ᠭᠠᠯ ᠰᠢᠳᠣᠯᠬᠡ ᠪᠠ ᠴᠠᠬᠠᠷ ᠲᠠᠬᠢᠯᠭ᠎ᠠ ( ᠭᠤᠷᠪᠠ )
ᠵᠣᠬᠢᠶᠠᠭᠴᠢ᠄ 
ᠽᠠᠠᠳᠠᠷ᠎ᠠ
              ᠭᠠᠯ ᠰᠢᠳᠣᠯᠬᠡ ᠪᠠ ᠴᠠᠬᠠᠷ ᠲᠠᠬᠢᠯᠭ᠎ᠠ                                               ᠽᠠᠠᠳᠠᠷ᠎ᠠ       ᠲᠠᠬᠢᠯᠭ᠎ᠠ  ᠶᠢᠨ ᠪᠡᠯᠡᠳᠭᠡᠯ       ᠭᠠᠯ  ᠤᠨ ᠬᠤᠷᠢᠨ ᠭᠤᠷᠪᠠᠨ ᠪᠤᠯᠪᠡᠯ ᠠᠶᠢᠯ ᠪᠤᠯᠭᠠᠨ ᠡᠷᠳᠡᠯᠡᠨ ᠮᠠᠯ  ᠢᠶᠠᠨ ᠪᠡᠯᠴᠢᠭᠡᠭᠰᠡᠨ  ᠤ ᠪᠠᠨ ᠲᠠᠷᠠᠭ᠎ᠠ ᠭᠠᠯ  ᠢᠶᠠᠨ ᠲᠠᠬᠢᠬᠤ ᠪᠡᠯᠡᠳᠭᠡᠯ ᠠᠵᠢᠯ ᠳᠠᠭᠠᠨ ᠶᠠᠭᠠᠷᠠᠯᠳᠤᠨ᠎ᠠ᠃ ᠮᠤᠩᠭᠤᠯ ᠭᠡᠷ  ᠤᠨ  ᠢᠶᠠᠨ ᠲᠤᠭᠤᠨᠤ ᠴᠢᠭᠳᠠᠭ᠎ᠠ ᠠᠴᠠ ᠡᠬᠢᠯᠡᠨ ᠤᠨᠢ ᠬᠠᠨ᠎ᠠ  ᠶᠢᠨ  ᠢᠶᠠᠨ ᠲᠤᠭᠤᠰᠤ  ᠶᠢ ᠱᠦᠭᠦᠷᠳᠡᠨ᠂ ᠤᠯᠪᠤᠭ ᠲᠠᠪᠢᠰᠭᠡᠷ᠂ ᠬᠤᠮ ᠰᠢᠷᠢᠳᠡᠭ  ᠢᠶᠠᠨ ᠬᠦᠪᠢᠨ᠂ ᠠᠪᠳᠠᠷ᠎ᠠ ᠬᠤᠷᠭᠤ᠂ ᠠᠶᠠᠭ᠎ᠠ ᠱᠠᠭᠠᠵᠠᠩ  ᠢᠶᠠᠨ ᠤᠬᠢᠶᠠᠨ ᠵᠦᠯᠭᠦᠵᠤ᠂ ᠲᠤᠯᠭ᠎ᠠ ᠲᠤᠭᠤᠭᠠᠨ  ᠤ ᠪᠠᠨ ᠦᠨᠡᠰᠦ ᠬᠦ᠋  ᠶᠢ ᠬᠤᠯᠠᠬᠠᠨ ᠱᠦᠭᠦᠷᠳᠡᠭᠡᠳ᠂ ᠬᠠᠰᠢᠭᠤᠷ ᠮᠤᠳᠤᠨ  ᠤ ᠪᠠᠨ ᠭᠠᠵᠠᠷ ᠲᠤ ᠰᠢᠨ᠎ᠠ ᠡᠯᠡᠰᠤ ᠰᠢᠷᠦᠢ ᠨᠡᠮᠡᠵᠤ ᠲᠡᠭᠰᠢᠯᠡᠨ ᠲᠠᠶᠢᠯᠠᠳᠠᠭ᠃ ᠡᠨᠡᠬᠦ ᠴᠡᠪᠡᠷᠯᠡᠭᠡ ᠪᠠᠨ ︽  ᠬᠤᠷᠢᠨ ᠭᠤᠷᠪᠠᠨ  ᠤ ᠭᠠᠯ  ᠤᠨ ᠲᠤᠭᠤᠰᠤ ᠭᠦᠪᠢᠬᠦ︾ ᠭᠡᠳᠡᠭ᠃ ᠲᠡᠭᠡᠭᠡᠳ ᠭᠡᠷ  ᠤᠨ ᠲᠤᠳᠤᠷᠠᠬᠢ ᠪᠠᠨ ᠠᠷᠴᠨ ᠬᠦᠵᠢ ᠪᠠᠷ ᠠᠷᠢᠭᠤᠳᠬᠠᠬᠤ  ᠶᠢᠨ ᠬᠠᠮᠳᠤ ᠬᠦᠷᠢᠶ᠎ᠠ ᠬᠠᠰᠢᠶ᠎ᠠ ᠬᠦᠮᠦᠷᠭᠡ ᠬᠤᠷᠤᠭ᠎ᠠ ᠭᠠᠵᠠᠷ ᠬᠦᠰᠨ ᠪᠠᠨ ᠴᠡᠪᠡᠷ ᠴᠡᠮᠴᠡᠭᠡᠷ ᠪᠤᠯᠭᠠᠨ᠎ᠠ᠃ ᠦᠨᠦᠳᠤᠷ ᠬᠦᠭᠰᠢᠨ ᠵᠠᠯᠠᠭᠤ ᠬᠡᠤᠬᠡᠳ ᠱᠤᠬᠠᠳ ᠦᠭᠡᠢ ᠬᠦᠯ ᠬᠦᠭᠵᠢᠶᠠᠨ ᠪᠤᠯᠵᠠᠭᠠᠨ ᠠᠯᠢ ᠪᠠᠶᠢᠳᠠᠭ ᠭᠤᠶᠤᠯᠠᠯ  ᠤᠨ ᠬᠤᠪᠴᠠᠰᠤ ᠪᠠᠨ ᠭᠠᠷᠭᠠᠨ ᠬᠤᠯᠠᠪᠴᠢ ᠮᠠᠯᠠᠭᠠᠢ᠂ ᠬᠤᠷᠠᠭᠠᠨ ᠲᠡᠪᠡᠯ ᠂ ᠬᠠᠨᠵᠢᠶᠠᠷᠢ ᠬᠠᠨᠳᠠᠭᠠᠵᠨ᠂ ᠤᠭᠤᠵᠢ ᠨᠦᠮᠦᠷᠭᠡ ᠪᠠᠨ ᠭᠠᠳᠠᠨ᠎ᠠ ᠲᠡᠯᠭᠡᠵᠤ ᠰᠠᠯᠬᠢ ᠦᠵᠡᠭᠦᠯᠳᠡᠭ᠃ ᠡᠭᠦᠨ  ᠢ ᠬᠤᠪᠴᠠᠰᠤ ᠠᠳᠢᠰᠯᠠᠬᠤ ᠭᠡᠨ᠎ᠡ᠃ ᠪᠦᠰᠡᠭᠦᠶᠢᠴᠤᠳ ᠪᠡᠷᠢᠶᠡᠳ ᠰᠤᠶᠢᠭᠡ ᠬᠠᠳᠬᠤᠭᠤᠷ᠂ ᠰᠤᠶᠢᠬ᠎ᠠ ᠪᠤᠭᠤᠳᠠᠯ  ᠢᠶᠠᠨ ᠭᠠᠷᠭᠠᠵᠤ ᠦᠩᠭᠡᠯᠡᠨ᠎ᠡ᠃ ᠭᠡᠷ  ᠤᠨ ᠡᠵᠡᠭᠳᠡᠢ ᠬᠤᠳᠳᠤᠭ  ᠤᠨ ᠰᠢᠨ᠎ᠠ ᠤᠰᠤ ᠠᠪᠴᠢᠷᠠᠬᠤ ᠳᠤ ᠭᠡᠷ  ᠤᠨ ᠡᠵᠡᠨ ᠠᠷᠠᠰᠤ ᠲᠠᠢ ᠨᠢ ᠦᠬᠦᠴᠡᠯᠡᠵᠤ ᠦᠯᠡᠳᠡᠭᠡᠭᠰᠡᠨ ᠭᠠᠯ ᠲᠠᠬᠢᠯᠭ᠎ᠠ  ᠶᠢᠨ ᠡᠪᠴᠢᠭᠦᠤ ᠪᠠᠨ ᠭᠡᠰᠭᠡᠨ ᠦᠰᠤ  ᠶᠢ ᠨᠢ ᠵᠤᠮᠠᠯᠠᠭᠠᠳ᠂ ᠱᠠᠭᠠᠨᠳᠤ᠂ ᠲᠦᠷᠪᠡᠨ ᠦᠨᠳᠤᠷ᠂ ᠬᠤᠰᠭᠢᠨᠠᠭ  ᠢᠶᠠᠨ ᠪᠤᠰᠤᠳ ᠮᠢᠬ᠎ᠠ ᠲᠠᠢ ᠪᠠᠨ ᠬᠠᠮᠳᠤ ᠲᠤᠭᠤᠭᠠᠨ ᠳᠠᠭᠠᠨ ᠤᠶᠢᠵᠤ᠂ ᠵᠦᠭᠡᠯᠡᠨ ᠭᠠᠯ  ᠢᠶᠠᠷ ᠰᠠᠶᠢᠬᠠᠨ ᠪᠤᠯᠭᠤᠭᠠᠨ᠎ᠠ᠃ ᠡᠭᠦᠨ  ᠢᠶᠠᠨ ᠡᠪᠴᠢᠭᠦᠤ ᠦᠳᠭᠡᠷᠡᠭᠦᠯᠬᠦ ᠭᠡᠨ᠎ᠡ᠃ ᠦᠳᠭᠡᠷᠡᠭᠦᠯᠦᠭᠰᠡᠨ ᠡᠪᠴᠢᠭᠦᠤ ᠪᠠᠨ ᠦᠳᠡ  ᠶᠢᠨ ᠡᠮᠦᠨ᠎ᠡ ᠲᠤᠭᠤᠭᠠᠨ ᠠᠴᠠ ᠭᠠᠷᠭᠠᠨ ᠴᠠᠷᠴᠠᠭᠠᠵᠤ᠂ ᠱᠦᠯᠦᠨ ᠳᠤᠨᠢ ᠬᠤᠨᠤᠭ ᠪᠤᠳᠠᠭ᠎ᠠ ᠬᠢᠵᠤ ᠭᠡᠤᠷᠰᠢᠭᠦᠯᠪᠡᠯ ᠦᠭᠡᠢ ᠰᠠᠶᠢᠬᠠᠨ ᠠᠭᠰᠢᠭᠠᠨ᠎ᠠ᠃ ᠠᠭᠰᠢᠭᠠᠭᠰᠠᠨ ᠪᠤᠳᠠᠭ᠎ᠠ ᠪᠠᠨ ᠸᠠᠭᠠᠷ ᠫᠢᠯᠨ ᠨᠤᠭᠤᠳ ᠲᠤ ᠲᠦᠭᠦᠷᠭᠡᠨ ᠭᠠᠯ  ᠤᠨ ᠲᠠᠬᠢᠯᠭ᠎ᠠ ᠳᠤ ᠤᠷᠤᠯᠴᠠᠭᠰᠠᠳ  ᠤᠨ ᠭᠠᠯ  ᠤᠨ ᠪᠤᠳᠠᠭ᠎ᠠ ᠵᠤᠭᠤᠭᠯᠠᠬᠤ ᠳᠤ ᠪᠡᠯᠡᠳᠭᠡᠵᠤ ᠲᠠᠯᠪᠢᠳᠠᠭ᠃ ᠬᠡᠷᠪᠡ ᠱᠦᠯᠦ ᠨᠢ ᠢᠯᠡᠭᠦᠴᠨ ᠭᠠᠷᠪᠡᠯ ᠲᠡᠭᠦᠨ  ᠢ ᠲᠤᠷ᠎ᠠ ᠪᠠᠷ  ᠢᠶᠠᠨ ᠰᠢᠢᠳᠪᠦᠷᠢᠯᠡᠳᠡᠭ ᠦᠭᠡᠢ᠂ ᠬᠠᠷᠢᠨ ᠲᠦᠷᠪᠡᠨ ᠵᠦᠭ ᠨᠠᠢᠮᠠᠨ ᠵᠤᠪᠬᠢᠰ  ᠲᠤ ᠰᠠᠴᠤᠯᠢ ᠪᠤᠯᠭᠠᠨ ᠡᠷᠭᠦᠳᠡᠭ ᠵᠢᠷᠤᠮ ᠲᠠᠢ᠃ ᠭᠠᠯ  ᠤᠨ ᠠᠮᠤᠰᠤ  ᠶᠢ ᠲᠠᠪᠤᠰᠤ ᠪᠠᠷ ᠠᠮᠳᠠᠯᠠᠵᠤ ᠪᠤᠯᠬᠤ ᠦᠭᠡᠢ᠂ ᠤᠴᠢᠷ ᠨᠢ ᠡᠨᠡ ᠡᠳᠤᠷ ᠭᠠᠯ  ᠤᠨ ᠪᠤᠷᠬᠠᠨ ᠨᠢ ᠨᠤᠬᠠᠢ ᠤᠨᠤᠭᠰᠠᠨ ᠪᠤᠯᠬᠤᠷ ᠲᠠᠪᠤᠰᠤ ᠲᠠᠢ ᠪᠤᠯ ᠪᠤᠷᠬᠠᠨ  ᠤ ᠬᠦᠯᠦᠭ ᠵᠤᠭᠤᠭᠯᠠᠳᠠᠭ ᠦᠭᠡᠢ ᠭᠡᠬᠦ ᠪᠠ ᠡᠨᠡ ᠡᠳᠤᠷ ᠦᠪᠡᠷ  ᠤᠨ ᠨᠤᠬᠠᠢ ᠳᠠᠭᠠᠨ ᠴᠤ ᠡᠩ  ᠤᠨ ᠡᠳᠤᠷ ᠠᠴᠠ ᠢᠯᠡᠭᠦᠤ ᠦᠳᠭᠡᠨ ᠰᠠᠶᠢᠬᠠᠨ ᠪᠤᠳᠠᠭ᠎ᠠ ᠴᠢᠨᠠᠵᠤ ᠶᠡᠬᠡᠬᠡᠨ ᠦᠭᠳᠡᠭ ᠪᠠᠶᠢᠵᠠᠢ᠃       ᠦᠳᠡ ᠦᠩᠭᠡᠷᠡᠭᠡᠳ ᠭᠡᠷ ᠤᠨ ᠡᠵᠡᠨ ᠬᠤᠪᠴᠠᠰᠤ ᠪᠠᠨ ᠡᠮᠦᠰᠦᠨ ᠭᠠᠷ ᠢᠶᠠᠨ ᠤᠬᠢᠶᠠᠵᠤ ᠬᠢᠳᠤᠭ᠎ᠠ ᠰᠠᠪ ᠪᠠᠨ ᠠᠷᠢᠯᠭᠠᠭᠠᠳ ᠡᠪᠴᠢᠭᠦᠤ ᠪᠠᠨ ᠵᠠᠰᠠᠬᠤ ᠨᠠᠷᠢᠯᠢᠭ ᠠᠵᠢᠯ ᠢᠶᠠᠨ ᠡᠬᠢᠯᠡᠭᠦᠯᠦᠨ᠎ᠠ᠃ ᠡᠪᠴᠢᠭᠦᠤ ᠵᠠᠰᠠᠭᠴᠢ ᠬᠦᠮᠦᠨ ᠤᠷᠢᠳᠠᠪᠡᠷ ᠪᠤᠷᠬᠠᠨ ᠳᠠᠭᠠᠨ ᠵᠤᠯᠨ ᠪᠠᠷᠢᠵᠤ ᠬᠦᠵᠢ ᠠᠰᠠᠭᠠᠨ᠎ᠠ᠃ ᠭᠡᠷ ᠤᠨ ᠡᠵᠡᠭᠳᠡᠢ ᠴᠤ ᠰᠢᠨ᠎ᠠ ᠬᠤᠪᠴᠠᠰᠤ ᠪᠠᠨ ᠲᠠᠷᠢ ᠲᠡᠭᠰᠢ ᠡᠮᠤᠰᠴᠤ ᠴᠠᠭᠠᠨ ᠪᠤᠶᠤ ᠪᠤᠤᠳᠠᠢ ᠬᠤᠴᠨ ᠠᠴᠠ ᠬᠢᠷᠠᠭᠠᠵᠤ ᠬᠠᠳᠠᠭᠠᠯᠠᠵᠤ ᠲᠠᠯᠪᠢᠭᠰᠠᠨ ᠴᠠᠭᠠᠨ ᠨᠤᠤᠰᠤ ᠪᠠᠷ ᠤᠳᠠᠰᠤ ᠡᠭᠡᠷᠡᠨ ᠭᠠᠯ ᠤᠨ ᠡᠪᠴᠢᠭᠦᠤ ᠤᠷᠢᠶᠠᠬᠤ ᠳᠤ ᠶᠠᠭᠠᠷᠠᠪᠴᠢᠯᠠᠨ ᠪᠡᠯᠡᠳᠭᠡᠨ᠎ᠡ᠃ ᠡᠪᠴᠢᠭᠦᠤ ᠵᠠᠰᠠᠬᠤ ᠭᠡᠷ ᠤᠨ ᠡᠵᠡᠨ ᠪᠦᠳᠤᠷᠬᠡᠢ ᠠᠴᠠ ᠡᠬᠢᠯᠡᠵᠤ ᠪᠠᠷᠠᠭᠤᠨ ᠠᠴᠠ ᠵᠠᠭᠦᠨᠰᠢ ᠬᠤᠷᠴᠨ ᠬᠢᠳᠤᠭ᠎ᠠ ᠶᠢᠨ ᠢᠷ ᠢ ᠶᠠᠰᠤᠨ ᠳᠤᠨᠢ ᠬᠦᠷᠭᠡᠬᠦ ᠦᠭᠡᠢ ᠪᠠᠷ ᠮᠢᠬ᠎ᠠ ᠶᠠᠰᠤ ᠬᠤᠶᠠᠷ ᠢ ᠰᠠᠯᠭᠠᠵᠤ ᠦᠪᠴᠢᠨ᠎ᠠ᠃ ᠠᠮᠢᠯᠠᠬᠠᠢ ᠳᠤᠨᠢ ᠬᠦᠷᠬᠦ ᠳᠤ ᠬᠤᠶᠠᠷ ᠲᠡᠰᠢ ᠨᠢ ᠰᠦᠪᠡᠷᠭᠡ ᠶᠢ ᠨᠢ ᠲᠠᠭᠠᠭᠤᠯᠤᠨ ᠵᠦᠰᠤᠵᠤ ᠬᠤᠶᠠᠷ ᠰᠦᠪᠡᠷᠭᠡ ᠲᠠᠢ ᠵᠠᠯᠭᠠᠭᠰᠠᠨ ᠴᠤᠷᠤᠢ ᠶᠢ ᠭᠠᠳᠠᠷ ᠬᠦᠪᠡᠭᠡ ᠶᠢ ᠰᠦᠪᠡᠷᠭᠡ ᠠᠴᠠ ᠰᠠᠯᠭᠠᠯ ᠦᠭᠡᠢ ᠬᠤᠷᠤᠭᠤ ᠢᠯᠡᠭᠦᠤ ᠦᠷᠭᠡᠨ ᠢᠶᠠᠷ ᠴᠤᠷᠤᠢ ᠶᠢ ᠬᠤᠷᠮᠤᠢ ᠬᠦᠷᠳᠡᠯ᠎ᠡ ᠬᠦᠪᠡᠭᠡ ᠶᠢ ᠨᠢ ᠲᠤᠭᠤᠷᠢᠭᠤᠯᠤᠨ ᠪᠢᠳᠡᠭᠦᠤ ᠭᠠᠷᠭᠠᠨ᠎ᠠ᠃ ᠡᠪᠴᠢᠭᠦᠤ ᠶᠢᠨ ᠬᠤᠷᠤᠭᠤ ᠨᠤᠭᠤᠳ ᠤᠨ ᠵᠠᠪᠰᠠᠷ ᠲᠠᠬᠢ ᠮᠢᠬ᠎ᠠ ᠶᠢ ᠶᠠᠰᠤ ᠮᠦᠭᠡᠷᠰᠤ ᠶᠢ ᠨᠢ ᠬᠦᠨᠳᠡᠭᠡᠯ ᠦᠭᠡᠢ ᠱᠤᠯᠤᠨ ᠠᠪᠴᠤ ᠰᠦᠪᠡᠷᠭᠡᠳᠡᠰᠤᠨ ᠤ ᠦᠵᠦᠭᠦᠷ ᠤᠨ ᠦᠯᠡᠳᠡᠭᠡᠭᠰᠡᠨ ᠴᠤᠷᠤᠢ ᠶᠢᠨ ᠪᠢᠳᠡᠭᠦᠤ ᠵᠦᠰᠦᠭᠳᠡᠭᠰᠡᠨ ᠤᠭᠤᠰᠤᠷ ᠮᠡᠳᠤ ᠬᠤᠷᠤᠭᠤ ᠨᠡᠷᠢᠨ ᠮᠢᠬ᠎ᠠ ᠪᠠᠨ ᠭᠤᠭᠴᠤᠭᠠᠷᠠᠭᠤᠯᠤᠨ ᠦᠯᠡᠳᠡᠭᠡᠨ᠎ᠡ᠃ ᠦᠷᠭᠦᠯᠵᠢ ᠪᠠᠷ ᠨᠢ ᠠᠪᠤᠭᠰᠠᠨ ᠬᠡᠷᠰᠡᠩ ᠴᠤᠷᠤᠢ ᠪᠠᠨ ᠬᠠᠪᠰᠤᠷᠤᠨ ᠱᠤᠯᠤᠵᠤ ᠠᠪᠤᠭᠰᠠᠨ ᠡᠪᠴᠢᠭᠦᠨ ᠬᠤᠷᠤᠭᠤᠨ  ᠤ ᠮᠢᠬ᠎ᠠ  ᠶᠢ ᠴᠤ ᠬᠡᠬᠡᠭᠳᠡᠭᠦᠯᠦᠯ ᠦᠭᠡᠢ ᠲᠤᠳᠤᠷ᠎ᠠ ᠨᠢ ᠬᠤᠮᠢᠵᠤ ᠲᠠᠯᠠᠯᠭᠠᠨ ᠰᠠᠭᠤᠯᠠᠭ᠎ᠠ ᠳᠠᠭᠠᠨ ᠪᠤᠰᠬᠠᠵᠤ ᠲᠠᠯᠪᠢᠭᠠᠳ ᠱᠠᠭᠠᠨᠳᠤ  ᠶᠢᠨ ᠪᠤᠯᠴᠢᠩ ᠮᠢᠬ᠎ᠠ᠂ ᠲᠤᠷᠪᠡᠨ ᠦᠨᠳᠤᠷ  ᠤᠨ ᠭᠠᠳᠠᠷ ᠮᠢᠬ᠎ᠠ ᠵᠢᠴᠢ ᠪᠦᠬᠦᠯᠢ ᠬᠤᠰᠭᠢᠨᠠᠭ  ᠤᠨ ᠬᠠᠮᠳᠤ ᠡᠪᠴᠢᠭᠦᠨ  ᠤ ᠤᠷᠢᠳᠠᠭᠤᠷ ᠰᠢᠬᠠᠵᠤ ᠤᠷᠤᠭᠤᠯᠤᠭᠠᠳ ᠮᠤᠷᠤᠶᠢᠵᠤ ᠲᠠᠯᠵᠢᠯᠭᠠᠯ ᠦᠭᠡᠢ ᠪᠠᠷ ᠲᠡᠷᠢ ᠲᠡᠭᠰᠢ ᠲᠠᠯᠪᠢᠵᠤ ᠦᠭᠭᠦᠭᠡᠳ ᠲᠡᠭᠡᠷ᠎ᠠ ᠨᠢ ᠦᠷᠤᠨ᠎ᠠ ᠲᠤᠰᠤ  ᠪᠠᠷ ᠴᠢᠮᠡᠭᠯᠡᠨ ᠮᠢᠯᠢᠶᠠᠭᠠᠭᠠᠳ ᠬᠠᠳᠠᠭ  ᠢᠶᠠᠷ ᠪᠦᠳᠦᠭᠡᠵᠤ ᠲᠠᠯᠠᠯᠭ᠎ᠠ ᠪᠤᠯᠭᠠᠨ ᠪᠡᠯᠡᠳᠭᠡᠨ᠎ᠡ᠃ ᠱᠤᠯᠤᠭᠰᠠᠨ ᠡᠪᠴᠢᠭᠦᠤ ᠪᠠᠨ ᠮᠤᠲ᠋ᠤᠤ ᠴᠠᠭᠠᠰᠤ ᠲᠡᠪᠢᠰᠤᠭ᠍ᠰᠡᠨ ᠫᠢᠯᠨ ᠲᠡᠭᠡᠷ᠎ᠠ ᠬᠤᠨᠢ ᠬᠡᠪᠳᠡᠭᠰᠡᠨ ᠮᠠᠶ᠋ᠢᠭ  ᠢᠶᠠᠷ ᠬᠡᠷᠰᠡᠩ ᠲᠠᠯ᠎ᠠ  ᠶᠢ ᠨᠢ ᠲᠤᠷᠤᠭᠰᠢ ᠬᠠᠨᠳᠤᠭᠤᠯᠤᠨ ᠪᠦᠳᠡᠷᠬᠡᠢ  ᠶᠢᠨ ᠦᠵᠦᠭᠦᠷ ᠪᠤᠯᠤᠨ ᠰᠦᠪᠡᠷᠭᠡ  ᠶᠢ ᠲᠡᠭᠡᠭᠰᠢ ᠬᠠᠨᠳᠤᠭᠤᠯᠤᠨ ᠲᠠᠯᠪᠢᠭᠠᠳ ᠭᠡᠷ  ᠤᠨ ᠡᠵᠡᠭᠳᠡᠢ  ᠶᠢᠨ ᠡᠬᠡᠷᠡᠦᠯ  ᠢᠶᠠᠷ ᠬᠡᠯᠡᠬᠡᠢ ᠲᠠᠮᠤᠭᠰᠠᠨ ᠬᠤᠨᠢᠨ ᠨᠤᠤᠰᠤᠨ ᠤᠳᠠᠰᠤ ᠪᠠᠷ ᠡᠪᠴᠢᠭᠦᠨ  ᠤ ᠪᠦᠳᠡᠷᠬᠡᠢ ᠠᠴᠠ ᠡᠬᠢᠯᠡᠨ ᠬᠤᠶᠠᠷ ᠰᠦᠪᠡᠷᠭᠡ  ᠶᠢᠨ ᠦᠵᠦᠭᠦᠷ  ᠢᠶᠠᠷ ᠵᠦᠪ ᠲᠤᠭᠤᠷᠢᠭᠤᠯᠤᠨ ᠪᠦᠳᠡᠷᠬᠡᠢ ᠰᠦᠪᠡᠷᠭᠡᠳᠡᠰᠤᠨ  ᠤ ᠭᠤᠷᠪᠠᠨ ᠴᠢᠭ  ᠢ ᠲᠠᠭᠠᠷᠢᠭᠤᠯᠤᠨ ᠭᠤᠷᠪᠠᠨ ᠭᠤᠷᠪᠠ  ᠶᠢᠨ ᠶᠢᠰᠦᠨ ᠲᠤᠭᠤᠷᠢᠭᠤᠯᠤᠨ ᠤᠷᠢᠶᠠᠭᠠᠳ ᠤᠳᠠᠰᠤ ᠪᠠᠨ ᠲᠠᠰᠤᠯᠠᠨ ᠦᠵᠦᠭᠦᠷ  ᠢ ᠨᠢ ᠪᠦᠳᠡᠷᠬᠡᠢ  ᠶᠢᠨ ᠲᠤᠳᠤᠷ᠎ᠠ ᠲᠠᠯ᠎ᠠ ᠳᠤ ᠲᠠᠷᠤᠵᠤ ᠲᠠᠯᠪᠢᠨ᠎ᠠ᠃ ᠡᠭᠦᠨ ᠳᠤ ᠬᠡᠯᠡᠬᠡᠢ ᠤᠳᠠᠰᠤᠨ  ᠤ ᠪᠠᠨ ᠴᠢᠩᠭ᠎ᠠ ᠰᠤᠯᠨ  ᠶᠢ ᠲᠡᠭᠴᠡᠭᠦᠤ ᠲᠠᠳᠠᠵᠤ ᠬᠤᠷᠪᠠᠯᠵᠢᠨ ᠬᠡᠯᠪᠡᠷᠢ  ᠶᠢ ᠨᠢ ᠡᠪᠳᠡᠬᠦ ᠦᠭᠡᠢ ᠪᠠᠶᠢᠬᠤ ᠮᠦᠷᠳᠡᠭᠡᠨ ᠤᠶᠠᠵᠤ ᠵᠠᠩᠬᠢᠯᠠᠬᠤ ᠦᠭᠡᠢ᠃ ᠲᠠᠷᠠᠭ᠎ᠠ ᠨᠢ ᠡᠪᠴᠢᠭᠦᠨ  ᠤ ᠬᠤᠩᠬᠤᠷ ᠲᠤ ᠱᠤᠯᠤᠵᠤ ᠲᠠᠯᠪᠢᠭᠰᠠᠨ ᠱᠠᠭᠠᠨᠳᠤ ᠲᠦᠷᠪᠡᠨ ᠦᠨᠳᠤᠷ  ᠤᠨ ᠶᠠᠰᠤ  ᠶᠢ ᠲᠤᠯᠤᠭᠠᠢ  ᠶᠢ ᠨᠢ ᠪᠦᠳᠡᠷᠬᠡᠢ ᠵᠦᠭ ᠬᠠᠳᠤᠭᠤᠯᠤᠨ ᠲᠠᠯᠪᠢᠵᠤ ᠲᠡᠭᠡᠷ᠎ᠠ ᠨᠢ ᠭᠤᠷᠪᠠᠨ ᠬᠡᠰᠡᠭ ᠴᠢᠪᠠᠭ᠎ᠠ ᠨᠢᠭᠡ ᠬᠡᠰᠡᠭ ᠮᠦᠰᠤᠨ ᠰᠢᠬᠢᠷ  ᠤᠨ ᠬᠡᠯᠳᠡᠷᠬᠡᠢ ᠪᠤᠶᠤ ᠨᠢᠭᠡ ᠴᠢᠮᠬᠢ ᠪᠤᠷᠠᠮ ᠬᠢᠵᠤ ᠴᠤᠷᠤᠢ  ᠶᠢᠨ  ᠢᠶᠠᠨ ᠪᠢᠳᠡᠭᠦᠤ ᠦᠵᠦᠬᠦᠷ  ᠢ ᠱᠠᠭᠠᠨᠳᠤ ᠲᠦᠷᠪᠡᠨ ᠦᠨᠳᠤᠷ  ᠤᠨ ᠶᠠᠰᠤᠨ ᠲᠡᠭᠡᠭᠦᠷ ᠠᠪᠠᠴᠠᠵᠤ ᠪᠤᠳᠡᠷᠬᠡᠢ ᠳᠤ ᠡᠯᠭᠦᠨ᠎ᠡ ︵  ᠵᠠᠷᠢᠮ ᠭᠠᠵᠠᠷ  ᠨᠢ ᠡᠪᠴᠢᠭᠦᠨ  ᠤ ᠬᠤᠩᠬᠤᠷ ᠲᠤ ᠱᠠᠭᠠᠨᠳᠤ ᠲᠦᠷᠪᠡᠨ ᠦᠨᠳᠤᠷ  ᠢ ᠬᠢᠬᠦ ᠦᠭᠡᠢ ᠮᠢᠬ᠎ᠠ ᠲᠠᠢ ᠨᠢ ᠬᠡᠪ  ᠢᠶᠠᠷ ᠨᠢ ᠲᠠᠯᠠᠯᠭᠠᠨ ᠰᠠᠭᠤᠯᠭᠠᠨ ᠳᠠᠭᠠᠨ ᠬᠢᠳᠡᠭ︶᠃ ᠢᠩᠭᠢᠵᠤ ᠪᠠᠷᠠᠪᠡᠯ ᠲᠡᠭᠡᠬᠦᠷ ᠨᠢ ᠵᠤᠵᠠᠭᠠᠨ ᠨᠢᠮᠭᠡᠨ ᠨᠢ ᠲᠡᠩᠴᠡᠭᠦᠤ ᠴᠤᠭᠤᠷᠬᠠᠢ ᠦᠭᠡᠢ ᠪᠦᠳᠤᠨ ᠲᠦᠭᠦᠬᠡᠢ ᠰᠠᠮᠵᠠᠨ ᠦᠭᠡᠬᠦ ᠪᠠᠷ ᠪᠦᠷᠢᠵᠤ ᠡᠪᠴᠢᠭᠦᠨ ᠫᠢᠯᠨ ᠳᠠᠭᠠᠨ ᠵᠤᠬᠢᠴᠠᠭᠤᠯᠤᠨ ᠠᠯᠢ ᠪᠤᠯᠬᠤ ᠪᠠᠷ ᠦᠷᠭᠡᠨ ᠰᠠᠶᠢᠬᠠᠨ ᠬᠤᠷᠮᠤᠢ ᠭᠠᠷᠭᠠᠵᠤ ᠰᠠᠮᠵᠠᠨ ᠦᠭᠡᠬᠦ ᠪᠠᠨ ᠲᠡᠭᠰᠢ ᠰᠠᠶᠢᠬᠠᠨ ᠵᠦᠰᠦᠵᠤ ᠠᠪᠤᠭᠠᠳ ᠦᠯᠡᠳᠡᠭᠰᠡᠨ ᠰᠠᠮᠵᠠᠨ ᠦᠭᠡᠬᠦ ᠠᠴᠠ ᠬᠤᠶᠠᠷ ᠬᠤᠷᠤᠭᠤ ᠦᠷᠭᠡᠨ᠂ ᠰᠦᠭᠦᠮ ᠤᠷᠳᠤ ᠲᠦᠷᠪᠡᠯᠵᠢᠨ ᠲᠠᠪᠤᠨ ᠬᠡᠰᠡᠭ ᠵᠦᠰᠦᠵᠤ ᠠᠪᠤᠭᠠᠳ ᠲᠠᠪᠤᠨ ᠦᠩᠭᠡ  ᠶᠢᠨ ᠲᠡᠪᠤᠨ ᠬᠡᠰᠡᠭ ᠡᠮᠦᠰᠭᠡᠯ  ᠢᠶᠠᠨ ᠲᠡᠪᠢᠰᠭᠡᠷᠯᠡᠵᠤ ᠲᠠᠯᠪᠢᠬᠤ ᠳᠤ ᠪᠡᠯᠡᠳᠭᠡᠨ᠎ᠡ᠃ ᠪᠤᠰᠳ ᠦᠯᠡᠳᠡᠭᠰᠡᠨ   ᠰᠠᠮᠵᠨ ᠪᠠᠨ ᠬᠤᠷᠤᠭᠤ ᠲᠠᠷᠤᠮ  ᠢᠶᠠᠷ ᠲᠦᠷᠪᠡᠯᠵᠢᠨ ᠵᠦᠰᠦᠵᠤ ᠵᠠᠰᠠᠭᠰᠠᠨ ᠡᠪᠴᠢᠭᠦᠨ  ᠤ ᠪᠠᠨ ᠭᠤᠷᠪᠠᠨ ᠲᠠᠯ᠎ᠠ ᠪᠠᠷ ᠨᠢᠭᠡ ᠬᠡᠰᠡᠭ  ᠢ ᠨᠢ ᠴᠢᠬᠢᠵᠤ ᠡᠪᠴᠢᠭᠦᠤ ᠪᠠᠨ ᠯᠡᠪᠳᠠᠭᠤᠨ ᠪᠤᠯᠭᠠᠵᠤ᠂ ᠨᠢᠭᠡ ᠬᠡᠰᠡᠭ  ᠢ ᠨᠢ ᠲᠤᠰᠬᠠᠢ ᠫᠢᠯᠨ ᠳᠤ ᠬᠢᠵᠤ ᠲᠠᠯᠪᠢᠭᠠᠳ ᠭᠠᠯ  ᠤᠨ ᠲᠠᠬᠢᠯᠭ᠎ᠠ ᠳᠤ ᠤᠷᠤᠯᠴᠠᠭᠰᠠᠨ ᠬᠦᠮᠦᠰ  ᠤᠨ ᠭᠠᠯ  ᠤᠨ ᠲᠠᠯᠠᠯᠭ᠎ᠠ ᠳᠤ ᠪᠡᠯᠡᠳᠭᠡᠳᠡᠭ᠃ ᠵᠠᠰᠠᠭᠰᠠᠨ ᠡᠪᠴᠢᠭᠦᠤ ᠪᠠᠨ ᠭᠠᠯ  ᠤᠨ ᠡᠪᠴᠢᠭᠦᠨ  ᠤ ᠫᠢᠯᠨ ᠲᠡᠭᠡᠷ᠎ᠠ   ᠲᠠᠯᠪᠢᠬᠤ ᠳᠠᠭᠠᠨ ᠲᠡᠷᠢ ᠲᠡᠭᠰᠢ   ᠪᠠᠶᠢᠯᠭᠠᠬᠤ  ᠶᠢ ᠮᠠᠰᠢᠳᠠ ᠠᠩᠬᠠᠷᠴᠤ ᠠᠯᠢ ᠲᠠᠯ᠎ᠠ ᠤᠷᠤᠭᠤ ᠳᠠᠭᠠᠨ ᠬᠠᠵᠠᠶᠢᠭᠰᠠᠨ ᠰᠢᠭ᠋ ᠪᠠᠶᠢᠪᠡᠯ ᠲᠠᠷᠨ ᠲᠠᠯ ᠳᠤᠨᠢ ᠵᠢᠵᠢᠭ ᠦᠭᠡᠬᠦ ᠪᠠᠷ ᠵᠢᠷᠬᠢᠯᠡᠨ ᠲᠡᠭᠰᠢᠯᠡᠵᠤ ᠡᠪᠴᠢᠭᠦᠨ  ᠤ ᠲᠡᠭᠡᠷ᠎ᠠ ᠬᠡᠰᠡᠭ  ᠤᠨ ᠭᠤᠷᠪᠠᠯᠵᠢᠨ ᠲᠡᠭᠡᠷ᠎ᠠ ᠠᠳᠬᠤ ᠬᠢᠷᠢᠳᠡᠢ ᠬᠢᠯᠭᠠᠨ᠎ᠠ ᠡᠪᠡᠰᠤ ᠪᠠ ᠶᠢᠰᠦᠨ ᠵᠤᠷᠪᠤᠰ ᠬᠦᠵᠢ  ᠶᠢ ᠰᠠᠮᠵᠠᠨ ᠦᠭᠡᠬᠦ  ᠶᠢᠨ ᠦᠭᠡᠳᠡᠰᠤ ᠪᠠᠷ ᠪᠢᠴᠢᠬᠠᠨ ᠪᠠᠭᠯᠠᠨ ᠲᠤᠷᠭᠤᠵᠤ ᠬᠢᠯᠭᠠᠨ᠎ᠠ  ᠶᠢᠨ ᠲᠤᠯᠤᠭᠠᠢ  ᠶᠢ ᠪᠦᠳᠡᠷᠬᠡᠢ ᠵᠦᠭ ᠬᠡᠪᠳᠡᠭᠦᠯᠦᠨ ᠲᠠᠯᠪᠢᠭᠠᠳ ᠲᠡᠭᠡᠷ᠎ᠠ ᠨᠢ ᠭᠠᠯ  ᠤᠨ ᠡᠮᠦᠰᠭᠡᠯ ᠠᠴᠠ ᠨᠢᠭᠡ ᠬᠡᠰᠡᠭ ᠲᠠᠯᠪᠢᠨ ᠦᠷᠤᠨ᠎ᠠ ᠰᠢᠷ᠎ᠠ ᠲᠤᠰᠤ ᠪᠠᠷ ᠮᠢᠯᠢᠶᠠᠵᠤ ᠤᠷᠤᠢ  ᠶᠢᠨ ᠭᠠᠯ ᠳᠠᠭᠠᠨ ᠵᠠᠯᠠᠬᠤ ᠪᠠᠷ ᠬᠠᠳᠠᠭ   ᠢᠶᠠᠷ ᠪᠦᠳᠡᠭᠡᠭᠡᠳ ᠦᠨᠳᠦᠷᠭᠡᠨ ᠭᠠᠵᠠᠷ ᠲᠠᠯᠪᠢᠳᠠᠭ᠃ ᠦᠯᠡᠳᠡᠭᠰᠡᠨ ᠲᠦᠷᠪᠡᠨ ᠬᠡᠰᠡᠭ ᠡᠮᠦᠰᠭᠡᠯ  ᠢ ᠭᠠᠯ  ᠤᠨ ᠲᠤᠯᠭ᠎ᠠ  ᠶᠢᠨ ᠲᠦᠷᠪᠡᠨ ᠤᠴᠢᠭ ᠲᠡᠭᠡᠷ᠎ᠠ ᠲᠤᠰᠪᠦᠷᠢ ᠨᠢᠵᠡᠭᠡᠳ  ᠢ ᠡᠮᠦᠰᠭᠡᠵᠤ ᠲᠠᠯᠪᠢᠬᠤ ᠪᠠᠷ ᠪᠡᠯᠡᠳᠭᠡᠨ᠎ᠡ᠃ ᠡᠮᠦᠰᠭᠡᠯ  ᠤᠨ ᠲᠠᠪᠤᠨ ᠦᠩᠭᠡ  ᠶᠢᠨ ᠬᠦᠬᠡ ᠦᠩᠭᠡ ᠨᠢ ᠲᠡᠭᠷᠢ  ᠶᠢ ᠲᠦᠯᠦᠭᠡᠯᠡᠬᠦ ᠪᠤᠯᠬᠤᠷ ᠬᠠᠮᠤᠭ  ᠤᠨ ᠲᠡᠭᠡᠷ᠎ᠠ ᠨᠢ ᠪᠠᠶᠢᠤ᠂ ᠲᠡᠭᠦᠨ  ᠤ ᠲᠤᠤᠷ᠎ᠠ ᠴᠠᠭᠠᠨ ᠦᠩᠭᠡ ᠨᠢ ᠡᠭᠦᠯᠨ ︵  ᠵᠠᠷᠢᠮ ᠨᠢ ᠰᠠᠷᠨ ᠭᠡᠳᠡᠭ︶  ᠶᠢ ᠲᠦᠯᠦᠭᠡᠯᠡᠵᠤ᠂ ᠰᠢᠷ᠎ᠠ ᠨᠢ ᠱᠠᠰᠢᠨ ︵  ᠵᠠᠷᠢᠮ ᠨᠢ ᠨᠡᠷᠨ ᠭᠡᠳᠡᠭ︶  ᠢ ᠲᠦᠯᠦᠭᠡᠯᠡᠵᠤ᠂ ᠤᠯᠠᠭᠠᠨ ᠨᠢ ᠭᠠᠯ  ᠢ ᠲᠦᠯᠦᠭᠡᠯᠡᠵᠤ᠂ ᠨᠤᠭᠤᠭᠠᠨ ᠦᠩᠭᠡ ᠨᠢ ᠲᠡᠯᠡᠬᠡᠢ  ᠶᠢ ᠪᠡᠯᠡᠭᠳᠡᠬᠦ ᠲᠤᠯᠨ ᠬᠠᠮᠤᠭ  ᠤᠨ ᠲᠤᠤᠷ᠎ᠠ ᠨᠢ ᠪᠠᠶᠢᠵᠤ᠂ ᠲᠠᠪᠤᠨ ᠦᠩᠭᠡ  ᠶᠢᠨ ᠲᠠᠰ ᠲᠠᠷᠠᠭᠠᠯᠠᠯ  ᠢᠶᠠᠷ ᠨᠢ ᠲᠠᠪᠬᠤᠷᠯᠠᠨ ᠪᠡᠯᠡᠳᠭᠡᠭᠰᠡᠨ ᠰᠠᠮᠵᠠᠨ ᠦᠭᠡᠭᠦᠨ ᠲᠡᠭᠡᠷ᠎ᠠ ᠪᠠᠨ   ᠲᠠᠯᠪᠢᠬᠤ ᠳᠠᠭᠠᠨ ᠦᠭᠡᠬᠦᠨ  ᠤ ᠲᠡᠭᠡᠳᠤ ᠬᠡᠰᠡᠭ  ᠢᠶᠠᠷ ᠨᠢ ᠲᠠᠷᠤᠵᠤ ᠴᠢᠮᠬᠢᠭᠡᠳ ᠲᠤᠰᠤᠭᠠᠯ ᠳᠠᠭᠠᠨ ᠲᠦᠷᠢᠵᠤ ᠴᠠᠷᠴᠠᠭᠠᠵᠤ ᠲᠠᠯᠪᠢᠨ᠎ᠠ᠃ ᠡᠮᠦᠰᠭᠡᠯ ᠨᠢ ᠲᠡᠭᠷᠢ᠂ ᠭᠠᠵᠠᠷ᠂ ᠡᠭᠦᠯᠨ ︵  ᠰᠠᠷᠨ︶᠂ ᠱᠠᠰᠢᠨ   ︵ᠨᠠᠷᠨ︶᠂ ᠭᠠᠯ ᠳᠤ ᠡᠷᠭᠦᠭᠦ ᠲᠡᠭᠡᠵᠢ ᠪᠤᠯᠬᠤ ᠪᠠᠷ ᠪᠠᠷᠠᠬᠤ ᠦᠭᠡᠢ ᠪᠠᠰᠨ ᠭᠠᠯ  ᠤᠨ ᠲᠠᠪᠤᠨ ᠲᠡᠭᠷᠢ  ᠶᠢᠨ ᠡᠮᠦᠰᠭᠡᠯ ᠬᠡᠮᠡᠨ ᠶᠡᠬᠡᠳᠡ ᠬᠦᠨᠳᠤᠯᠡᠭᠳᠡᠵᠤ ᠪᠠᠶᠢᠳᠠᠭ ᠰᠠᠨ᠃       