪᠡᠯ᠂ 6 ᠳ᠋ᠤᠭᠠᠷ ᠰᠠᠷ᠎ᠠ ᠶᠢᠨ 15 ~ 25 ᠤ ᠡᠳᠤᠷ | ᠪᠦᠭᠡᠷᠡᠩᠭᠡᠢ ᠰᠤᠩᠭᠢᠨ᠎ᠠ ᠶᠢᠨ ᠲᠠᠳᠠᠭᠠᠯ ᠤᠨ ᠬᠤᠶᠠᠷ ᠭᠦᠪᠡᠭᠡ ᠶᠢ ᠲᠠᠭᠠᠭᠤᠯᠤᠨ ᠲᠤᠰᠪᠤᠷᠢ ᠨᠢᠭᠡ ᠮᠦᠷ ᠲᠠᠷᠢᠵᠤ᠂ ᠰᠠᠭᠤᠷᠢ ᠶᠢᠨ ᠵᠠᠢ ᠶᠢ 1 | ᠲᠤᠬᠤᠢ ᠵᠠᠶᠢᠳᠠᠢ ᠪᠠᠶᠢᠯᠭᠠᠨ᠎ᠠ᠃ ᠪᠦᠭᠡᠷᠡᠩᠭᠡᠢ ᠰᠤᠩᠭᠢᠨ᠎ᠠ ᠶᠢ ᠬᠤᠷᠢᠶ᠋ᠬᠠᠰᠠᠨ ᠤ ᠪᠠᠨ ᠰᠡᠭᠦᠯᠡᠷ 2 ~ 3 ᠤᠳᠠᠭ᠎ᠠ ᠨᠡᠶᠢᠳᠡᠮ ᠤᠰᠤᠯᠠᠨ᠎ᠠ᠃ | ᠶᠠᠷᠦᠩᠭᠡᠢ ᠳᠡᠭᠡᠨ ᠮᠤ᠋ ᠪᠦᠷᠢ ᠠᠴᠠ 300 ~ 400 ᠵᠢᠩ ᠬᠤᠷᠢᠶᠠᠨ᠎ᠠ᠃ ᠮᠸᠢ ᠺᠦᠢ 5009 ᠶᠢ ᠲᠤᠬᠤᠨ ᠲᠠᠷᠢᠪᠠᠯ ᠦᠨᠳᠤᠷ ᠬᠤᠷᠢᠶᠠᠯᠳᠠ | ᠤᠯᠬᠤ ᠪᠤᠯᠪᠠᠴᠤ ᠪᠦᠭᠡᠷᠡᠩᠭᠡᠢ ᠰᠤᠩᠭᠢᠨ᠎ᠠ ᠶᠢᠨ ᠬᠤᠷᠢᠶᠠᠯᠳᠠ ᠳᠤ ᠪᠠᠭ᠎ᠠ ᠰᠠᠭ᠎ᠠ ᠨᠦᠯᠦᠭᠡ ᠪᠤᠯᠳᠠᠭ᠃ | ᠪᠠᠢ ᠺᠦᠢ ᠽᠠ ︵白葵杂︶ 9 ᠨᠤᠮᠧᠷᠳᠤ ᠰᠤᠷᠲ ᠢ ᠰᠤᠩᠭᠤᠨ ᠭᠡᠷᠡᠭᠯᠡᠪᠡᠯ 6 ᠰᠠᠷ᠎ᠠ ᠶᠢᠨ 25 ᠠᠴᠠ 7 ᠳ᠋ᠤᠭᠠᠷ ᠰᠠᠷ᠎ᠠ ᠶᠢᠨ 5 | ᠤ ᠡᠳᠤᠷ ᠪᠦᠭᠡᠷᠡᠩᠭᠡᠢ ᠰᠤᠩᠭᠢᠨ᠎ᠠ ᠶᠢᠨ ᠲᠠᠳᠠᠭᠠᠯ ᠤᠨ ᠬᠤᠶᠠᠷ ᠭᠦᠪᠡᠭᠡ ᠶᠢ ᠲᠠᠭᠠᠭᠤᠯᠤᠨ ᠲᠤᠰᠪᠤᠷᠢ ᠨᠢᠭᠡ ᠮᠦᠷ ᠲᠠᠷᠢᠵᠤ᠂ ᠮᠦᠷ ᠤᠨ ᠵᠠᠢ ᠶᠢ | 1 ᠲᠤᠬᠤᠢ ᠵᠠᠶᠢᠳᠠᠢ ᠪᠠᠶᠢᠯᠭᠠᠨ᠎ᠠ᠃ ᠪᠦᠭᠡᠷᠡᠩᠭᠡᠢ ᠰᠤᠩᠭᠢᠨ᠎ᠠ ᠪᠠᠨ ᠬᠤᠷᠢᠶ᠋ᠬᠠᠰᠠᠨ ᠤ ᠰᠡᠭᠦᠯᠡᠷ 2 ~ 3 ᠤᠳᠠᠭ᠎ᠠ ᠨᠡᠶᠢᠳᠡᠮ ᠤᠰᠤᠯᠠᠨ᠎ᠠ᠃ | ᠶᠠᠷᠦᠩᠭᠡᠢ ᠳᠡᠭᠡᠨ ᠮᠤ᠋ ᠪᠦᠷᠢ ᠠᠴᠠ 200 ~ 300 ᠵᠢᠩ ᠬᠤᠷᠢᠶᠠᠨ᠎ᠠ᠃ ᠲᠤᠰᠤᠯᠢᠭ ᠨᠠᠷᠠᠨ ᠬᠤᠸᠠᠷ ᠢ ᠲᠤᠬᠤᠨ ᠲᠠᠷᠢᠪᠠᠯ ᠤᠨᠠᠯᠳᠠ ᠨᠢ ᠲᠤᠤᠷ᠎ᠠ | ᠪᠠᠶᠢᠳᠠᠭ ᠪᠤᠯᠪᠠᠴᠤ ᠪᠦᠭᠡᠷᠡᠩᠭᠡᠢ ᠰᠤᠩᠭᠢᠨ᠎ᠠ ᠶᠢᠨ ᠤᠨᠠᠯᠳᠠ ᠳᠤ ᠨᠦᠯᠦᠭᠡ ᠪᠠᠭ᠎ᠠ ᠲᠠᠢ ᠪᠠᠶᠢᠳᠠᠭ᠃ | 15. ᠲᠡᠭᠦᠵᠤ ᠬᠤᠷᠢᠶᠠᠬᠤ ᠳᠠᠭᠠᠨ ᠶᠠᠭᠤ ᠶᠢ ᠠᠩᠬᠠᠷᠬᠤ ᠴᠢᠬᠤᠯᠠ ᠲᠠᠢ ᠪᠤᠢ︖ | ᠪᠦᠭᠡᠷᠡᠩᠭᠡᠢ ᠰᠤᠩᠭᠢᠨ᠎ᠠ ᠶᠢᠨ 70% ᠶᠢᠨ ᠨᠠᠪᠴᠢ ᠨᠢ ᠬᠤᠮᠤᠶᠢᠬᠤ ᠦᠶᠡᠰ ᠡᠭᠢᠯᠡᠨ ᠬᠤᠷᠢᠶᠠᠨ᠎ᠠ᠂ ᠰᠤᠩᠭᠢᠨ᠎ᠠ ᠪᠠᠨ | ᠬᠤᠷᠢᠶ᠋ᠬᠠᠰᠠᠨ ᠤ ᠰᠡᠭᠦᠯᠡᠷ ᠲᠠᠷᠢᠶᠠᠨ ᠭᠠᠵᠠᠷ ᠢᠶᠠᠨ 3 ~ 5 ᠡᠳᠤᠷ ᠡᠭᠡᠭᠡᠨ ᠬᠠᠳᠠᠭᠠᠵᠤ᠂ ᠰᠤᠩᠭᠢᠨ᠎ᠠ ᠶᠢᠨ ᠨᠠᠪᠴᠢ ᠨᠢ ᠪᠦᠭᠦᠨ ᠢᠶᠠᠷ | ᠢᠶᠠᠨ ᠬᠠᠳ᠋ᠬᠠᠰᠠᠨ ᠤ ᠰᠡᠭᠦᠯᠡᠷ ᠲᠠᠰ ᠢᠯᠭᠠᠨ ᠭᠦᠷᠦᠭᠦ ᠪᠤᠶᠤ ᠬᠠᠶᠢᠴᠢᠯᠠᠵᠤ᠂ ᠲᠠᠷᠠᠭ᠎ᠠ ᠪᠠᠷ ᠨᠢ ᠲᠠᠰ ᠢᠯᠭᠠᠨ ᠰᠠᠯᠭᠢ ᠨᠡᠪᠳᠡᠷᠡᠭᠦ ᠰᠡᠭᠦᠳᠡᠷ ᠭᠠᠵᠠᠷ | ᠤᠪᠤᠭᠠᠯᠠᠵᠤ ᠲᠠᠯᠪᠢᠨ᠎ᠠ᠃ ᠨᠠᠷᠠᠨ ᠬᠤᠸᠠᠷ ᠢ ᠪᠤᠯ 10 ᠳ᠋ᠤᠭᠠᠷ ᠰᠠᠷ᠎ᠠ ᠶᠢᠨ ᠡᠭᠢ ᠪᠤᠶᠤ ᠲᠤᠮᠳᠠᠴᠢ ᠪᠠᠷ ᠲᠡᠭᠦᠵᠤ ᠬᠤᠷᠢᠶᠠᠨ᠎ᠠ᠃ | |