ᠲᠠᠷᠢᠶᠠᠨ ᠳᠠᠬᠢ   ᠠᠷᠠᠴᠢᠯᠠᠯᠳᠠ ᠶᠢᠨ ᠲᠠᠯ᠎ᠠ ᠪᠠᠷ ᠶᠠᠮᠠᠷ ᠮᠡᠷᠭᠡᠵᠢᠯ ᠤᠨ ᠠᠷᠭ᠎ᠠ ᠬᠡᠮᠵᠢᠶ᠎ᠠ ᠪᠠᠶᠢᠬᠤ ᠪᠤᠢ︖
ᠵᠣᠬᠢᠶᠠᠭᠴᠢ᠄ 
ᠰᠡᠴᠡᠨ ᠮᠦᠩᠬᠡ ᠨᠠᠨᠳᠢᠨ᠎ᠠ
                       ᠲᠠᠷᠢᠶᠠᠨ ᠳᠠᠬᠢ  ᠠᠷᠠᠴᠢᠯᠠᠯᠳᠠ ᠶᠢᠨ ᠲᠠᠯ᠎ᠠ ᠪᠠᠷ ᠶᠠᠮᠠᠷ                        ᠮᠡᠷᠭᠡᠵᠢᠯ   ᠤᠨ ᠠᠷᠭ᠎ᠠ  ᠬᠡᠮᠵᠢᠶ᠎ᠠ  ᠪᠠᠶᠢᠬᠤ ᠪᠤᠢ︖        ᠲᠠᠷᠢᠶᠠᠨ ᠳᠠᠬᠢ  ᠠᠷᠠᠴᠢᠯᠠᠯᠳᠠ ᠶᠢ ᠭᠤᠤᠯ ᠨᠢ ᠭᠤᠷᠪᠠᠨ ᠱᠠᠳᠤ ᠬᠤᠪᠢᠶᠠᠨ᠎ᠠ᠄       ᠨᠢᠭᠡ  ᠳᠤ᠂  ᠴᠢᠬᠢᠯᠡᠬᠦ ᠬᠤᠭᠤᠴᠠᠭᠠᠨ ᠤ  ᠠᠷᠠᠴᠢᠯᠠᠯᠳᠠ᠄ ᠡᠭᠦᠨ ᠳᠤ ︵ᠨᠢᠭᠡ︶  ᠴᠢᠬᠢ ᠶᠢ ᠪᠠᠶᠢᠴᠠᠭᠠᠬᠤ᠂ ᠴᠢᠬᠢ ᠶᠢ ᠨᠦᠬᠦᠬᠦ ᠭᠡᠷᠡᠭᠳᠡᠢ᠃ 5 ᠳ᠋ᠤᠭᠠᠷ ᠰᠠᠷ᠎ᠠ ᠶᠢᠨ ᠬᠤᠷᠢᠨ ᠠᠴᠠ ᠬᠤᠶᠢᠭᠤᠷ ᠤᠷᠢᠳᠤᠭᠤᠷ᠂ ᠴᠢᠬᠢᠯᠡᠯᠳᠡ ᠶᠢᠨ ᠪᠠᠶᠢᠳᠠᠯ ᠢ ᠲᠠᠷᠤᠶᠢᠬᠠᠨ ᠪᠠᠶᠢᠴᠠᠭᠠᠵᠤ᠂ ᠴᠢᠬᠢ ᠲᠤᠲᠠᠭᠳᠠᠵᠤ ᠪᠠᠶᠢᠪᠠᠯ ᠰᠢᠷᠤᠢ ᠲᠠᠢ ᠨᠢ ᠵᠠᠶᠢᠯᠠᠬᠤ ᠠᠷᠭ᠎ᠠ ᠪᠠᠷ ᠨᠦᠬᠦᠨ ᠲᠠᠷᠢᠵᠤ᠂ ᠪᠦᠬᠦᠳᠡ ᠶᠢ ᠪᠦᠷᠢᠨ ᠵᠢᠭᠳᠡ ᠪᠤᠯᠭᠠᠵᠤ᠂ ᠮᠤ᠋ ᠪᠦᠷᠢ ᠶᠢᠨ ᠰᠠᠭᠤᠷᠢ ᠲᠤᠭ᠎ᠠ ᠶᠢ ᠪᠠᠳᠤᠯᠠᠬᠤ ᠭᠡᠷᠡᠭᠳᠡᠢ᠃  ︵ᠬᠤᠶᠠᠷ︶ ᠴᠢᠬᠢ ᠨᠦᠬᠦᠵᠤ ᠲᠠᠷᠢᠭᠰᠠᠨ ᠤ ᠪᠠᠨ ᠰᠡᠭᠦᠯᠡᠷ᠂ ᠮᠤ᠋ ᠪᠦᠷᠢ ᠬᠤᠤᠷᠠᠳᠤ ᠲᠤᠲᠤᠷᠭ᠎ᠠ  ᠶᠢ 2.5~5 ᠺᠢᠯᠦᠭᠷᠡᠮ ᠰᠠᠴᠤᠵᠤ᠂ ᠯᠠᠭᠤ᠂ ᠰᠢᠷᠤᠢ ᠶᠢᠨ ᠬᠦᠷᠢ ᠵᠡᠷᠭᠡ ᠬᠦᠨᠦᠬᠡᠯᠳᠤ ᠬᠤᠷᠤᠬᠠᠢ ᠶᠢ ᠰᠡᠷᠭᠡᠶᠢᠯᠡᠬᠦ ᠬᠡᠷᠡᠭᠳᠡᠢ᠃  ︵ᠭᠤᠷᠪᠠ ︶ ᠴᠢᠬᠢ ᠢᠯᠭᠠᠵᠤ ᠴᠢᠬᠢ ᠲᠤᠭᠳᠠᠭᠠᠬᠤ ᠭᠡᠷᠡᠭᠳᠡᠢ᠃ ᠡᠭᠦᠨ ᠳᠤ 3~ 4 ᠨᠠᠪᠴᠢᠯᠠᠬᠤ ᠦᠶᠡᠰ ᠠᠩᠬᠠᠳᠤᠭᠴᠢ  ᠠᠷᠠᠴᠢᠯᠠᠯᠳᠠ ᠲᠠᠢ ᠤᠶᠠᠯᠳᠤᠭᠤᠯᠤᠨ ᠴᠢᠬᠢ ᠢᠯᠭᠠᠵᠤ᠂ 5~6  ᠨᠠᠪᠴᠢᠯᠠᠬᠤ ᠦᠶᠠᠰ  ᠬᠤᠶᠠᠷᠳᠠᠬᠢ  ᠠᠷᠠᠴᠢᠯᠠᠯᠳᠠ ᠲᠠᠢ ᠤᠶᠠᠯᠳᠤᠭᠤᠯᠤᠨ ᠴᠢᠬᠢ ᠲᠤᠭᠳᠠᠭᠠᠬᠤ ᠭᠡᠷᠡᠭᠳᠡᠢ᠃ ᠲᠡᠭᠦᠨ ᠤ ᠰᠠᠭᠠᠷᠳᠠᠯᠭ᠎ᠠ ᠨᠢ ᠭᠡᠪᠡᠯ  ᠭᠡᠮ ᠬᠤᠷᠤᠬᠠᠢ ᠲᠠᠢ ᠪᠠᠭᠤᠷᠠᠢ ᠴᠢᠬᠢ ᠶᠢ ᠠᠷᠢᠯᠭᠠᠵᠤ᠂ ᠢᠳᠡᠷᠡᠭᠦᠨ ᠴᠢᠬᠢ ᠶᠢ ᠦᠯᠡᠳᠡᠭᠡᠨ᠎ᠡ᠃ ᠬᠤᠯᠢᠮᠠᠭ ᠮᠠᠭᠤ ᠴᠢᠬᠢ ᠶᠢ ᠠᠷᠢᠯᠭᠠᠵᠤ᠂ ᠰᠠᠶᠢᠨ ᠴᠢᠬᠢ  ᠶᠢ ᠦᠯᠡᠳᠡᠭᠡᠨ᠎ᠡ᠃ ᠬᠡᠳᠦᠷᠭᠡᠢ ᠲᠤᠮᠤ ᠪᠤᠶᠤ ᠵᠢᠵᠢᠭ ᠴᠢᠬᠢ ᠶᠢ ᠠᠷᠢᠯᠭᠠᠵᠤ᠂ ᠲᠡᠩᠴᠡᠭᠦᠬᠡᠨ ᠠᠳᠠᠯᠢ ᠴᠢᠬᠢ ᠶᠢ ᠦᠯᠡᠳᠡᠭᠡᠨ᠎ᠡ᠃  ︵ᠲᠦᠷᠪᠠ ︶᠂ ᠴᠢᠬᠢ ᠪᠦᠷᠢᠨ᠂ ᠴᠢᠬᠢ ᠵᠢᠭᠳᠡ ᠪᠠᠶᠢᠬᠤ ᠶᠢ ᠪᠠᠳᠤᠯᠠᠨ᠎ᠠ᠃       ᠬᠤᠶᠠᠷ ᠲᠤ᠂ ᠦᠶᠡᠳᠡᠭᠦ ᠦᠷᠡᠯᠡᠬᠦ ᠦᠶ᠎ᠠ ᠶᠢᠨ  ᠠᠷᠠᠴᠢᠯᠠᠯᠳᠠ᠄ ᠡᠬᠦᠨ ᠳᠤ  ︵ᠨᠢᠭᠡ︶ ᠪᠤᠷᠳᠤᠭᠤᠷ ᠤᠷᠤᠭᠤᠯᠤᠨ ᠪᠠᠶᠢᠳᠠᠯ ᠢ ᠦᠵᠡᠨ ᠤᠰᠤᠯᠠᠨ᠎ᠠ᠃ 6~7 ᠨᠠᠪᠴᠢᠯᠠᠬᠤ ᠦᠶᠠᠰ᠂ ᠡᠷᠳᠡᠨᠢ ᠰᠢᠰᠢ ᠦᠶᠡᠳᠡᠵᠤ ᠡᠬᠢᠯᠡᠭᠰᠡᠨ ᠤ ᠰᠡᠬᠦᠯᠡᠷ᠂ ᠤᠷᠭᠤᠴᠠ ᠨᠢ ᠮᠡᠳᠡᠭᠳᠡᠮ᠎ᠠ ᠲᠦᠷᠭᠡᠳᠴᠤ᠂ ᠡᠷ᠎ᠡ ᠲᠦᠷᠦᠬᠦᠦ ᠨᠢ ᠵᠢᠭᠳᠡᠷᠡᠵᠤ᠂ ᠨᠡᠯᠢᠶᠠᠳ ᠶᠡᠭᠡ ᠤᠰᠤ ᠲᠡᠵᠢᠬᠡᠯ ᠤᠨ ᠭᠡᠷᠡᠭᠴᠡᠭᠡ ᠲᠠᠢ ᠪᠤᠯᠳᠠᠭ ᠲᠤᠯᠠ ᠦᠶᠠᠳᠡᠯ ᠤᠨ ᠪᠤᠷᠳᠤᠭᠤᠷ ᠤᠷᠤᠭᠤᠯᠬᠤ ᠬᠡᠷᠡᠭᠳᠡᠢ᠃ ᠶᠡᠷᠤᠩᠭᠡᠢ ᠳᠡᠭᠡᠨ ᠮᠤ᠋ ᠪᠦᠷᠢ ᠰᠢᠭᠡᠰᠦᠯᠢᠭ ᠡᠳ᠋ 10~14 ᠺᠢᠯᠦᠭᠷᠡᠮ ᠤᠷᠤᠭᠤᠯᠬᠤ ᠶᠢᠨ ᠲᠠᠭᠠᠤ ᠪᠠᠶᠢᠳᠠᠯ ᠢ ᠦᠵᠡᠨ ᠤᠰᠤᠯᠠᠬᠤ ᠬᠡᠷᠡᠭᠳᠡᠢ᠃  ︵ᠬᠤᠶᠠᠷ︶ ᠲᠦᠷᠦᠭᠦᠦᠯᠡᠯᠳᠡ ᠶᠢᠨ ᠪᠤᠷᠳᠤᠭᠤᠷ ᠤᠷᠤᠭᠤᠯᠤᠨ ᠤᠰᠤᠯᠠᠨ᠎ᠠ᠃ 7 ᠳ᠋ᠤᠭᠠᠷ ᠰᠠᠷ᠎ᠠ ᠶᠢᠨ 20 ᠤ ᠤᠷᠴᠢᠮ  ᠢᠶᠠᠷ 14~15 ᠨᠠᠪᠴᠢᠯᠠᠬᠤ ᠦᠶᠠᠰ᠂ ᠡᠮ᠎ᠡ ᠲᠦᠷᠦᠭᠦᠦ ᠶᠢᠨ ᠵᠢᠵᠢᠭ ᠴᠡᠴᠡᠭ ᠨᠢ ᠵᠠᠳᠠᠷᠠᠭᠠᠳ  ᠪᠢᠤᠯᠤᠬᠢ ᠶᠢᠨ ᠤᠨᠴᠠᠯᠢᠭ ᠪᠦᠬᠦᠢ ᠲᠤᠮᠤ ᠯᠠᠪᠠ  ᠶᠢᠨ ᠬᠡᠯᠪᠡᠷᠢ ᠲᠠᠢ ᠬᠤᠭᠤᠴᠠᠭᠠᠨ ᠳᠤ ᠤᠷᠤᠬᠤ ᠲᠤᠯᠠ ᠪᠤᠷᠳᠤᠭᠤᠷ ᠤᠷᠤᠭᠤᠯᠬᠤ ᠬᠡᠷᠡᠭᠳᠡᠢ᠃ ᠶᠡᠷᠤᠩᠭᠡᠢ ᠳᠡᠭᠡᠨ ᠮᠤ᠋ ᠪᠦᠷᠢ 13~18 ᠺᠢᠯᠦᠭᠷᠡᠮ ᠰᠢᠭᠡᠰᠦᠯᠢᠭ ᠡᠳ᠋ ᠤᠷᠤᠭᠤᠯᠬᠤ ᠶᠢᠨ ᠲᠠᠭᠠᠤ ᠤᠰᠤᠯᠠᠬᠤ ᠬᠡᠷᠡᠭᠳᠡᠢ᠃ ︵ᠭᠤᠷᠪᠠ ︶ ᠲᠦᠷᠦᠭᠦᠦᠯᠡᠯᠳᠡ ᠶᠢᠨ ᠬᠤᠭᠤᠴᠠᠭᠠᠨ ᠤ  ᠬᠡᠮ ᠬᠤᠷᠤᠬᠠᠢ  ᠶᠢᠨ ᠬᠦᠨᠦᠬᠡᠯ ᠢ ᠰᠡᠷᠭᠡᠶᠢᠯᠡᠨ᠎ᠡ᠃ 6 ᠳ᠋ᠤᠭᠠᠷ ᠰᠠᠷ᠎ᠠ ᠶᠢᠨ ᠬᠤᠷᠢᠳ ᠢᠶᠠᠷ ᠬᠤᠶᠠᠳᠤᠭᠠᠷ ᠦᠶ᠎ᠡ ᠶᠢᠨ  ᠨᠠᠩᠭᠢ ᠬᠤᠷᠤᠬᠠᠢ ᠶᠢᠨ ᠬᠦᠨᠦᠭᠡᠯ ᠡᠭᠦᠰᠬᠦ ᠦᠶᠠᠰ᠂ ᠮᠤ᠋ ᠪᠦᠷᠢ 25 ᠭᠷᠡᠮ ᠰᠤ᠋ ᠮᠢᠶᠧ ᠱᠠ ᠳ᠋ᠢᠩ ︵速灭杀丁) ᠡᠮ ᠳᠤ 30 ᠺᠢᠯᠦᠭᠷᠡᠮ ᠤᠰᠤ ᠬᠤᠯᠢᠵᠤ᠂ 40 ᠮᠢᠯᠢᠯᠢᠲᠷ 50% ᠶᠢᠨ ᠮᠢᠶᠧ ᠶᠢᠤ ᠨᠢᠶᠤᠤ (灭幼脲) 3 ᠨᠤᠮᠧᠷᠳᠤ ᠳᠤ 30~50 ᠺᠢᠯᠦᠭᠷᠡᠮ ᠤᠰᠤ ᠨᠡᠮᠡᠵᠤ ᠰᠦᠷᠴᠢᠭᠡᠳ ᠠᠪᠠᠭᠠᠯᠳᠠᠢ ᠶᠢ ᠤᠰᠠᠳᠬᠠᠬᠤ ᠬᠡᠷᠡᠭᠳᠡᠢ᠃ 7 ᠳ᠋ᠤᠭᠠᠷ ᠰᠠᠷ᠎ᠠ ᠶᠢᠨ ᠲᠤᠮᠳᠠᠴᠢ ᠪᠠᠷ ᠡᠷᠳᠡᠨᠢ ᠰᠢᠰᠢ ᠶᠢᠨ ᠮᠢᠩ ᠤᠨ ᠬᠦᠨᠦᠬᠡᠯ ᠡᠭᠦᠰᠭᠦ ᠦᠶᠡᠰ᠂ ᠮᠤ᠋  ᠪᠦᠷᠢ 1 ᠺᠢᠯᠦᠭᠷᠡᠮ 3% ᠶᠢᠨ ᠱᠠ ᠮᠢᠩ  ᠯᠢᠩ (杀螟灵) ᠦᠷᠡᠯ ᠢ ᠰᠠᠭᠤᠷᠢ ᠪᠦᠷᠢ 0.2 ᠭᠷᠡᠮ ᠤᠨ ᠬᠡᠮᠵᠢᠶ᠎ᠠ ᠪᠠᠷ ᠨᠠᠪᠴᠢᠨ   ᠳᠤᠨᠢ ᠴᠢᠳᠬᠤᠵᠤ᠂ ᠨᠢᠭᠡᠳᠦᠭᠡᠷ ᠦᠶ᠎ᠡ ᠶᠢᠨ ᠡᠷᠳᠡᠨᠢ ᠰᠢᠰᠢ ᠶᠢᠨ ᠮᠢᠩ ᠬᠤᠷᠤᠬᠠᠢ ᠶᠢ ᠤᠰᠠᠳᠬᠠᠬᠤ ᠬᠡᠷᠡᠭᠳᠡᠢ᠃ ᠲᠦᠷᠪᠡ ᠳᠤ᠂ ᠡᠷᠳᠡᠨᠢ ᠰᠢᠰᠢ ᠶᠢ ᠢᠳᠡᠷᠵᠢᠬᠦᠯᠬᠦ ᠡᠳ᠋  ᠢ ᠰᠦᠷᠴᠢᠨ ᠨᠤᠭᠤᠷᠠᠵᠤ ᠤᠨᠠᠬᠤ ᠠᠴᠠ ᠰᠡᠷᠬᠡᠶᠢᠯᠡᠬᠦ ᠬᠡᠷᠡᠭᠳᠡᠢ᠃ ᠡᠭᠦᠨ ᠳᠤ ᠮᠤ᠋ ᠪᠦᠷᠢ 30 ᠮᠢᠯᠢᠯᠢᠲᠷ  ᠢᠳᠡᠷᠵᠢᠬᠦᠯᠬᠦ ᠡᠳ᠋ ᠲᠡᠭᠡᠷ᠎ᠡ 15~20 ᠺᠢᠯᠦᠭᠷᠡᠮ ᠤᠰᠤ ᠬᠤᠯᠢᠵᠤ᠂ ᠡᠷᠳᠡᠨᠢ ᠰᠢᠰᠢ ᠶᠢᠨ ᠲᠡᠭᠡᠳᠤ  ᠬᠡᠰᠡᠭ ᠤᠨ ᠨᠠᠪᠴᠢᠨ ᠲᠡᠭᠡᠷ᠎ᠡ ᠵᠢᠭᠳᠡ ᠰᠦᠷᠴᠢᠬᠦ ᠭᠡᠷᠡᠭᠳᠡᠢ᠃ ᠰᠦᠷᠴᠢᠬᠦᠷ ᠢᠶᠠᠨ ᠰᠠᠶᠢᠳᠤᠷ ᠤᠭᠢᠶᠠᠨ ᠴᠡᠪᠡᠷᠯᠡᠵᠤ᠂ ᠬᠤᠵᠢᠷᠯᠢᠭ ᠲᠠᠷᠢᠶᠠᠨ ᠡᠮ ᠪᠤᠶᠤ ᠬᠢᠮᠢ ᠶᠢᠨ ᠪᠤᠷᠳᠤᠭᠤᠷ ᠲᠠᠢ ᠬᠤᠯᠢᠨ ᠬᠡᠷᠡᠭᠯᠡᠵᠤ ᠪᠤᠯᠬᠤ ᠦᠭᠡᠢ᠃ ᠰᠦᠷᠴᠢᠭᠡᠳ ᠲᠦᠷᠪᠡᠨ ᠴᠠᠭ ᠪᠤᠯᠤᠭᠰᠠᠨ ᠤ ᠰᠡᠭᠦᠯᠡᠷ ᠪᠤᠷᠤᠭ᠎ᠠ ᠤᠷᠤᠪᠠᠯ ᠡᠮ ᠢᠶᠠᠨ ᠬᠠᠭᠠᠰᠯᠠᠵᠤ ᠰᠦᠷᠴᠢᠬᠦ ᠬᠡᠷᠡᠭᠳᠡᠢ᠃       ᠭᠤᠷᠪᠠ ᠳᠤ᠂ ᠪᠤᠯᠪᠠᠰᠤᠷᠠᠯᠳᠠ ᠶᠢᠨ ᠰᠡᠭᠦᠯᠴᠢ ᠶᠢᠨ ᠬᠤᠭᠤᠴᠠᠭᠠᠨ ᠤ  ᠠᠷᠠᠴᠢᠯᠠᠯᠳᠠ ᠄ ᠡᠭᠦᠨ ᠳᠤ  ︵ᠨᠢᠭᠡ︶  8 ᠳ᠋ᠤᠭᠠᠷ ᠰᠠᠷ᠎ᠠ ᠶᠢᠨ ᠡᠬᠢ ᠪᠠᠷ ᠡᠷᠳᠡᠨᠢ ᠰᠢᠰᠢ ᠶᠢᠨ ᠰᠢᠷᠬᠡᠭ ᠪᠦᠭᠡᠯᠵᠢᠬᠦ ᠬᠤᠭᠤᠴᠠᠭᠠᠨ ᠳᠤ ᠰᠢᠭᠡᠰᠦᠯᠢᠭ ᠡᠳ᠋ ᠤᠨ ᠲᠡᠭᠡᠷ᠎ᠡ ᠹᠤᠰᠹᠤᠷ ᠬᠦᠴᠢᠯ ᠤᠨ ᠬᠤᠶᠠᠷᠴᠢ ᠤᠰᠤᠳᠦ᠋ᠷᠦᠭᠴᠢ ᠺᠠᠯᠢ ᠪᠤᠶᠤ ᠬᠤᠷᠢᠶᠠᠯᠳᠠ ᠨᠡᠮᠡᠭᠳᠡᠬᠦᠯᠬᠦ ᠡᠳ᠋ ᠢ ᠨᠡᠮᠡᠵᠤ ᠨᠠᠪᠴᠢᠨ ᠲᠡᠭᠡᠭᠦᠷ ᠨᠢ ᠰᠦᠷᠴᠢᠵᠤ᠂ ᠦᠷᠡᠯᠡᠯᠳᠡ ᠶᠢᠨ ᠨᠤᠷᠮ᠎ᠠ  ᠶᠢ ᠨᠢ ᠲᠡᠭᠡᠭᠰᠢᠯᠡᠭᠦᠯᠵᠤ᠂ ᠪᠦᠳᠦᠮᠵᠢᠳᠡᠢ ᠮᠦᠬᠦᠯᠢᠭ ᠤᠨ ᠲᠤᠭ᠎ᠠ ᠪᠠ ᠬᠦᠨᠳᠤ ᠶᠢ ᠨᠢ ᠨᠡᠮᠡᠭᠳᠡᠬᠦᠯᠬᠦ ᠬᠡᠷᠡᠭᠳᠡᠢ᠃  ︵ᠬᠤᠶᠠᠷ︶ ᠰᠢᠷᠭᠡᠭ ᠪᠦᠭᠡᠯᠵᠢᠬᠦ ᠦᠶ᠎ᠡ ᠪᠤᠯ ᠡᠷᠳᠡᠨᠢ ᠰᠢᠰᠢ ᠶᠢᠨ ᠤᠰᠤ ᠲᠤᠩ ᠶᠡᠭᠡ ᠬᠡᠷᠡᠭᠰᠡᠬᠦ ᠬᠤᠭᠤᠴᠠᠭ᠎ᠠ ᠪᠤᠯᠤᠨ᠎ᠠ᠃ ᠬᠡᠷᠪᠡ ᠭᠠᠩᠳᠠᠪᠠᠯ ᠬᠤᠷᠢᠶᠠᠯᠳᠠ ᠬᠦᠨᠳᠤ ᠨᠤᠴᠢᠳᠡᠢ ᠬᠠᠰᠤᠭᠳᠠᠬᠤ ᠪᠤᠯᠤᠨ᠎ᠠ᠃ ᠡᠨᠡ ᠦᠶᠠᠰ ᠪᠠᠶᠢᠳᠠᠯ ᠢ ᠨᠢ ᠦᠵᠡᠨ ᠮᠤ᠋ ᠪᠦᠷᠢ 40 ᠪᠤᠰᠤᠭ᠎ᠠ ᠲᠦᠷᠪᠡᠯᠵᠢᠨ ᠮᠧᠲᠷ ᠤᠰᠤᠯᠠᠬᠤ ᠭᠡᠷᠡᠭᠳᠡᠢ᠃ ︵ ᠭᠤᠷᠪᠠ ︶  8 ᠳ᠋ᠤᠭᠠᠷ ᠰᠠᠷ᠎ᠠ ᠶᠢᠨ ᠬᠤᠷᠢᠨ ᠠᠴᠠ ᠬᠤᠶᠢᠰᠢ᠂ ᠡᠷᠳᠡᠨᠢ ᠰᠢᠰᠢ ᠨᠢ ᠴᠢᠮᠤᠭᠡᠳᠡᠬᠦᠤ᠋ ᠦᠶ᠎ᠡ ᠳᠡᠭᠡᠨ ᠤᠷᠤᠳᠠᠭ ᠲᠤᠯᠠ  ᠭᠤᠤᠴᠢᠯᠠᠬᠤ ᠠᠷᠭ᠎ᠠ ᠪᠠᠷ ᠦᠨᠳᠦᠰᠦᠨ ᠬᠡᠰᠡᠭ ᠠᠴᠠ 20  ᠰᠠᠨᠲ᠋ᠢᠮᠧᠲᠷ ᠵᠠᠢ ᠲᠠᠢ ᠭᠤᠤᠴᠢᠯᠠᠵᠤ᠂ ᠮᠤ᠋ ᠪᠦᠷᠢ 10 ᠺᠢᠯᠦᠭᠷᠡᠮ ᠰᠢᠭᠡᠰᠦᠯᠢᠭ ᠡᠳ᠋ ᠤᠷᠤᠭᠤᠯᠵᠤ᠂ ᠲᠠᠷᠠᠭ᠎ᠠ ᠪᠠᠷ ᠨᠢ 50 ᠪᠤᠰᠤᠭ᠎ᠠ ᠲᠦᠷᠪᠡᠯᠵᠢᠨ ᠮᠧᠲᠷ ᠤᠨ ᠲᠤᠭᠳᠠᠭᠰᠠᠨ ᠬᠡᠮᠵᠢᠶ᠎ᠡ ᠪᠠᠷ ᠤᠰᠤᠯᠠᠵᠤ᠂ ᠮᠦᠬᠦᠯᠢᠭ ᠤᠨ ᠬᠦᠨᠳᠤ ᠶᠢ ᠨᠢ ᠨᠡᠮᠡᠭᠳᠡᠬᠦᠯᠵᠤ᠂ ᠤᠨᠠᠯᠳᠠ ᠶᠢᠨ ᠬᠡᠮᠵᠢᠶ᠎ᠡ ᠶᠢ ᠨᠢ ᠲᠡᠭᠡᠭᠰᠢᠯᠡᠬᠦᠯᠬᠦ ᠬᠡᠷᠡᠭᠳᠡᠢ᠃
 
ᠢᠷᠡᠯᠲᠡ᠄ http://www.mptnp.com/
ᠨᠠᠶᠢᠷᠠᠭᠤᠯᠤᠭᠴᠢ᠄ ᠭᠤᠸᠠᠨ ᠴᠠᠩ ᠰᠢ
ᠣᠷᠴᠢᠭᠤᠯᠤᠭᠴᠢ᠄
   
ᠬᠤᠯᠪᠣᠭᠳᠠᠯ ᠪᠦᠬᠦᠢ ᠠᠭᠤᠯᠭ᠎ᠠ ᠶᠢᠨ ᠭᠠᠷᠴᠠᠭ
 
2014-2016 © ᠬᠠᠷᠢᠯᠴᠠᠬᠤ ᠤᠲᠠᠰᠤ᠄ 0471-6280741 ᠢᠮᠧᠯ᠄ nmgbute@163.com
ᠵᠤᠬᠢᠶᠠᠭᠴᠢ ᠶᠢᠨ ᠡᠷᠬᠡ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠬᠤᠷᠢᠭᠯᠠᠨ᠎ᠠ᠃
︽ᠬᠡᠷᠡᠭᠯᠡᠭᠡᠨ ᠤ ᠮᠡᠷᠭᠡᠵᠢᠯ ᠤᠨ ᠮᠤᠩᠭᠤᠯ ᠰᠦᠯᠵᠢᠶᠡᠨ ᠤ ᠬᠥᠯᠭᠡ︾ ᠦᠮᠴᠢᠯᠡᠯ ᠲᠠᠢ︕