ᠭᠠᠯ ᠤᠨ ᠡᠮᠦᠰᠭᠡᠯ ᠢᠶᠠᠨ ᠪᠡᠯᠡᠳᠭᠡᠵᠤ ᠪᠠᠷᠠᠪᠡᠯ ᠲᠠᠷᠤᠢ ᠭᠠᠯ ᠤᠨ ᠵᠤᠯᠨ ᠬᠢᠳᠡᠭ᠃ ᠭᠠᠯ ᠤᠨ ᠵᠤᠯᠨ ᠪᠠᠨ ᠬᠢᠵᠤ ᠪᠠᠷᠠᠭᠠᠳ ᠪᠠᠰᠠ ᠴᠠᠷᠴᠠᠭᠠᠵᠤ ᠲᠠᠯᠪᠢᠨ᠎ᠠ᠃ ᠭᠠᠯ ᠲᠠᠬᠢᠯᠭ᠎ᠠ ᠶᠢᠨ ᠦᠶ᠎ᠡ ᠳᠤ ᠭᠠᠷᠭᠠᠵᠤ ᠠᠪᠴᠢᠷᠠᠭᠠᠳ ᠲᠤᠤᠷ᠎ᠠ ᠨᠢ ᠰᠦᠭᠦᠮ ᠬᠢᠷᠢᠳᠡᠢ ᠲᠦᠷᠪᠡᠯᠵᠢᠨ ᠴᠠᠭᠠᠰᠤ ᠲᠠᠪᠢᠰᠤᠭᠡᠳ ᠲᠤᠯᠭ᠎ᠠ ᠶᠢᠨ ᠲᠦᠷᠪᠡᠨ ᠲᠤᠯᠭᠠᠭᠠᠤᠷᠢ ᠶᠢ ᠴᠢᠩᠯᠡᠭᠦᠯᠦᠨ᠂ ᠬᠠᠰᠢᠭᠤᠷ ᠮᠤᠳᠤ ᠶᠢᠨ ᠲᠤᠳᠤᠭᠠᠳᠤ ᠦᠨᠴᠦᠭ ᠲᠤ ᠲᠠᠯᠪᠢᠵᠤ ᠲᠡᠭᠷᠢ ᠪᠤᠯᠤᠨ ᠭᠠᠯ ᠳᠠᠭᠠᠨ ᠲᠡᠭᠡᠵᠢ ᠡᠷᠭᠦᠬᠦ ᠪᠠᠷ ᠪᠡᠯᠡᠬᠡᠨ ᠪᠤᠯᠭᠠᠵᠤ ᠲᠠᠯᠪᠢᠳᠠᠭ᠃ ᠴᠠᠬᠠᠷᠴᠤᠳ ᠤᠨ ᠭᠠᠯ ᠤᠨ ᠲᠠᠬᠢᠯᠭ᠎ᠠ ᠳᠤ ᠪᠡᠯᠡᠳᠭᠡᠭᠰᠡᠨ ᠶᠠᠭᠤᠮ᠎ᠠ ᠪᠤᠯᠭᠠᠨ ᠨᠢ ᠪᠦᠷ ᠲᠤᠭᠳᠠᠭᠰᠠᠨ ᠤᠴᠢᠷ ᠤᠳᠬ᠎ᠠ ᠪᠦᠬᠦᠢ ᠪᠡᠯᠭᠡᠳᠡᠯ ᠤᠨ ᠴᠢᠭᠯᠡᠯ ᠵᠤᠷᠢᠯᠳᠡ ᠲᠠᠢ ᠪᠠᠶᠢᠳᠠᠭ  ᠃ ᠵᠠᠰᠠᠭᠳᠠᠭᠰᠠᠨ ᠡᠪᠴᠢᠭᠦᠤ ᠪᠠᠷ ᠵᠢᠱᠢᠶᠡᠯᠡᠬᠦ ᠳᠤ᠂ ᠡᠪᠴᠢᠭᠦᠤ ᠨᠢ ᠪᠦᠬᠦᠯᠢ ᠰᠢᠭᠦᠰᠤ ᠪᠠᠨ ᠲᠦᠯᠦᠭᠡᠯᠡᠳᠡᠭ ᠪᠠᠶᠢᠨ᠎ᠠ᠃ ᠪᠦᠬᠦᠯᠢ ᠰᠢᠭᠦᠰᠤ ᠪᠠᠨ ᠲᠦᠯᠦᠭᠡᠯᠡᠵᠤ ᠪᠠᠶᠢᠭ᠎ᠠ ᠶᠤᠰᠤ ᠪᠤᠯ ᠴᠠᠬᠠᠷ ᠮᠤᠩᠭᠤᠯᠴᠤᠳ ᠤᠨ ᠡᠷᠳᠡᠨ ᠤ   ᠤᠶᠢᠯᠠᠭᠠᠯᠳᠠ ᠲᠠᠢ ᠬᠤᠯᠪᠤᠭᠳᠠᠨ᠎ᠠ᠃ ᠡᠷᠳᠡᠨ  ᠳᠤ ᠠᠯᠢᠪᠠ ᠠᠮᠢᠳᠠᠨ ᠤ ᠠᠮᠢ ᠰᠦᠨᠡᠰᠤ ᠨᠢ ᠪᠦᠷ ᠵᠢᠷᠦᠬᠡᠨ ᠳᠡᠭᠡᠨ ᠪᠠᠶᠢᠳᠠᠭ ᠭᠡᠵᠤ ᠦᠵᠡᠳᠡᠭ᠃ ᠡᠪᠴᠢᠭᠦᠤ ᠶᠢ ᠬᠤᠨᠢ ᠬᠡᠪᠳᠡᠭᠡ ᠪᠠᠷ ᠢᠶᠠᠨ ᠪᠠᠶᠢᠬᠤ ᠰᠢᠭ᠋ ᠬᠡᠷᠰᠡᠩ ᠲᠠᠯ᠎ᠠ ᠶᠢ ᠨᠢ ᠲᠤᠷᠤᠭᠰᠢ ᠬᠠᠨᠳᠤᠭᠤᠯᠤᠨ᠂ ᠪᠦᠳᠡᠷᠬᠡᠢ ᠶᠢᠨ ᠲᠤᠯᠤᠭᠠᠢ᠂ ᠬᠤᠷᠤᠭᠤ᠂ ᠰᠦᠪᠡᠷᠭᠡ ᠶᠢ ᠨᠢ ᠲᠡᠭᠡᠭᠰᠢ ᠬᠠᠨᠳᠤᠭᠤᠯᠤᠨ ᠶᠠᠭ ᠠᠭᠤᠰᠬᠢ ᠵᠢᠷᠦᠬᠡ ᠠᠬᠤᠭᠤᠯᠤᠭᠰᠠᠨ ᠰᠢᠨᠵᠢ ᠲᠠᠢ ᠪᠠᠶᠢᠳᠠᠭ ᠪᠤᠯᠬᠤᠷ ᠡᠪᠴᠢᠭᠦᠤ ᠶᠢ ᠮᠦᠨ ᠠᠮᠢ ᠰᠦᠨᠡᠰᠤ ᠴᠢᠬᠤᠯᠨ ᠬᠡᠰᠢᠭ   ᠢᠶᠠᠷ ᠲᠡᠭᠡᠳᠤᠯᠡᠨ ᠦᠵᠡᠵᠤ ᠪᠦᠬᠦᠢ ᠬᠤᠨᠢ ᠶᠢ ᠤᠷᠤᠯᠠᠭᠤᠯᠵᠢ᠃ ᠲᠡᠷᠨ ᠮᠦᠷᠳᠡᠭᠡᠨ ᠬᠡᠷᠰᠡᠩ ᠢ ᠠᠷᠠᠰᠤ ᠲᠠᠢ ᠨᠢ ᠦᠯᠡᠳᠡᠭᠡᠵᠤ᠂ ᠬᠤᠨᠢᠨ ᠨᠤᠤᠰᠤ ᠪᠠᠷ ᠤᠳᠠᠰᠤ ᠪᠠᠨ ᠬᠡᠯᠡᠬᠡᠢ ᠡᠭᠡᠷᠡᠨ ᠵᠠᠰᠠᠳᠠᠭ ᠨᠢ ᠠᠷᠠᠰᠤ ᠲᠠᠢ᠂ ᠨᠤᠤᠰᠤ ᠲᠠᠢ ᠪᠦᠬᠦᠯᠢ ᠬᠤᠨᠢ ᠶᠢ ᠲᠦᠯᠦᠭᠡᠯᠡᠭᠦᠯᠵᠤ ᠪᠠᠶᠢᠬᠤ ᠶᠢᠨ ᠰᠢᠨᠵᠢ ᠶᠢ ᠪᠦᠷᠢᠨ ᠬᠠᠷᠠᠭᠤᠯᠤᠨ᠎ᠠ᠃ ᠡᠪᠴᠢᠭᠦᠨ ᠤ ᠬᠤᠷᠤᠢ ᠶᠢ ᠲᠠᠯ᠎ᠠ ᠪᠦᠬᠦᠬᠦ ᠠᠳᠤᠭᠤᠨ ᠤ ᠬᠡᠰᠢᠭ  ᠂ ᠲᠦᠷᠪᠡᠨ ᠦᠨᠳᠤᠷ ᠢᠶᠠᠨ ᠰᠢᠷᠡᠭᠡ ᠪᠦᠬᠦ ᠲᠠᠢ ᠲᠡᠮᠡᠭᠡᠨ ᠤ ᠬᠡᠰᠢᠭ  ᠂ ᠡᠪᠴᠢᠭᠦᠨ ᠤ ᠬᠠᠳᠠᠷ ᠢ ᠢᠮᠠᠭᠠᠨ ᠤ ᠬᠡᠰᠢᠭ  ᠂ ᠬᠤᠰᠭᠢᠨᠠᠭ ᠢ ᠬᠤᠨᠢᠨ ᠤ ᠬᠡᠰᠢᠭ  ᠂ ᠬᠢᠯᠭᠠᠨ᠎ᠠ ᠶᠢ ᠠᠭᠤᠳᠠᠮ ᠲᠠᠯ᠎ᠠ ᠶᠢᠨ ᠡᠪᠡᠰᠤᠨ ᠤ ᠰᠢᠨ᠎ᠠ ᠶᠢᠨ ᠲᠡᠭᠡᠵᠢ᠂ ᠴᠠᠭᠠᠨ ᠬᠤᠷᠠᠭᠠᠨ ᠤ ᠠᠷᠠᠰᠤ ᠶᠢ ᠲᠡᠯᠡᠬᠡᠢ ᠶᠢ ᠪᠦᠷᠬᠦᠬᠦ ᠮᠡᠯ ᠤᠨ ᠬᠡᠰᠢᠭ   ᠬᠡᠮᠡᠨ ᠬᠠᠰᠢᠭᠤᠷ ᠮᠤᠳᠤᠨ ᠤ ᠡᠮᠦᠨ᠎ᠡ ᠡᠭᠦᠳᠡᠨ ᠲᠠᠯ᠎ᠠ ᠳᠤ ᠬᠦᠵᠦᠭᠦᠤ ᠶᠢ ᠨᠢ ᠬᠤᠶᠢᠰᠢ ᠬᠠᠨᠳᠤᠭᠤᠯᠨ   ᠲᠡᠪᠢᠰᠦᠭᠰᠡᠨ ᠬᠤᠨᠢᠨ ᠤ ᠠᠷᠠᠰᠤ ᠶᠢ ᠬᠡᠰᠢᠭ ᠪᠤᠶᠠᠨ ᠢᠶᠠᠨ ᠬᠦᠷᠢᠶᠡᠯᠡᠨ᠎ᠡ ᠭᠡᠵᠤ ᠬᠡᠯᠡᠳᠡᠭ᠃ ᠵᠠᠷᠢᠮ ᠭᠠᠵᠠᠷ ᠡᠪᠴᠢᠭᠦᠤ ᠪᠠᠨ ᠤᠯᠠᠭᠠᠨ ᠤᠳᠠᠰᠤ ᠪᠠᠷ ᠬᠦᠷᠢᠶᠡᠯᠡᠵᠤ ᠤᠷᠢᠶᠠᠬᠤ ᠳᠤ ᠴᠠᠬᠠᠷᠴᠤᠳ ᠴᠠᠭᠠᠨ ᠤᠳᠠᠰᠤ ᠪᠠᠷ ᠤᠷᠢᠶᠠᠳᠠᠭ ᠮᠦᠷᠳᠡᠭᠡᠨ ᠶᠠᠭᠤ ᠪᠤᠯᠭᠠᠨ ᠨᠢ ᠴᠠᠭᠠᠨ ᠦᠩᠭᠡ ᠲᠠᠢ ᠪᠠᠶᠢᠳᠠᠭ ᠨᠢ ᠴᠠᠭᠠᠨ ᠦᠩᠭᠡ ᠶᠢ ᠤᠨᠴᠨ ᠪᠡᠯᠭᠡᠰᠢᠶᠡᠨ ᠦᠯᠵᠡᠢ ᠬᠤᠳᠤᠭ᠂ ᠪᠤᠶᠠᠨ ᠬᠡᠰᠢᠭ ᠴᠠᠭᠠᠨ ᠮᠦᠷ ᠢᠶᠠᠷ ᠤᠳᠤᠷᠢᠳᠬᠠᠵᠤ ᠪᠠᠶᠢᠨ᠎ᠠ ᠭᠡᠵᠤ ᠦᠵᠡᠳᠡᠭ ᠠᠵᠢ᠃
 
ᠢᠷᠡᠯᠲᠡ᠄ ︽ᠦᠪᠦᠷ ᠮᠤᠩᠭᠤᠯ  ᠤᠨ ᠰᠢᠨᠵᠢᠯᠡᠬᠦ ᠤᠬᠠᠭᠠᠨ ᠮᠡᠷᠭᠡᠵᠢᠯ︾ ᠰᠡᠳᠭᠦᠯ
ᠨᠠᠶᠢᠷᠠᠭᠤᠯᠤᠭᠴᠢ᠄ ᠭᠤᠸᠠᠨ ᠴᠠᠩ ᠰᠢ
ᠣᠷᠴᠢᠭᠤᠯᠤᠭᠴᠢ᠄
   
ᠬᠤᠯᠪᠣᠭᠳᠠᠯ ᠪᠦᠬᠦᠢ ᠠᠭᠤᠯᠭ᠎ᠠ ᠶᠢᠨ ᠭᠠᠷᠴᠠᠭ
 
2014-2016 © ᠬᠠᠷᠢᠯᠴᠠᠬᠤ ᠤᠲᠠᠰᠤ᠄ 0471-6280741 ᠢᠮᠧᠯ᠄ nmgbute@163.com
ᠵᠤᠬᠢᠶᠠᠭᠴᠢ ᠶᠢᠨ ᠡᠷᠬᠡ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠬᠤᠷᠢᠭᠯᠠᠨ᠎ᠠ᠃
︽ᠬᠡᠷᠡᠭᠯᠡᠭᠡᠨ ᠤ ᠮᠡᠷᠭᠡᠵᠢᠯ ᠤᠨ ᠮᠤᠩᠭᠤᠯ ᠰᠦᠯᠵᠢᠶᠡᠨ ᠤ ᠬᠥᠯᠭᠡ︾ ᠦᠮᠴᠢᠯᠡᠯ ᠲᠠᠢ︕