ᠬᠡᠯᠡ ᠪᠢᠴᠢᠭ ᠤᠨ ᠬᠢᠴᠢᠶᠠᠯ ᠤᠨ ᠪᠠᠷᠢᠮᠵᠢᠶ᠎ᠠ ᠵᠢᠴᠢ ᠰᠤᠷᠬᠤ ᠪᠢᠴᠢᠭ ᠳᠠᠬᠢ ᠬᠡᠯᠡ ᠵᠦᠢ ᠶᠢᠨ ᠦᠨᠳᠦᠰᠦᠨ ᠮᠡᠳᠡᠯᠭᠡ ᠶᠢᠨ ᠲᠤᠬᠠᠢ ᠲᠣᠳᠤᠷᠬᠠᠢᠢᠯᠠᠯᠲᠠ ︵ᠬᠤᠶᠠᠷ︶
ᠵᠣᠬᠢᠶᠠᠭᠴᠢ᠄ 
       ᠬᠡᠯᠡ ᠪᠢᠴᠢᠭ ᠤᠨ ᠬᠢᠴᠢᠶᠠᠯ ᠤᠨ ᠪᠠᠷᠢᠮᠵᠢᠶ᠎ᠠ ᠵᠢᠴᠢ ᠰᠤᠷᠬᠤ ᠪᠢᠴᠢᠭ ᠳᠠᠬᠢ       ᠬᠡᠯᠡ ᠵᠦᠢ  ᠶᠢᠨ ᠦᠨᠳᠦᠰᠦᠨ ᠮᠡᠳᠡᠯᠭᠡ ᠶᠢᠨ ᠲᠤᠬᠠᠢ ᠲᠣᠳᠤᠷᠬᠠᠢᠢᠯᠠᠯᠲᠠ                                                                                 ᠪᠠᠶᠠᠨᠪᠠᠭᠠᠲᠤᠷ        ᠳᠦᠷᠪᠡ᠂ ᠵᠥᠪ ᠪᠢᠴᠢᠯᠭᠡ ᠳᠤ ᠴᠠᠭᠠᠨ ᠲᠤᠯᠤᠭᠠᠢ ᠶᠢᠨ ᠪᠥᠷᠢᠯᠳᠦᠭᠦᠨ ᠤ ︽ᠡᠮᠬᠢ ᠵᠠᠮᠪᠠᠷᠠᠭ᠎ᠠ ᠶᠢ ᠠᠯᠳᠠᠭᠤᠯᠪᠠ︾ ᠭᠡᠳᠡᠭ ᠤᠨ ᠲᠤᠬᠠᠢ      ᠲᠡᠯᠡᠬᠡᠢ ᠶᠢᠨ ᠤᠯᠠᠨ ᠦᠨᠳᠦᠰᠦᠲᠡᠨ ᠤ ᠶᠠᠩᠵᠤ ᠪᠥᠷᠢ ᠶᠢᠨ ᠦᠰᠦᠭ ᠪᠢᠴᠢᠭ ᠤᠳ ᠥᠪᠡᠷ ᠥᠪᠡᠷ ᠤᠨ ᠵᠥᠪ ᠪᠢᠴᠢᠯᠭᠡ ᠶᠢᠨ ᠵᠠᠷᠴᠢᠮ᠂ ᠲᠥᠷᠢᠮ ᠢᠶᠠᠷ ᠪᠢᠴᠢᠭᠳᠡᠵᠦ ᠬᠤᠪᠢ ᠬᠤᠪᠢᠨ ᠤ ᠤᠨᠴᠠᠯᠢᠭ ᠲᠠᠢ ᠪᠠᠶᠢᠳᠠᠭ᠃ ᠵᠠᠯᠭᠠᠮᠠᠯ ᠰᠢᠨᠵᠢᠲᠡᠢ ᠮᠤᠩᠭᠤᠯ ᠬᠡᠯᠡ ᠶᠢ ᠲᠡᠮᠳᠡᠭᠯᠡᠬᠦ‍ ᠨᠢᠭᠡ ᠵᠦᠢᠯ ᠤᠨ ᠲᠡᠮᠳᠡᠭ ᠤᠨ ᠰᠢᠰᠲ᠋ᠧᠮ ᠪᠤᠯᠤᠭᠰᠠᠨ ᠤᠢᠢᠭᠤᠷᠵᠢᠨ ᠮᠤᠩᠭᠤᠯ ᠪᠢᠴᠢᠭ ᠮᠥᠨ ᠥᠪᠡᠷᠮᠢᠴᠡ ᠤᠨᠴᠠᠯᠢᠭ ᠲᠠᠢ ᠪᠠᠶᠢᠳᠠᠭ᠃ ᠡᠨᠡ ᠤᠨᠴᠠᠯᠢᠭ ᠨᠢ ᠡᠩ ᠲᠡᠷᠢᠭᠦᠨ ᠳᠤ ᠲᠡᠭᠦᠨ ᠤ ᠦᠰᠦᠭ ᠤᠨ ᠲᠤᠭᠲᠠᠯᠴᠠᠭ᠎ᠠ᠂ ᠦᠭᠡᠷ᠎ᠡ ᠪᠠᠷ ᠬᠡᠯᠡᠪᠡᠯ ᠴᠠᠭᠠᠨ ᠲᠤᠯᠤᠭᠠᠢ ᠶᠢᠨ ᠪᠥᠷᠢᠯᠳᠦᠭᠦᠨ ᠳᠡᠭᠡᠷ᠎ᠡ ᠢᠯᠡᠷᠡᠵᠦ  ᠪᠠᠶᠢᠳᠠᠭ᠃ ᠡᠭᠦᠨ ᠢ ᠬᠥᠡᠭᠭᠠᠵᠠᠯᠰᠠᠨ  ᠴᠤᠶᠢᠵᠢᠤᠳᠰᠠᠷ ᠲᠠᠨᠵᠢᠨᠳᠠᠭᠪᠠ ᠲᠡᠷᠢᠭᠦᠲᠡᠢ ᠡᠷᠲᠡ ᠦᠶ᠎ᠡ ᠶᠢᠨ ᠡᠷᠳᠡᠮᠲᠡᠨ ᠮᠡᠷᠭᠡᠳ ᠮᠠᠰᠢ ᠲᠤᠳᠤᠷᠬᠠᠢ ᠤᠨᠤᠯᠵᠢᠭᠤᠯᠤᠨ ᠲᠤᠳᠤᠷᠬᠠᠢᠢᠯᠠᠭᠰᠠᠨ ᠢ ᠤᠳᠤ ᠬᠦᠷᠲᠡᠯ᠎ᠡ ᠤᠯᠠᠮᠵᠢᠯᠠᠨ ᠬᠡᠷᠡᠭᠯᠡᠭᠰᠡᠭᠡᠷ ᠢᠷᠡᠵᠠᠢ᠃ ᠤᠯᠠᠮᠵᠢᠯᠠᠯᠲᠤ ᠮᠤᠩᠭᠤᠯ ᠪᠢᠴᠢᠭ ᠤᠨ ᠤᠨᠤᠯ ᠳᠤ ᠮᠤᠩᠭᠤᠯ ᠴᠠᠭᠠᠨ ᠲᠤᠯᠤᠭᠠᠢ ᠶᠢ ᠡᠭᠡᠰᠢᠭ ᠦᠰᠦᠭ ︵ᠠ᠂ ᠡ᠂ ᠢ᠂ ᠤ᠂ ᠤ᠂ ᠦ᠂ ᠦ︶᠂ ᠭᠡᠶᠢᠭᠦᠯᠦᠭᠴᠢ ᠦᠰᠦᠭ ︵ᠨᠠ᠂ ᠪᠠ ᠁ ᠷᠠ ᠲᠡᠷᠢᠭᠦᠲᠡᠨ ᠦᠰᠦᠭ ᠤᠳ︶ ᠪᠠ ᠭᠠᠯᠢᠭ ᠦᠰᠦᠭ ︵ᠸᠠ᠂ ᠹᠠ ᠲᠡᠷᠢᠭᠦᠲᠡᠨ ᠬᠠᠷᠢ ᠭᠠᠷᠤᠯᠲᠠᠢ ᠦᠭᠡ ᠶᠢ ᠲᠡᠮᠳᠡᠭᠯᠡᠬᠦ ᠦᠰᠦᠭ ᠤᠳ︶᠂ ᠳᠡᠪᠢᠰᠭᠡᠷ ᠦᠰᠦᠭ ︵ᠲᠤᠲᠤᠷ᠎ᠠ ᠨᠢ ᠪᠠᠰᠠ ᠬᠠᠲᠠᠭᠤ ᠳᠡᠪᠢᠰᠭᠡᠷ᠂ ᠵᠥᠭᠡᠯᠡᠨ ᠳᠡᠪᠢᠰᠭᠡᠷ︶ ᠬᠡᠮᠡᠨ ᠭᠤᠷᠪᠠᠨ ᠲᠥᠷᠦᠯ ᠢᠶᠠᠷ ᠠᠩᠭᠢᠯᠠᠵᠤ ᠡᠭᠦᠨ ᠢᠶᠠᠨ ᠮᠤᠩᠭᠤᠯ ᠪᠢᠴᠢᠭ ᠤᠨ ᠴᠠᠭᠠᠨ ᠲᠤᠯᠤᠭᠠᠢ ᠶᠢᠨ ᠭᠤᠷᠪᠠᠨ ᠪᠥᠷᠢᠯᠳᠦᠭᠦᠨ ᠭᠡᠬᠦ ᠪᠤᠶᠤ ᠮᠤᠩᠭᠤᠯ ᠪᠢᠴᠢᠭ ᠤᠨ ᠦᠰᠦᠭ ᠤᠨ ᠲᠤᠭᠲᠠᠯᠴᠠᠭ᠎ᠠ ᠭᠡᠳᠡᠭ ᠠᠵᠢ᠃ ᠡᠭᠦᠨ ᠳᠤ ᠮᠠᠰᠢ ᠲᠤᠳᠤᠷᠬᠠᠢ ᠡᠮᠬᠢ ᠴᠡᠭᠴᠡᠲᠠᠢ ᠪᠠᠶᠢᠵᠤ ᠠᠲᠠᠯ᠎ᠠ ᠬᠡᠷᠬᠢᠨ ᠡᠮᠬᠢ ᠵᠠᠮᠪᠠᠷᠠᠭ᠎ᠠ  ᠪᠠᠨ ᠠᠯᠳᠠᠬᠤ ᠪᠢᠯᠡ︖ ᠬᠠᠷᠢᠨ ᠮᠠᠨ ᠤ ᠬᠢᠨ ᠤ ᠵᠠᠷᠢᠮ ᠬᠥᠮᠦᠰ ᠶᠡᠷᠦᠩᠬᠡᠢ ᠬᠡᠯᠡ ᠰᠢᠨᠵᠢᠯᠡᠯ ᠪᠠ ᠲᠤᠰᠬᠠᠢ ᠬᠡᠯᠡ ᠰᠢᠨᠵᠢᠯᠡᠯ ᠢ ᠬᠤᠳᠬᠤᠵᠤ ᠤᠷᠴᠢᠨ ᠴᠠᠭ ᠤᠨ ᠬᠡᠯᠡ ᠰᠢᠨᠵᠢᠯᠡᠯ ᠤᠨ ︽ᠭᠡᠶᠢᠭᠦᠯᠦᠭᠴᠢ ᠠᠪᠢᠶ᠎ᠠ︾ ᠭᠡᠬᠦ ᠤᠬᠠᠭᠳᠠᠬᠤᠨ ᠢ ᠤᠯᠠᠮᠵᠢᠯᠠᠯᠲᠤ ᠮᠤᠩᠭᠤᠯ ᠪᠢᠴᠢᠭ ᠤᠨ ᠤᠨᠤᠯ ᠳᠤ ᠶᠠᠷᠢᠳᠠᠭ ︽ᠭᠡᠶᠢᠭᠦᠯᠦᠭᠴᠢ ᠦᠰᠦᠭ︾ ᠭᠡᠰᠡᠨ ᠤᠬᠠᠭᠳᠠᠬᠤᠨ ᠲᠠᠢ ᠬᠤᠳᠬᠤᠵᠤ ᠡᠭᠡᠳᠡᠷᠡᠨ ᠪᠤᠳᠤᠯᠢᠵᠤ ᠪᠠᠶᠢᠭ᠎ᠠ ᠪᠠᠨ ᠰᠡᠷᠡᠵᠦ ᠮᠡᠳᠡᠭᠡ ᠦᠭᠡᠢ ᠪᠠᠶᠢᠨ᠎ᠠ ᠰᠢᠦ ᠳ᠋ᠠ᠃ ᠠᠳᠡ ᠲᠤᠳᠤᠷᠬᠠᠢᠢᠯᠠᠬᠤ ᠵᠦᠢᠯ ᠭᠡᠪᠡᠯ᠂ ᠨᠢᠭᠡ ᠳᠤ᠂ ᠤᠷᠴᠢᠨ ᠴᠠᠭ ᠤᠨ ᠬᠡᠯᠡ ᠰᠢᠨᠵᠢᠯᠡᠯ ᠤᠨ ᠠᠪᠢᠶ᠎ᠠ ᠦᠰᠦᠭ ᠵᠦᠢ ᠶᠢᠨ ᠤᠨᠤᠯ ᠢ ᠬᠦᠯᠢᠶᠡᠨ ᠠᠪᠬᠤ ᠲᠠᠶᠢᠯᠪᠤᠷᠢᠯᠠᠬᠤ ᠳᠤ ᠪᠠᠨ ᠪᠢᠳᠡ ᠤᠯᠠᠮᠵᠢᠯᠠᠯᠲᠤ ᠮᠤᠩᠭᠤᠯ ᠪᠢᠴᠢᠭ ᠤᠨ ᠰᠤᠳᠤᠯᠭᠠᠨ ᠳᠤ ᠬᠡᠷᠡᠭᠯᠡᠵᠦ ᠪᠠᠶᠢᠭᠰᠠᠨ ︽ ᠡᠭᠡᠰᠢᠭ᠂ ᠭᠡᠶᠢᠭᠦᠯᠦᠭᠴᠢ︾ ᠭᠡᠰᠡᠨ ᠨᠡᠷ᠎ᠡ ᠲᠤᠮᠢᠶ᠎ᠠ ᠶᠢ ᠰᠢᠯᠵᠢᠭᠦᠯᠵᠦ ᠬᠡᠷᠡᠭᠯᠡᠭᠰᠡᠨ ᠨᠢ ᠦᠨᠡᠨ᠃  ᠡᠭᠦᠨ ᠳᠤ ᠬᠡᠳᠦ᠋ᠢᠪᠡᠷ ᠵᠢᠭᠠᠵᠤ ᠪᠠᠶᠢᠭ᠎ᠠ ᠶᠠᠭᠤᠮ᠎ᠠ ᠨᠢ ᠤᠢᠢᠷᠠᠯᠴᠠᠭ᠎ᠠ ᠪᠤᠯᠪᠠᠴᠤ ᠪᠥᠷᠢᠨ ᠲᠡᠩᠴᠡᠭᠦᠦ ᠪᠢᠰᠢ᠂ ᠤᠷᠴᠢᠨ ᠴᠠᠭ ᠤᠨ ᠬᠡᠯᠡ ᠰᠢᠨᠵᠢᠯᠡᠯ ᠳᠤ ᠲᠠᠩ ᠠᠪᠢᠶ᠎ᠠ ᠪᠤᠶᠤ ᠦᠰᠦᠭ ᠢ ᠵᠢᠭᠠᠵᠤ ᠪᠠᠶᠢᠬᠤ ᠳᠤ ᠤᠯᠠᠮᠵᠢᠯᠠᠯᠲᠤ ᠮᠤᠩᠭᠤᠯ ᠪᠢᠴᠢᠭ ᠤᠨ ᠤᠨᠤᠯ ᠳᠤ ︽ᠭᠡᠶᠢᠭᠦᠯᠦᠭᠴᠢ ᠦᠰᠦᠭ︾ ᠭᠡᠳᠡᠭ ᠨᠢ ᠪᠥᠬᠦᠯᠢ ᠦᠶ᠎ᠡ ᠶᠢ ᠵᠢᠭᠠᠭᠰᠠᠨ ᠪᠠᠶᠢᠳᠠᠭ︔ ᠤᠷᠴᠢᠨ ᠴᠠᠭ ᠤᠨ ᠬᠡᠯᠡ ᠰᠢᠨᠵᠢᠯᠡᠯ ᠤᠨ ᠤᠨᠤᠯ ᠢᠶᠠᠷ ᠪᠤᠯ ᠮᠠᠨ ᠤ ᠬᠠᠲᠠᠭᠤ ᠵᠥᠭᠡᠯᠡᠨ ᠲᠡᠪᠢᠰᠭᠡᠷ ᠦᠰᠦᠭ ᠭᠡᠳᠡᠭ ᠨᠢ ᠪᠥᠷ ᠭᠡᠶᠢᠭᠦᠯᠦᠭᠴᠢ ᠳᠤ ᠬᠠᠷᠢᠶᠠᠯᠠᠬᠳᠠᠨ᠎ᠠ᠂ ᠬᠠᠷᠢᠨ  ᠠᠰᠳᠠᠭᠠᠨ  ᠨᠢᠭᠡ  ᠲᠥᠷᠦᠯ  ᠪᠤᠯᠵᠤ  ᠴᠢᠳᠠᠬᠤ  ᠦᠭᠡᠢ᠃ ᠬᠤᠶᠠᠷ ᠲᠤ᠂ ᠤᠯᠠᠮᠵᠢᠯᠠᠯᠲᠤ ᠮᠤᠩᠭᠤᠯ ᠪᠢᠴᠢᠭ ᠤᠨ ᠤᠨᠤᠯ ᠳᠤ  ︽ ᠢ᠂ ᠤ︾ ᠶᠢ ᠶᠡᠷᠦ ᠨᠢ ᠳᠡᠪᠢᠰᠭᠡᠷ ᠦᠰᠦᠭ ᠭᠡᠵᠦ ᠦᠵᠡᠭᠰᠡᠭᠡᠷ ᠢᠷᠡᠵᠡᠢ᠃ ᠤᠴᠢᠷ ᠨᠢ ᠠᠯᠢ ᠡᠷᠲᠡ ᠳᠤ ᠪᠠᠨ ︽ ᠢ︾ ᠪᠤᠯ ︽ᠶ᠊︾ ᠭᠡᠶᠢᠭᠦᠯᠦᠭᠴᠢ ᠶᠢᠨ ᠠᠳᠠᠭ ᠲᠤ ᠤᠷᠤᠬᠤ ᠬᠡᠯᠪᠡᠷᠢ᠂ ︽ ᠤ︾ ᠪᠤᠯ ︽ᠸ᠊︾ ᠭᠡᠶᠢᠭᠦᠯᠦᠭᠴᠢ ᠶᠢᠨ ᠠᠳᠠᠭ ᠲᠤ ᠤᠷᠤᠬᠤ ᠬᠡᠯᠪᠡᠷᠢ ᠪᠠᠶᠢᠵᠠᠢ᠃ ᠡᠭᠦᠨ ᠤ ᠤᠯᠠ ᠮᠥᠷ ᠨᠢ ︽ ᠶᠠᠪᠤᠶ᠎ᠠ᠂ ᠬᠠᠶᠠᠶ᠎ᠠ᠂ ᠭᠤᠸ᠎ᠠ᠂ ᠬᠤᠷᠸ᠎ᠠ︾ ᠭᠡᠬᠦ ᠮᠡᠲᠦ ᠶᠢᠨ ᠦᠭᠡ ᠶᠢᠨ ᠪᠢᠴᠢᠯᠭᠡ ᠳᠤ ᠤᠳᠤ ᠬᠦᠷᠲᠡᠯ᠎ᠡ ᠬᠠᠳᠠᠭᠠᠯᠠᠭᠳᠠᠭᠰᠠᠭᠠᠷ ᠪᠠᠶᠢᠨ᠎ᠠ᠃ ᠤᠷᠴᠢᠨ ᠴᠠᠭ ᠤᠨ ᠮᠤᠩᠭᠤᠯ ᠪᠢᠴᠢᠭ ᠤᠨ ᠵᠥᠪ ᠪᠢᠴᠢᠯᠭᠡ ᠶᠢᠨ ᠳᠥᠷᠢᠮ ᠳᠤ ᠡᠭᠦᠨ ᠢ ᠡᠭᠡᠰᠢᠭ ᠢᠶᠠᠷ ᠦᠵᠡᠵᠦ ᠨᠥᠭᠦᠴᠡᠯ ᠳᠠᠭᠠᠪᠤᠷᠢ ᠵᠠᠯᠭᠠᠳᠠᠭ ᠤᠴᠢᠷ ᠠᠴᠠ ᠪᠠᠭ᠎ᠠ ᠰᠤᠷᠭᠠᠭᠤᠯᠢ ᠶᠢᠨ ᠰᠤᠷᠬᠤ ᠪᠢᠴᠢᠭ ᠲᠤ ᠶᠡᠷᠦ ᠨᠢ ︽ᠡᠭᠡᠰᠢᠭ ᠳᠡᠪᠢᠰᠭᠡᠷ︾ ᠭᠡᠵᠦ ᠵᠢᠭᠠᠭᠰᠠᠭᠠᠷ ᠢᠷᠡᠵᠡᠢ᠃ ᠶᠠᠭᠤ ᠪᠤᠯᠤᠭᠰᠠᠨ ᠴᠤ ᠮᠤᠩᠭᠤᠯ ᠪᠢᠴᠢᠭ ᠤᠨ ᠵᠥᠪ ᠪᠢᠴᠢᠯᠭᠡ ᠶᠢᠨ ᠲᠤᠬᠠᠢ ᠶᠠᠷᠢᠬᠤ ᠳᠤ ᠮᠤᠩᠭᠤᠯ ᠪᠢᠴᠢᠭ ᠤᠨ ᠤᠨᠤᠯ ᠶᠤᠰᠤ ᠨᠡᠷ᠎ᠡ ᠲᠤᠮᠢᠶ᠎ᠠ ᠤᠬᠠᠭᠳᠠᠬᠤᠨ ᠢᠶᠠᠷ ᠲᠠᠶᠢᠯᠪᠤᠷᠢᠯᠠᠵᠤ ᠬᠡᠦᠬᠡᠳ ᠪᠠᠭᠠᠴᠤᠳ ᠲᠠᠭᠠᠨ ᠡᠨᠡ ᠰᠤᠶᠤᠯ ᠮᠡᠳᠡᠯᠭᠡ ᠪᠠᠨ ᠤᠯᠠᠮᠵᠢᠯᠠᠵᠤ ᠮᠡᠳᠡᠭᠦᠯᠬᠦ ᠶᠤᠰᠤᠲᠠᠢ ᠪᠢᠯᠡ᠃ ᠤᠷᠴᠢᠨ ᠴᠠᠭ ᠤᠨ ᠶᠡᠷᠦᠩᠬᠡᠢ ᠬᠡᠯᠡ ᠰᠢᠨᠵᠢᠯᠡᠯ ᠤᠨ ᠤᠨᠤᠯ ᠶᠤᠰᠤ ᠪᠠᠷ ᠪᠤᠲᠠᠳᠠᠢ ᠭᠡᠯᠡ ᠦᠰᠦᠭ ᠪᠢᠴᠢᠭ ᠤᠨ ᠨᠡᠢᠲᠡᠯᠢᠭ ᠵᠦᠢᠯ ᠢ ᠲᠠᠶᠢᠯᠪᠤᠷᠢᠯᠠᠵᠤ ᠪᠤᠯᠬᠤ ᠠᠴᠠ ᠪᠢᠰᠢ ᠥᠪᠡᠷᠮᠢᠴᠡ ᠤᠨᠴᠠᠯᠢᠭ ᠢ ᠲᠠᠶᠢᠯᠪᠤᠷᠢᠯᠠᠵᠤ ᠴᠢᠳᠠᠳᠠᠭ ᠦᠭᠡᠢ ᠪᠢᠯᠡ᠃       ᠲᠠᠪᠤ᠂ ᠮᠤᠩᠭᠤᠯ ᠪᠢᠴᠢᠭ ᠤᠨ ᠵᠥᠪ ᠪᠢᠴᠢᠯᠭᠡ ᠶᠢᠨ ᠵᠠᠷᠴᠢᠮ ᠢ ᠴᠤᠬᠤᠮ ᠶᠠᠭᠠᠬᠢᠵᠤ ᠤᠢᠢᠯᠠᠭᠠᠬᠤ ᠪᠤᠢ      ᠠᠪᠢᠶ᠎ᠠ ᠵᠦᠢ ᠶᠢᠨ ᠵᠠᠷᠴᠢᠮ ᠤᠨ ᠲᠤᠬᠠᠢ᠄ ᠮᠠᠨ ᠤ ᠮᠤᠩᠭᠤᠯ ᠪᠢᠴᠢᠭ ᠪᠤᠯ ᠠᠪᠢᠶᠠᠨ ᠤ ᠦᠰᠦᠭ᠂ ᠮᠠᠰᠢ ᠲᠤᠳᠤᠷᠬᠠᠢ ᠵᠥᠪ ᠪᠢᠴᠢᠯᠭᠡ ᠶᠢᠨ ᠳᠥᠷᠢᠮ ᠲᠠᠢ ᠭᠡᠳᠡᠭ ᠢ ᠦᠭᠡᠶᠢᠰᠭᠡᠬᠦ ᠬᠥᠮᠦᠨ ᠯᠠᠪ ᠦᠭᠡᠢ ᠪᠢᠵᠠ᠃ ᠠᠪᠢᠶᠠᠨ ᠤ ᠦᠰᠦᠭ ᠭᠡᠳᠡᠭ ᠢ ᠵᠥᠪᠰᠢᠶᠠᠷᠡᠳᠡᠭ ᠪᠤᠯ ᠲᠡᠭᠦᠨ ᠤ ᠵᠥᠪ ᠪᠢᠴᠢᠯᠭᠡ ᠨᠢ ᠠᠪᠢᠶ᠎ᠠ ᠵᠦᠢ ᠶᠢᠨ ᠵᠠᠷᠴᠢᠮ ᠢᠶᠠᠷ ᠦᠨᠳᠦᠰᠦ ᠰᠠᠭᠤᠷᠢ ᠪᠤᠯᠭᠠᠭᠰᠠᠨ ᠭᠡᠳᠡᠭ ᠢ ᠵᠥᠪᠰᠢᠶᠡᠷᠡᠬᠦ ᠬᠡᠷᠡᠭᠲᠡᠢ᠃ ᠬᠡᠳᠦ᠋ᠢᠪᠡᠷ ᠤᠳᠤ ᠶᠢᠨ ᠤᠢᠢᠭᠤᠷᠵᠢᠨ ᠮᠤᠩᠭᠤᠯ ᠪᠢᠴᠢᠭ ᠲᠤ ᠦᠭᠡ ᠶᠢᠨ ᠪᠢᠴᠢᠯᠭᠡ ᠨᠢ ᠶᠠᠷᠢᠶᠠᠨ ᠳᠠᠬᠢ ᠳᠠᠭᠤᠳᠠᠯᠭ᠎ᠠ ᠲᠠᠢ ᠪᠠᠨ ᠨᠡᠯᠢᠶᠡᠳ ᠨᠢ ᠵᠦᠷᠢᠵᠦ ᠪᠠᠶᠢᠭ᠎ᠠ ᠪᠤᠯᠪᠠᠴᠤ ᠤᠢᠢᠭᠤᠷᠵᠢᠨ ᠮᠤᠩᠭᠤᠯ ᠪᠢᠴᠢᠭ ᠵᠤᠬᠢᠶᠠᠭᠳᠠᠵᠤ ᠬᠡᠷᠡᠭᠯᠡᠭᠳᠡᠭᠰᠡᠨ ᠡᠬᠢᠨ ᠤ ᠦᠶ᠎ᠡ ᠳᠤ ᠪᠠᠨ᠂ ᠦᠭᠡᠷ᠎ᠡ ᠪᠠᠷ ᠬᠡᠯᠡᠪᠡᠯ ᠬᠡᠯᠡ ᠶᠠᠷᠢᠶ᠎ᠠ ᠦᠰᠦᠭ ᠪᠢᠴᠢᠭ ᠬᠤᠭᠤᠷᠤᠨᠳᠤ ᠪᠠᠨ ᠵᠠᠶᠢᠳᠠᠭ᠎ᠠ ᠦᠭᠡᠢ ᠪᠠᠶᠢᠭᠰᠠᠨ ᠦᠶ᠎ᠡ ᠳᠤ ᠵᠤᠩᠬᠢᠯᠠᠬᠤ ᠳᠤᠭᠠᠨ ᠤ  ᠦᠭᠡᠰ ᠤᠨ ᠪᠢᠴᠢᠯᠭᠡ ᠪᠦᠷ ᠡᠨᠡ ᠵᠠᠷᠴᠢᠮ ᠢᠶᠠᠷ ᠪᠢᠴᠢᠭᠳᠡᠵᠦ ᠪᠠᠶᠢᠭᠰᠠᠨ ᠶᠤᠮ᠃ ᠡᠶᠢᠮᠦ ᠠᠴᠠ ᠡᠨᠡ ᠵᠠᠷᠴᠢᠮ ᠪᠤᠯ ᠮᠤᠩᠭᠤᠯ ᠪᠢᠴᠢᠭ ᠤᠨ ᠵᠦᠪ ᠪᠢᠴᠢᠯᠭᠡ ᠶᠢᠨ ᠭᠤᠤᠯᠯᠠᠬᠤ ᠵᠠᠷᠴᠢᠮ ᠮᠦᠨ᠃ ᠬᠠᠷᠢᠨ ᠬᠡᠷᠪᠡ ᠤᠳᠤ ᠶᠢᠨ ᠪᠢᠴᠢᠯᠭᠡ ᠳᠠᠭᠤᠳᠠᠯᠭ᠎ᠠ ᠵᠦᠷᠢᠶ᠎ᠡ ᠲᠠᠢ ᠪᠤᠯᠤᠭᠰᠠᠨ ᠭᠠᠳᠠᠷ ᠦᠵᠡᠭᠳᠡᠯ ᠢᠶᠠᠷ ᠪᠠᠷᠢᠮᠳᠠ ᠪᠤᠯᠭᠠᠵᠤ ᠮᠤᠩᠭᠤᠯ ᠪᠢᠴᠢᠭ ᠤᠨ ᠵᠦᠪ ᠪᠢᠴᠢᠯᠭᠡ ᠳᠤ ᠳᠡᠦᠬᠡ ᠶᠢᠨ ᠤᠯᠠᠮᠵᠢᠯᠠᠯᠳᠤ ᠵᠠᠷᠴᠢᠮ ᠭᠤᠤᠯᠯᠠᠬᠤ ᠪᠤᠯᠤᠨ᠎ᠠ ᠭᠡᠪᠡᠯ ᠮᠠᠨ ᠤ ᠮᠤᠩᠭᠤᠯ ᠪᠢᠴᠢᠭ ᠴᠢᠨᠢ ᠤᠤᠯ ᠳᠠᠭᠠᠨ ᠲᠦᠷᠢᠮ ᠵᠢᠷᠤᠮ ᠦᠭᠡᠢ ᠵᠤᠬᠢᠶᠠᠭᠳᠠᠵᠤ ᠪᠢᠴᠢᠭᠳᠡᠵᠦ  ᠪᠠᠶᠢᠭᠠᠳ  ᠤᠯᠠᠮᠵᠢᠯᠠᠭᠳᠠᠵᠤ  ᠢᠷᠡᠭᠰᠡᠨ ᠦᠰᠦᠭ ᠪᠢᠴᠢᠭ ᠶᠤᠮ ᠪᠠᠶᠢᠨ᠎ᠠ  ᠭᠡᠰᠡᠨ   ᠳ᠋ᠦᠩᠨᠡᠯᠲᠡ ᠭᠠᠷᠬᠤ ᠪᠢᠰᠢ ᠤᠤ᠃      ᠠᠪᠢᠶ᠎ᠠ ᠵᠦᠢ ᠶᠢᠨ ᠵᠠᠷᠴᠢᠮ ᠨᠢ ᠮᠤᠩᠭᠤᠯ ᠪᠢᠴᠢᠭ ᠤᠨ ᠦᠰᠦᠭ ᠤᠨ ᠳᠤᠭᠳᠠᠯᠴᠠᠭ᠎ᠠ ᠪᠤᠶᠤ ᠴᠠᠭᠠᠨ ᠳᠤᠯᠤᠭᠠᠢ ᠶᠢᠨ ᠪᠦᠷᠢᠯᠳᠦᠬᠦᠨ᠂ ᠦᠰᠦᠭ ᠤᠨ ᠪᠦᠳᠦᠴᠡ ᠪᠠ ᠬᠤᠪᠢᠯᠤᠯ᠂ ᠦᠶ᠎ᠡ ᠪᠦᠳᠦᠬᠦ ᠶᠤᠰᠤ᠂ ᠴᠢᠩᠭ᠎ᠠ ᠬᠦᠨᠳᠡᠢ  ᠪᠠᠷ ᠵᠤᠬᠢᠴᠠᠬᠤ ᠶᠤᠰᠤ᠂ ᠲᠡᠪᠢᠰᠭᠡᠷ ᠪᠤᠯᠤᠨ ᠭᠡᠶᠢᠭᠦᠯᠦᠭᠴᠢ ᠬᠤᠶᠠᠷ ᠤᠨ ᠤᠭᠰᠠᠷᠠᠬᠤ ᠵᠢᠮ᠎ᠡ ᠵᠡᠷᠭᠡ ᠵᠥᠪ ᠪᠢᠴᠢᠯᠭᠡ ᠶᠢᠨ ᠳᠥᠷᠢᠮ ᠤᠳ ᠢ ᠵᠠᠬᠢᠷᠴᠤ ᠪᠠᠶᠢᠳᠠᠭ᠃      ᠦᠭᠡ ᠵᠦᠢ ᠶᠢᠨ ᠵᠠᠷᠴᠢᠮ ᠤᠨ ᠲᠤᠬᠠᠢ᠄ ᠮᠠᠨ ᠤ ᠮᠤᠩᠭᠤᠯ ᠬᠡᠯᠡ ᠪᠤᠯ ᠵᠠᠯᠭᠠᠮᠠᠯ ᠬᠡᠯᠡ ᠪᠥᠭᠡᠳ ᠦᠭᠡ ᠶᠢᠨ ᠪᠥᠲᠦᠴᠡ ᠳᠤ ᠤᠷᠤᠭᠰᠠᠨ ᠠᠪᠢᠶ᠎ᠠ ᠨᠤᠭᠤᠳ ᠨᠢ ᠡᠷᠲᠡ ᠦᠶ᠎ᠡ ᠠᠴᠠ ᠪᠠᠨ ᠴᠢᠩᠭ᠎ᠠ ᠬᠥᠨᠳᠡᠢ ᠶᠢᠨ ᠵᠤᠬᠢᠴᠠᠯ ᠲᠠᠢ︔ ᠦᠭᠡ ᠶᠢᠨ ᠪᠥᠲᠦᠭᠡᠪᠦᠷᠢ ᠲᠤᠬᠠᠢᠢᠯᠠᠪᠠᠯ ᠢᠵᠠᠭᠤᠷ ᠦᠨᠳᠦᠰᠦ᠂ ᠦᠭᠡ ᠬᠤᠪᠢᠯᠭᠠᠬᠤ ᠨᠥᠭᠦᠴᠡᠯ᠂ ᠦᠭᠡ ᠪᠥᠲᠦᠭᠡᠬᠦ ᠳᠠᠭᠠᠪᠤᠷᠢ ᠨᠤᠭᠤᠳ ᠨᠢ ᠲᠤᠭᠲᠠᠮᠠᠯ ᠬᠡᠯᠪᠡᠷᠢ ᠪᠥᠲᠦᠴᠡ ᠲᠠᠢ᠃ ᠬᠡᠷᠪᠡ ᠶᠠᠮᠠᠷ ᠴᠤ ᠪᠠᠶᠢᠳᠠᠯ ᠳᠤ ᠪᠥᠷ ᠪᠢᠴᠢᠯᠭᠡ ᠳᠠᠭᠤᠳᠠᠯᠭ᠎ᠠ ᠶᠢ ᠨᠢᠭᠡᠳᠭᠡᠬᠦ ᠬᠡᠮᠡᠨ ᠠᠪᠢᠶ᠎ᠠ ᠵᠦᠢ ᠶᠢᠨ ᠵᠠᠷᠴᠢᠮ ᠢᠶᠠᠷ ᠪᠢᠴᠢᠭᠡᠳ ᠪᠠᠶᠢᠪᠠᠯ ᠮᠠᠰᠢ ᠤᠯᠠᠨ ᠦᠭᠡ ᠶᠢᠨ ᠲᠤᠭᠲᠠᠮᠠᠯ ᠬᠡᠯᠪᠡᠷᠢ ᠪᠥᠲᠦᠴᠡ ᠡᠪᠳᠡᠭᠳᠡᠬᠦ ᠪᠤᠶᠤ ᠮᠠᠰᠢ ᠤᠯᠠᠨ ᠦᠭᠡ ᠶᠢᠨ ᠪᠢᠴᠢᠯᠭᠡ ᠲᠤᠭᠲᠠᠪᠤᠷᠢ ᠦᠭᠡᠢ ᠪᠤᠯᠤᠨ᠎ᠠ᠃ ᠡᠭᠦᠨ ᠢ ᠰᠢᠨᠵᠢᠵᠦ ᠮᠡᠳᠡᠭᠰᠡᠨ ᠡᠷᠲᠡ ᠦᠶ᠎ᠡ ᠶᠢᠨ ᠡᠷᠳᠡᠮᠳᠡᠡ ᠮᠡᠷᠭᠡᠳ ᠦᠭᠡ ᠶᠢᠨ ᠪᠥᠲᠦᠭᠡᠪᠦᠷᠢ ᠪᠤᠶᠤ ᠪᠥᠲᠦᠴᠡ ᠶᠢᠨ ᠨᠢᠭᠡᠲᠦᠯᠲᠦ ᠰᠢᠨᠵᠢ᠂ ᠲᠤᠭᠲᠠᠪᠤᠷᠢᠲᠤ ᠰᠢᠨᠵᠢ ᠶᠢ ᠪᠠᠲᠤᠯᠠᠬᠤ  ᠦᠭᠡ ᠵᠦᠢ ᠶᠢᠨ ᠵᠠᠷᠴᠢᠮ ᠢ ᠴᠢᠬᠤᠯᠠᠴᠢᠯᠠᠨ ᠦᠵᠡᠵᠦ ᠠᠪᠢᠶ᠎ᠠ ᠵᠦᠢ ᠶᠢᠨ ᠵᠠᠷᠴᠢᠮ ᠤᠨ ᠳᠠᠷᠠᠭ᠎ᠠ ᠤᠷᠤᠬᠤ ᠳᠡᠳ᠋ᠯᠡᠬᠦ ᠵᠠᠷᠴᠢᠮ ᠪᠤᠯᠭᠠᠵᠠᠢ᠃      ᠦᠭᠡ ᠵᠦᠢ ᠶᠢᠨ ᠵᠠᠷᠴᠢᠮ ᠨᠢ ᠪᠥᠲᠦᠭᠡᠪᠦᠷᠢ ᠶᠢ ᠬᠠᠮᠢᠭ᠎ᠠ ᠴᠤ ᠨᠢᠭᠡᠲᠦᠯᠲᠡᠢ ᠬᠡᠵᠢᠶ᠎ᠡ ᠴᠤ ᠲᠤᠭᠲᠠᠪᠤᠷᠢᠲᠠᠢ ᠪᠢᠴᠢᠬᠦ ᠶᠤᠰᠤ᠂ ᠦᠭᠡ ᠬᠤᠪᠢᠯᠭᠠᠬᠤ ᠨᠥᠭᠦᠴᠡᠯ ᠤᠳ ᠢ ᠨᠡᠶᠢᠯᠡᠭᠦᠯᠵᠦ ᠰᠠᠯᠭᠠᠵᠤ ᠪᠢᠴᠢᠬᠦ ᠶᠤᠰᠤ ᠶᠢ ᠵᠠᠬᠢᠷᠴᠤ ᠪᠠᠶᠢᠳᠠᠭ᠃ ᠤᠳᠤ ᠶᠢᠨ ᠮᠤᠩᠭᠤᠯ ᠪᠢᠴᠢᠯᠭᠡ ᠶᠢᠨ ᠪᠠᠷᠢᠮᠵᠢᠶ᠎ᠠ ᠪᠤᠯᠵᠤ ᠪᠠᠶᠢᠭ᠎ᠠ ︽ᠮᠤᠩᠭᠤᠯ ᠵᠥᠪ ᠪᠢᠴᠢᠯᠭᠡ ᠶᠢᠨ ᠲᠤᠯᠢ︾ ︵ᠥᠪᠥᠷ ᠮᠤᠩᠭᠤᠯ ᠤᠨ ᠠᠷᠠᠳ ᠤᠨ ᠬᠡᠪᠯᠡᠯ ᠤᠨ ᠬᠤᠷᠢᠶᠠᠨ ᠠᠴᠠ 1999 ᠤᠨ ᠳᠤ ᠬᠡᠪᠯᠡᠭᠦᠯᠦᠭᠰᠡᠨ︶ ᠳᠤ ᠦᠭᠡᠰ ᠤᠨ ᠪᠢᠴᠢᠯᠭᠡ ᠶᠢ ᠳᠥᠷᠢᠮᠵᠢᠭᠦᠯᠬᠦ ᠳᠤ ᠪᠠᠨ ᠭᠤᠤᠯ ᠨᠢ ᠡᠨᠡ ᠵᠠᠷᠴᠢᠮ ᠢ ᠪᠠᠷᠢᠮᠲᠠᠯᠠᠵᠤ ᠨᠢᠭᠡᠳᠭᠡᠭᠰᠡᠨ ᠶᠤᠮ᠃  ᠬᠡᠳᠦᠶᠢᠪᠡᠷ  ᠴᠥᠬᠡᠨ  ᠵᠠᠷᠢᠮ ᠦᠭᠡ ᠶᠢᠨ  ᠪᠢᠴᠢᠯᠭᠡ  ᠳᠡᠭᠡᠷ᠎ᠡ  ᠡᠨᠡ  ᠵᠠᠷᠴᠢᠮ ᠢᠶᠠᠨ  ᠲᠤᠤᠱᠲᠠᠢ  ᠪᠠᠷᠢᠮᠲᠠᠯᠠᠭᠰᠠᠨ  ᠦᠭᠡᠢ  ᠳᠤᠲᠠᠭᠳᠠᠯ  ᠪᠠᠶᠢᠭ᠎ᠠ  ᠪᠣᠯᠪᠠᠴᠤ  ᠡᠨᠡ  ᠵᠠᠷᠴᠢᠮ ᠢᠶᠠᠷ  ᠳᠦᠷᠢᠮᠵᠢᠭᠦᠯᠵᠦ  ᠨᠢᠭᠡᠳᠭᠡᠭᠰᠡᠨ  ᠨᠢ  ᠵᠦᠢᠲᠡᠢ  ᠶᠤᠮ᠃      ᠤᠳᠬ᠎ᠠ ᠵᠦᠢ ᠶᠢᠨ ᠵᠠᠷᠴᠢᠮ ᠤᠨ ᠲᠤᠬᠠᠢ᠄ ᠠᠪᠢᠶ᠎ᠠ ᠵᠦᠢ ᠶᠢᠨ ᠵᠠᠷᠴᠢᠮ ᠢᠶᠠᠷ ᠦᠭᠡ ᠶᠢ ᠪᠢᠴᠢᠵᠦ ᠲᠡᠮᠳᠡᠭᠯᠡᠬᠦ ᠳᠤ ᠨᠢᠭᠡ ᠪᠥᠯᠦᠭ ᠤᠳᠬ᠎ᠠ ᠥᠭᠡᠷ᠎ᠡ ᠳᠠᠭᠤᠳᠠᠯᠭ᠎ᠠ ᠠᠳᠠᠯᠢ ᠦᠭᠡ ᠶᠢᠨ ᠪᠢᠴᠢᠯᠭᠡ ᠴᠤ  ᠢᠵᠢᠯᠢᠰᠢᠨ ᠪᠢᠴᠢᠭ  ᠲᠤ ᠳᠦᠷᠰᠦ ᠢᠵᠢᠯᠢ ᠦᠭᠡ ᠤᠯᠠᠰᠢᠷᠠᠵᠤ ᠬᠤᠳᠬᠤᠯᠳᠤᠬᠤ ᠪᠤᠳᠤᠯᠢᠶ᠎ᠠ ᠡᠭᠦᠰᠦᠨ᠎ᠡ᠃ ᠡᠨᠡ ᠪᠤᠳᠤᠯᠢᠶ᠎ᠠ ᠶᠢ ᠠᠷᠢᠯᠭᠠᠬᠤ ᠳᠤ ᠤᠳᠬ᠎ᠠ ᠵᠦᠢ ᠶᠢᠨ ᠵᠠᠷᠴᠢᠮ ᠪᠤᠶᠤ ᠳᠦᠷᠰᠦ ᠢᠯᠭᠠᠬᠤ ᠵᠠᠷᠴᠢᠮ ᠦᠢᠯᠡᠳᠦᠯ ᠦᠵᠡᠭᠦᠯᠦᠨ᠎ᠡ᠃ ᠡᠨᠡ ᠵᠠᠷᠴᠢᠮ ᠬᠢᠲᠠᠳ ᠦᠰᠦᠭ ᠮᠡᠲᠦ ᠶᠢᠨ ᠤᠳᠬᠠᠲᠤ ᠦᠰᠦᠭ ᠤᠨ ᠵᠥᠪ ᠪᠢᠴᠢᠯᠭᠡ ᠳᠤ ᠭᠤᠤᠯ ᠵᠠᠷᠴᠢᠮ ᠪᠤᠯᠵᠤ ᠨᠤᠶᠠᠯᠠᠬᠤ ᠪᠠᠶᠢᠷᠢ ᠶᠢ ᠡᠵᠡᠯᠡᠬᠦ ᠪᠤᠯᠪᠠᠴᠤ ᠮᠤᠩᠭᠤᠯ ᠪᠢᠴᠢᠭ ᠤᠨ ᠵᠥᠪ ᠪᠢᠴᠢᠯᠭᠡ ᠳᠤ ᠬᠠᠷᠢᠨ ᠭᠤᠳᠠᠭᠠᠷ ᠪᠠᠶᠢᠷᠢ ᠳᠤ ᠤᠷᠤᠬᠤ ᠶᠤᠮ᠃ ᠡᠭᠦᠨ ᠤ ᠵᠠᠬᠢᠷᠬᠤ ᠬᠦᠷᠢᠶ᠎ᠡ ᠬᠡᠪᠴᠢᠶ᠎ᠡ ᠲᠤᠩ ᠬᠢᠵᠠᠭᠠᠷ ᠲᠠᠢ᠂ ᠵᠥᠪᠬᠡᠨ ᠤᠳᠬ᠎ᠠ ᠥᠭᠡᠷ᠎ᠡ ᠳᠠᠭᠤᠳᠠᠯᠭ᠎ᠠ  ᠢᠵᠢᠯᠢᠰᠢᠬᠦ ᠦᠭᠡ ᠶᠢᠨ ᠬᠡᠪᠴᠢᠶᠡᠨ ᠳᠤ ᠬᠡᠷᠡᠭᠯᠡᠭᠳᠡᠨ᠎ᠡ᠃ ᠡᠭᠦᠨ ᠤ ᠦᠢᠯᠡᠳᠦᠯ ᠬᠡᠷᠡᠭᠴᠡᠭᠡ ᠶᠢ ᠬᠡᠳᠦ ᠨᠡᠷᠪᠡᠭᠦᠯᠦᠨ ᠥᠷᠭᠡᠳᠭᠡᠵᠦ ᠪᠤᠯᠬᠤ ᠦᠭᠡᠢ᠂ ᠡᠰᠡ ᠲᠡᠶᠢᠮᠦ ᠪᠤᠯ ᠵᠥᠪ ᠪᠢᠴᠢᠯᠭᠡ ᠳᠤ ᠰᠠᠮᠠᠭᠤᠷᠠᠯ ᠡᠭᠦᠰᠭᠡᠨ᠎ᠡ᠃  ᠵᠢᠱᠢᠶᠡᠯᠡᠪᠡᠯ  ᠮᠠᠯ  ᠤᠰᠤᠯᠠᠬᠤ᠂  ᠲᠠᠷᠢᠶ᠎ᠠ  ᠤᠰᠤᠯᠬᠤ  ᠭᠡᠬᠦ ᠮᠡᠲᠦ᠃      ᠲᠡᠦᠬᠡᠨ ᠤᠯᠠᠮᠵᠢᠯᠠᠯ ᠤᠨ ᠵᠠᠷᠴᠢᠮ ᠤᠨ ᠲᠤᠬᠠᠢ᠄ ᠨᠢᠭᠲᠠᠯᠠᠵᠤ ᠬᠠᠷᠢᠴᠠᠭᠤᠯᠵᠤ ᠦᠵᠡᠬᠦ ᠳᠤ ᠪᠢᠴᠢᠯᠭᠡ ᠨᠢ ᠠᠪᠢᠶ᠎ᠠ ᠵᠦᠢ ᠶᠢᠨ ᠵᠠᠷᠴᠢᠮ᠂  ᠦᠭᠡ ᠵᠦᠢ  ᠶᠢᠨ  ᠵᠠᠷᠴᠢᠮ ᠤᠨ ᠠᠯᠢᠨ ᠳᠤ ᠴᠤ ᠵᠠᠬᠢᠷᠤᠭᠳᠠᠬᠤ ᠦᠭᠡᠢ᠂ ᠪᠢᠴᠢᠯᠭᠡ ᠶᠢᠨ ᠪᠤᠲᠠᠳᠠᠢ ᠳᠥᠷᠢᠮ ᠠᠴᠠ ᠭᠠᠵᠢᠭᠰᠠᠨ ᠴᠥᠬᠡᠪᠲᠥᠷ ᠦᠭᠡ ᠮᠠᠨ ᠤ ᠪᠢᠴᠢᠭ ᠲᠤ ᠪᠠᠶᠢᠳᠠᠭ᠂ ᠡᠭᠦᠨ ᠠᠴᠠ ᠭᠠᠳᠠᠨ᠎ᠠ ᠬᠠᠷᠢ ᠬᠡᠯᠡᠨ ᠤ ᠦᠭᠡ ᠶᠢ ᠮᠤᠩᠭᠤᠯ ᠬᠡᠯᠡᠨ ᠳᠤ ᠪᠠᠨ ᠠᠪᠢᠶᠠᠴᠢᠯᠠᠨ ᠤᠷᠤᠭᠤᠯᠵᠤ ᠠᠪᠬᠤ ᠳᠤ ᠮᠥᠨ ᠮᠤᠩᠭᠤᠯ ᠪᠢᠴᠢᠭ ᠤᠨ ᠪᠢᠴᠢᠯᠭᠡ ᠶᠢᠨ ᠳᠥᠷᠢᠮ ᠠᠴᠠ ᠭᠠᠵᠢᠬᠤ ᠦᠵᠡᠭᠳᠡᠯ ᠭᠠᠷᠳᠠᠭ᠃ ᠡᠳᠡᠭᠡᠷ ᠢ ᠪᠠᠭᠲᠠᠭᠠᠵᠤ ᠵᠦᠢ ᠶᠤᠰᠤᠨ ᠤ ᠪᠠᠶᠢᠷᠢ ᠰᠠᠭᠤᠷᠢ ᠤᠯᠭᠤᠵᠤ ᠥᠭᠳᠡᠭ ᠨᠢ ᠲᠡᠦᠬᠡᠨ ᠤᠯᠠᠮᠵᠢᠯᠠᠯ ᠤᠨ ᠵᠠᠷᠴᠢᠮ ᠪᠤᠯᠤᠨ᠎ᠠ᠃ ᠮᠤᠩᠭᠤᠯ ᠵᠥᠪ ᠪᠢᠴᠢᠯᠭᠡ ᠶᠢᠨ ᠵᠠᠷᠴᠢᠮ ᠳᠤ ᠡᠨᠡ ᠨᠢ ᠵᠥᠪᠬᠡᠨ ᠨᠥᠬᠦᠪᠦᠷᠢ ᠪᠤᠯᠬᠤ ᠲᠡᠳᠦᠢ ᠪᠠᠶᠢᠷᠢ ᠰᠠᠭᠤᠷᠢ ᠲᠠᠢ ᠶᠤᠮ᠃ ᠡᠶᠢᠮᠦ ᠠᠴᠠ ᠮᠠᠨ ᠤ ᠰᠤᠷᠬᠤ ᠪᠢᠴᠢᠭ ᠲᠤ ᠡᠭᠦᠨ ᠢ ︽ᠭᠤᠤᠯ ᠨᠢ ᠬᠠᠷᠢ ᠭᠠᠷᠤᠯᠲᠠᠢ ᠦᠭᠡᠰ ᠤᠨ ᠪᠢᠴᠢᠯᠭᠡ ᠶᠢ ᠵᠠᠬᠢᠷᠴᠤ ᠪᠠᠶᠢᠭ᠎ᠠ ᠨᠥᠬᠦᠪᠦᠷᠢ ᠵᠠᠷᠴᠢᠮ︾ ᠭᠡᠰᠡᠨ ᠪᠢᠯᠡ᠃      ᠡᠨᠡ ᠮᠡᠲᠦ ᠡᠬᠢ ᠳᠠᠷᠠᠭ᠎ᠠ ᠲᠠᠢ᠂ ᠲᠤᠪᠴᠢ ᠲᠤᠳᠤᠷᠬᠠᠢ ᠶᠡᠷᠦ ᠶᠢᠨ ᠮᠡᠳᠡᠯᠭᠡ ᠪᠠᠶᠢᠲᠠᠯ᠎ᠠ ᠶᠠᠭᠠᠬᠢᠭᠠᠳ ᠲᠡᠬᠡᠵᠦ ᠡᠭᠡᠳᠡᠷᠡᠵᠦ ᠪᠤᠳᠤᠯᠢᠭᠠᠳ ᠪᠠᠶᠢᠳᠠᠭ ᠪᠢᠯᠡ︖        ᠵᠢᠷᠭᠤᠭ᠎ᠠ᠂ ᠦᠭᠡᠰ ᠤᠨ ᠠᠶᠢᠮᠠᠭ ᠤᠨ ᠲᠥᠷᠦᠯ ᠵᠦᠢᠯ ᠬᠢᠭᠡᠳ ᠨᠡᠷᠡᠶᠢᠳᠦᠯ ᠤᠨ ᠲᠤᠬᠠᠢ      ᠥᠡᠭᠭᠡᠷᠡᠭᠰᠡᠨ ᠤ ᠰᠤᠷᠬᠤ ᠪᠢᠴᠢᠭ ᠲᠤ ᠮᠤᠩᠭᠤᠯ ᠬᠡᠯᠡᠨ ᠤ ᠦᠭᠡᠰ ᠤᠨ ᠠᠶᠢᠮᠠᠭ ᠢ ᠨᠡᠷ᠎ᠡ  ᠦᠭᠡ᠂ ᠲᠡᠮᠳᠡᠭ  ᠦᠭᠡ ᠁ ᠦᠢᠯᠡ ᠦᠭᠡ᠂ ᠳᠠᠭᠠᠪᠤᠷᠢ ᠦᠭᠡ ᠁ ᠠᠶᠠᠯᠭ᠎ᠠ ᠦᠭᠡ ᠭᠡᠵᠦ 10 ᠠᠶᠢᠮᠠᠭ ᠲᠤ ᠬᠤᠪᠢᠶᠠᠵᠤ ᠵᠢᠭᠠᠭᠰᠠᠭᠠᠷ ᠢᠷᠡᠵᠡᠢ᠃ ᠳᠤᠮᠳᠠᠳᠤ ᠪᠠᠭ᠎ᠠ ᠰᠤᠷᠭᠠᠭᠤᠯᠢ ᠶᠢᠨ ᠪᠠᠭᠰᠢ ᠨᠠᠷ ᠴᠤ ᠢᠡᠭᠭᠢᠵᠦ ᠵᠢᠭᠠᠭᠠᠳ ᠨᠢᠭᠡᠮᠦᠰᠦᠨ ᠲᠠᠰᠴᠠᠢ᠃ ᠭᠡᠲᠡᠯ᠎ᠡ 2003 ᠤᠨ ᠳᠤ ᠮᠤᠩᠭᠤᠯ ᠳᠤᠮᠳᠠᠳᠤ ᠪᠠᠭ᠎ᠠ ᠰᠤᠷᠭᠠᠭᠤᠯᠢ ᠶᠢᠨ ᠬᠡᠯᠡ ᠪᠢᠴᠢᠭ ᠤᠨ ᠬᠢᠴᠢᠶᠡᠯ ᠤᠨ ᠪᠠᠷᠢᠮᠵᠢᠶ᠎ᠠ ᠶᠢ ᠰᠤᠳᠤᠯᠤᠨ ᠳᠤᠭᠳᠠᠭᠠᠬᠤ ᠶᠠᠪᠤᠴᠠ ᠳᠤ᠂  ᠲᠡᠷᠡᠴᠢᠯᠡᠨ 2005  ᠣᠨ ᠳᠤ  ᠵᠢᠩᠬᠢᠨᠢ  ᠪᠠᠷ  ᠨᠡᠶᠢᠲᠡᠯᠡᠨ  ᠬᠡᠷᠡᠭᠵᠢᠭᠦᠯᠬᠦ  ᠪᠣᠯᠲᠠᠯᠠᠬᠢ  ᠰᠠᠨᠠᠯ  ᠬᠤᠷᠢᠶᠠᠵᠤ  ᠲᠡᠭᠦᠯᠳᠡᠷᠵᠢᠭᠦᠯᠬᠦ  ᠶᠠᠪᠤᠴᠠ ᠳᠤ᠂ ᠬᠡᠯᠡ ᠵᠦᠢ ᠶᠢᠨ ᠵᠠᠷᠢᠮ ᠮᠡᠳᠡᠯᠭᠡ ︵ᠪᠤᠲᠠᠲᠠᠢ ᠪᠠᠷ ᠬᠡᠯᠡᠪᠡᠯ ᠵᠥᠪ ᠳᠠᠭᠤᠳᠠᠯᠭ᠎ᠠ ᠶᠢᠨ ᠲᠤᠬᠠᠢ᠂ ᠦᠭᠡᠰ ᠤᠨ ᠠᠢᠮᠠᠭ ᠤᠨ ᠲᠤᠬᠠᠢ᠂ ᠬᠤᠯᠪᠤᠭ᠎ᠠ ᠦᠭᠡ ᠶᠢᠨ ᠲᠤᠬᠠᠢ︶ ᠶᠢ ᠰᠢᠨᠡᠴᠢᠯᠡᠵᠦ ᠨᠠᠶᠢᠷᠠᠭᠤᠯᠬᠤ ᠬᠡᠷᠡᠭᠲᠡᠢ ᠭᠡᠰᠡᠨ ᠰᠠᠨᠠᠯ ᠲᠥᠪᠯᠡᠷᠡᠩᠭᠦᠢ ᠳᠤᠰᠬᠠᠭᠳᠠᠪᠠ᠃  ᠡᠶᠢᠮᠦᠷᠬᠦᠦ ᠰᠠᠨᠠᠯ ᠳᠡᠪᠰᠢᠭᠦᠯᠦᠭᠰᠡᠳ ᠤᠨ ᠦᠵᠡᠬᠦ ᠪᠠᠷ᠂ ᠳᠤᠮᠳᠠᠳᠤ ᠪᠠᠭ᠎ᠠ ᠰᠤᠷᠭᠠᠭᠤᠯᠢ ᠶᠢᠨ ᠰᠤᠷᠬᠤ ᠪᠢᠴᠢᠭ ᠲᠤ ᠠᠭᠤᠯᠭ᠎ᠠ ᠶᠢ ᠨᠠᠶᠢᠷᠠᠭᠤᠯᠵᠤ ᠪᠢᠴᠢᠬᠦ ᠳᠤ ᠪᠠᠨ ᠮᠥᠨ ᠯᠡ ᠳᠡᠭᠡᠷ᠎ᠡ ᠵᠠᠭᠤᠨ ᠤ ᠲᠠᠪᠢ ᠵᠢᠷᠠᠭᠠᠳ ᠤᠨ ᠤ ᠦᠶ᠎ᠡ ᠶᠢᠨ ᠰᠤᠳᠤᠯᠭᠠᠨ ᠤ ᠳ᠋ᠦᠩ ᠪᠤᠶᠤ ᠮᠡᠳᠡᠯᠭᠡ ᠶᠢ ᠪᠠᠷᠢᠮᠲᠠᠯᠠᠭᠰᠠᠨ ᠠᠴᠠ ᠨᠢᠭᠡ ᠳᠤ ᠴᠠᠭ ᠦᠶ᠎ᠡ ᠠᠴᠠ ᠬᠤᠴᠤᠷᠤᠭᠰᠠᠨ᠂ ᠬᠤᠶᠠᠷ ᠲᠤ ᠰᠢᠨᠵᠢᠯᠡᠬᠦ ᠤᠬᠠᠭᠠᠨᠴᠢ ᠴᠢᠨᠠᠷ ᠢᠶᠠᠷ ᠲᠤᠲᠠᠮᠠᠭ᠂ ᠭᠤᠷᠪᠠ ᠲᠤ ᠪᠤᠳᠠᠳᠤ ᠬᠡᠷᠡᠭᠯᠡᠭᠡᠨ ᠤ ᠥᠷᠲᠡᠭ ᠢᠶᠠᠷ ᠪᠠᠭ᠎ᠠ᠂ ᠳᠦᠷᠪᠡ ᠳᠤ ᠶᠡᠭᠡ ᠳᠡᠭᠡᠳᠦ ᠰᠤᠷᠭᠠᠭᠤᠯᠢ ᠶᠢᠨ ᠬᠠᠮᠢᠶ᠎ᠠ ᠪᠥᠬᠦᠢ ᠠᠭᠤᠯᠭ᠎ᠠ ᠲᠠᠢ  ᠠᠪᠴᠯᠳᠤᠬᠤ ᠦᠭᠡᠢ ᠬᠥᠨᠳᠡᠶᠢᠷᠡᠵᠦ ᠰᠠᠯᠤᠭᠰᠠᠨ ᠭᠡᠵᠡᠢ᠃ ᠲᠡᠭᠡᠭᠡᠳ ᠬᠢᠴᠢᠶᠡᠯ ᠤᠨ ᠪᠠᠷᠢᠮᠵᠢᠶ᠎ᠠ ᠶᠢᠨ ᠳᠠᠭᠠᠯᠳᠤᠭᠤᠯᠤᠯ ᠭᠤᠷᠪᠠ ︽ᠬᠡᠯᠡ ᠵᠦᠢ᠂ ᠨᠠᠶᠢᠷᠠᠭᠤᠯᠭ᠎ᠠ ᠵᠦᠢ ᠶᠢᠨ ᠮᠡᠳᠡᠯᠭᠡ ᠶᠢᠨ ᠲᠤᠬᠠᠢ ᠰᠠᠨᠠᠭᠤᠯᠭ᠎ᠠ︾ ᠳᠤ ᠳᠤᠷᠠᠳᠤᠭᠰᠠᠨ ᠰᠢᠭ᠋ ᠲᠤᠬᠢᠷᠠᠭᠤᠯᠤᠯᠲᠠ ᠬᠢᠵᠦ ᠰᠤᠷᠬᠤ ᠪᠢᠴᠢᠭ ᠲᠤ ᠴᠤ ᠡᠨᠡ ᠶᠤᠰᠤᠭᠠᠷ ᠨᠠᠶᠢᠷᠠᠭᠤᠯᠵᠤ ᠪᠢᠴᠢᠵᠡᠢ᠃      ᠦᠭᠡᠰ ᠤᠨ ᠠᠶᠢᠮᠠᠭ ᠤᠨ ᠲᠤᠬᠠᠢ ᠰᠢᠨᠡᠴᠢᠯᠡᠵᠦ ᠨᠠᠶᠢᠷᠠᠭᠤᠯᠤᠭᠰᠠᠨ ᠵᠦᠢᠯ ᠭᠡᠪᠡᠯ᠄ ᠠᠩᠬ᠎ᠠ ᠳᠤᠮᠳᠠᠳᠤ ᠶᠢᠨ ᠱᠠᠲᠤᠨ ᠳᠤ ᠦᠭᠡᠰ ᠢ ᠬᠤᠶᠠᠷ ᠳᠡᠰ ᠲᠤ ᠠᠶᠢᠮᠠᠭᠯᠠᠪᠠ᠃ ᠨᠢᠭᠡᠳᠦᠭᠡᠷ ᠳᠡᠰ ᠲᠤ ᠦᠭᠡ ᠵᠦᠢ ᠶᠢᠨ ᠬᠤᠪᠢᠯᠤᠯ ᠤᠨ  ᠨᠡᠶᠢᠲᠡᠯᠢᠭ ᠰᠢᠨᠵᠢ᠂ ᠥᠭᠡᠷ᠎ᠡ ᠪᠠᠷ ᠬᠡᠯᠡᠪᠡᠯ ᠦᠭᠡᠰ ᠢ ᠠᠶᠢᠮᠠᠭᠯᠠᠬᠤ ᠦᠭᠡ ᠵᠦᠢ ᠶᠢᠨ ᠵᠠᠷᠴᠢᠮ ᠢᠶᠠᠷ ᠭᠤᠤᠯ ᠪᠤᠯᠭᠠᠵᠤ ᠨᠡᠷ᠎ᠡ ᠦᠭᠡ᠂ ᠦᠢᠯᠡ ᠦᠭᠡ᠂ ᠬᠤᠪᠢᠯᠤᠯ ᠦᠭᠡᠢ ᠦᠭᠡ ᠭᠡᠬᠦ ᠭᠤᠷᠪᠠᠨ ᠲᠤᠮᠤ ᠠᠶᠢᠮᠠᠭ ᠲᠤ ᠬᠤᠪᠢᠶᠠᠵᠤ ᠬᠤᠶᠠᠳᠤᠭᠠᠷ ᠳᠡᠰ ᠲᠤ ᠡᠨᠡ ᠭᠤᠷᠪᠠᠨ ᠲᠤᠮᠤ ᠠᠶᠢᠮᠠᠭ ᠢᠶᠠᠨ ᠪᠠᠰᠠ ᠨᠠᠷᠢᠰᠬᠠᠨ ᠠᠩᠭᠢᠯᠠᠵᠤ ᠪᠤᠯᠳᠠᠭ ᠢ ᠵᠢᠷᠤᠭᠴᠢᠯᠠᠵᠤ ᠦᠵᠡᠭᠦᠯᠪᠡ᠃ ᠡᠭᠦᠨ ᠳᠤ ᠵᠢᠭᠠᠬᠤ ᠪᠠ ᠰᠤᠷᠬᠤ ᠶᠢᠨ ᠭᠤᠤᠯᠳᠠᠯᠭ᠎ᠠ ᠨᠢ᠄ ᠪᠤᠲᠠᠲᠠᠢ ᠦᠭᠡᠰ ᠢ ᠡᠨᠡ ᠭᠤᠷᠪᠠᠨ ᠠᠶᠢᠮᠠᠭ ᠢᠶᠠᠷ ᠢᠯᠭᠠᠨ ᠰᠠᠯᠭᠠᠵᠤ ᠴᠢᠳᠠᠬᠤ︔ ᠨᠡᠷ᠎ᠡ ᠦᠭᠡ ᠶᠢᠨ ᠠᠢᠮᠠᠭ ᠲᠤ ᠪᠠᠭᠲᠠᠬᠤ ᠦᠭᠡᠰ ᠨᠢ ᠲᠡᠶᠢᠨ ᠢᠯᠭᠠᠯ᠂ ᠤᠯᠠᠨ ᠲᠤᠭ᠎ᠠ᠂ ᠬᠠᠮᠢᠶᠠᠳᠠᠭᠤᠯᠬᠤ ᠶᠤᠰᠤ ᠵᠡᠷᠭᠡ 3 ᠵᠦᠢᠯ ᠤᠨ ᠬᠤᠪᠢᠯᠤᠯ ᠲᠠᠢ︔ ᠦᠢᠯᠡ ᠦᠭᠡ ᠶᠢᠨ ᠠᠶᠢᠮᠠᠭ ᠲᠤ ᠪᠠᠭᠲᠠᠬᠤ ᠦᠭᠡᠰ ᠨᠢ ᠴᠠᠭ ᠢ ᠵᠢᠭᠠᠬᠤ᠂ ᠵᠠᠬᠢᠷᠬᠤ ᠬᠦᠰᠡᠬᠦ᠂ ᠬᠡᠪ᠂ ᠪᠠᠶᠢᠳᠠᠯ᠂ ᠨᠥᠭᠦᠴᠡᠯ ᠦᠢᠯᠡ᠂ ᠲᠡᠮᠳᠡᠭ ᠦᠢᠯᠡ ᠵᠡᠷᠭᠡ 6 ᠵᠦᠢᠯ ᠤᠨ ᠬᠤᠪᠢᠯᠤᠯ ᠲᠠᠢ ᠶᠢ ᠮᠡᠳᠡᠬᠦ ᠶᠢᠨ ᠬᠠᠮᠲᠤ ᠲᠡᠳᠡᠭᠡᠷ ᠨᠥᠭᠦᠴᠡᠯ ᠤᠳ ᠢ ᠵᠥᠪ ᠤᠩᠰᠢᠵᠤ ᠵᠥᠪ ᠬᠡᠷᠡᠭᠯᠡᠵᠦ ᠴᠢᠳᠠᠬᠤ ᠳᠡᠭᠡᠷ᠎ᠡ ᠪᠤᠢ᠃      ᠳᠡᠭᠡᠳᠦ ᠳᠤᠮᠳᠠᠳᠤ ᠶᠢᠨ ᠱᠠᠲᠤᠨ ᠳᠤ ᠪᠠᠭ᠎ᠠ ᠰᠤᠷᠭᠠᠭᠤᠯᠢ ᠪᠠ ᠠᠩᠬ᠎ᠠ ᠳᠤᠮᠳᠠᠳᠤ ᠶᠢᠨ ᠱᠠᠲᠤᠨ ᠳᠤ ᠰᠤᠷᠤᠭᠰᠠᠨ ᠮᠤᠩᠭᠤᠯ ᠬᠡᠯᠡ ᠵᠦᠢ ᠶᠢᠨ ᠮᠡᠳᠡᠯᠭᠡ ᠶᠢ ᠨᠢ ᠡᠮᠬᠢᠯᠡᠵᠦ ᠰᠢᠰᠲ᠋ᠧᠮᠵᠢᠭᠦᠯᠬᠦ᠂ ᠭᠦᠨᠵᠡᠭᠡᠢᠷᠡᠭᠦᠯᠵᠦ ᠨᠠᠷᠢᠰᠬᠠᠬᠤ ᠪᠠ ᠶᠡᠭᠡ ᠳᠡᠭᠡᠳᠦ ᠰᠤᠷᠭᠠᠭᠤᠯᠢ ᠶᠢᠨ ᠲᠤᠰᠬᠠᠢ ᠮᠡᠷᠭᠡᠵᠢᠯ ᠤᠨ ᠬᠢᠴᠢᠶᠡᠯ ᠲᠠᠢ ᠠᠮᠠ ᠰᠡᠭᠡᠷ ᠵᠤᠯᠭᠠᠭᠤᠯᠬᠤ ᠶᠢ ᠪᠤᠳᠤᠯᠬᠢᠯᠠᠵᠤ ᠦᠭᠡᠰ ᠤᠨ ᠠᠶᠢᠮᠠᠭ ᠢ ᠭᠤᠷᠪᠠᠨ ᠳᠡᠰ ᠢᠶᠠᠷ ᠠᠶᠢᠮᠠᠭᠯᠠᠨ ᠬᠤᠪᠢᠶᠠᠪᠠ᠃ ᠠᠩᠬᠠᠨ ᠤ ᠳᠡᠰ ᠲᠤ ᠪᠤᠳᠠᠳᠤ ᠦᠭᠡ᠂ ᠬᠡᠶᠢᠰᠪᠥᠷᠢ ᠦᠭᠡ᠂ ᠠᠶᠠᠯᠭ᠎ᠠ ᠦᠭᠡ ᠭᠡᠬᠦ 3 ᠲᠤᠮᠤ ᠠᠶᠢᠮᠠᠭ ᠲᠤ ᠠᠩᠭᠢᠯᠠᠵᠠᠢ᠃ ᠬᠤᠶᠠᠳᠤᠭᠠᠷ ᠳᠡᠰ ᠲᠤ ᠪᠤᠳᠠᠳᠤ ᠦᠭᠡ ᠶᠢ ᠲᠤᠲᠤᠷ᠎ᠠ ᠨᠢ ᠨᠡᠷ᠎ᠡ ᠦᠭᠡ᠂ ᠦᠢᠯᠡ ᠦᠭᠡ᠂ ᠳᠦᠷᠰᠦᠯᠡᠬᠦ ᠦᠭᠡ︔ ᠬᠡᠶᠢᠰᠪᠦᠷᠢ ᠦᠭᠡ ᠶᠢ ᠳᠤᠲᠤᠷ᠎ᠠ ᠨᠢ ᠲᠠᠶᠢᠪᠤᠷᠢ ᠦᠭᠡ᠂ ᠳᠠᠭᠠᠪᠤᠷᠢ ᠦᠭᠡ᠂ ᠬᠤᠯᠪᠤᠬᠤ ᠦᠭᠡ᠂ ᠰᠤᠯᠠ ᠦᠭᠡ᠂ ᠬᠠᠨᠳᠤᠯᠭ᠎ᠠ ᠦᠭᠡ︔ ᠠᠶᠠᠯᠭ᠎ᠠ ᠦᠭᠡ ᠶᠢ ᠡᠨᠡ ᠳᠡᠭᠲᠡᠷ ᠲᠤ ᠳᠠᠬᠢᠵᠤ ᠠᠩᠬᠢᠯᠠᠭᠰᠠᠨ ᠦᠭᠡᠢ ᠪᠠᠷ ᠨᠡᠶᠢᠲᠡ 9 ᠠᠢᠮᠠᠭ ᠲᠤ ᠠᠩᠭᠢᠯᠠᠵᠠᠢ᠃ ᠭᠤᠷᠪᠠᠳᠤᠭᠠᠷ ᠳᠡᠰ ᠲᠤ ᠨᠡᠷ᠎ᠡ ᠦᠭᠡ ᠶᠢ ᠳᠤᠲᠤᠷ᠎ᠠ ᠨᠢ ᠵᠢᠩᠬᠢᠨᠢ ᠨᠡᠷ᠎ᠡ᠂ ᠲᠡᠮᠳᠡᠭ ᠨᠡᠷ᠎ᠡ ᠭᠡᠬᠦ ᠮᠡᠲᠦ ᠶᠢᠨ 4 ᠵᠦᠢᠯ︔ ᠲᠦᠷᠰᠦᠯᠡᠬᠦ ᠦᠭᠡ ᠶᠢ ᠳᠤᠲᠤᠷ᠎ᠠ ᠨᠢ ᠳᠦᠷᠢ ᠪᠠᠶᠢᠳᠠᠯ ᠢ ᠳᠦᠷᠰᠦᠯᠡᠬᠦ ᠦᠭᠡ᠂  ᠳᠠᠭᠤ ᠴᠢᠮᠡᠭᠡ ᠶᠢ ᠳᠦᠷᠰᠦᠯᠡᠬᠦ ᠦᠭᠡ ᠭᠡᠬᠦ ᠮᠡᠲᠦ 3 ᠵᠦᠢᠯ︔ ᠲᠠᠶᠢᠪᠤᠷᠢ ᠦᠭᠡ ᠶᠢ ᠳᠤᠲᠤᠷ᠎ᠠ ᠨᠢ ᠴᠠᠭ ᠤᠨ ᠳᠠᠶᠢᠪᠤᠷᠢ ᠦᠭᠡ᠂ ᠬᠢᠷᠢ ᠬᠡᠮᠵᠢᠶᠡᠨ ᠤ ᠳᠠᠶᠢᠪᠤᠷᠢ ᠦᠭᠡ ᠭᠡᠬᠦ 2 ᠵᠦᠢᠯ︔ ᠳᠠᠭᠠᠪᠤᠷᠢ ᠦᠭᠡ ᠶᠢ ᠳᠤᠲᠤᠷ᠎ᠠ ᠨᠢ ᠤᠷᠤᠨ ᠤ ᠳᠠᠭᠠᠪᠤᠷᠢ ᠦᠭᠡ᠂ ᠴᠠᠭ ᠤᠨ ᠳᠠᠭᠠᠪᠤᠷᠢ ᠦᠭᠡ ᠭᠡᠬᠦ 10 ᠵᠦᠢᠯ︔ ᠬᠤᠯᠪᠤᠬᠤ ᠦᠭᠡ ᠶᠢ ᠳᠤᠲᠤᠷ᠎ᠠ ᠨᠢ ᠵᠡᠷᠭᠡᠴᠡᠭᠦᠯᠦᠨ ᠬᠤᠯᠪᠤᠬᠤ ᠦᠭᠡ᠂ ᠰᠤᠩᠭᠤᠨ ᠬᠤᠯᠪᠤᠬᠤ ᠦᠭᠡ ᠭᠡᠬᠦ ᠮᠡᠲᠦ ᠶᠢᠨ 6 ᠵᠦᠢᠯ︔ ᠰᠤᠯᠠ ᠦᠭᠡ ᠶᠢ ᠳᠤᠲᠤᠷ᠎ᠠ ᠨᠢ ᠠᠰᠠᠭᠤᠬᠤ ᠰᠤᠯᠠ ᠦᠭᠡ᠂ ᠪᠠᠲᠤᠯᠠᠬᠤ ᠰᠤᠯᠠ ᠦᠭᠡ ᠭᠡᠬᠦ ᠮᠡᠲᠦ ᠶᠢᠨ 10 ᠵᠦᠢᠯ᠂ ᠬᠠᠨᠳᠤᠯᠭ᠎ᠠ ᠦᠭᠡ ᠶᠢ ᠳᠤᠲᠤᠷ᠎ᠠ ᠨᠢ ᠪᠠᠷᠤᠭᠯᠠᠵᠤ ᠲᠥᠰᠦᠭᠡᠯᠡᠬᠦ ᠬᠠᠨᠳᠤᠯᠭ᠎ᠠ ᠦᠭᠡ᠂ ᠪᠠᠲᠤᠯᠠᠬᠤ ᠬᠠᠨᠳᠤᠯᠭ᠎ᠠ ᠦᠭᠡ ᠭᠡᠬᠦ ᠮᠡᠲᠦ ᠶᠢᠨ 4 ᠵᠦᠢᠯ︔ ᠠᠶᠠᠯᠭ᠎ᠠ ᠦᠭᠡ ᠶᠢ ᠳᠤᠲᠤᠷ᠎ᠠ ᠨᠢ ᠰᠡᠷᠡᠯ ᠰᠡᠳᠬᠢᠯᠭᠡ ᠶᠢ ᠢᠯᠡᠳᠭᠡᠬᠦ ᠠᠶᠠᠯᠭ᠎ᠠ ᠦᠭᠡ ᠂ ᠳᠠᠭᠤᠳᠠᠬᠤ ᠠᠩᠬᠠᠷᠤᠭᠤᠯᠬᠤ ᠠᠶᠠᠯᠭ᠎ᠠ ᠦᠭᠡ ᠭᠡᠬᠦ 2 ᠵᠦᠢᠯ ᠳᠤ ᠠᠩᠬᠢᠯᠠᠵᠠᠢ᠃ ᠡᠬᠦᠨ ᠳᠤ ᠵᠢᠭᠠᠬᠤ ᠪᠠ ᠰᠤᠷᠬᠤ ᠶᠢᠨ ᠭᠤᠤᠯᠳᠠᠯᠭ᠎ᠠ ᠨᠢ᠄ ᠨᠢᠭᠡ ᠳᠤ᠂ ᠮᠤᠩᠭᠤᠯ ᠬᠡᠯᠡᠨ ᠤ ᠦᠬᠡᠰ ᠢ ᠡᠨᠡ ᠮᠡᠲᠦ ᠳᠡᠰ ᠳᠡᠰ ᠢᠶᠠᠷ ᠠᠶᠢᠮᠠᠭᠯᠠᠨ ᠬᠤᠪᠢᠶᠠᠵᠤ ᠰᠢᠨᠵᠢᠯᠡᠨ ᠰᠤᠳᠤᠯᠵᠤ ᠪᠠᠶᠢᠭ᠎ᠠ ᠪᠠᠶᠢᠳᠠᠯ ᠢ ᠮᠡᠳᠡᠭᠦᠯᠦᠨ᠎ᠡ︔ ᠬᠤᠶᠠᠷ ᠲᠤ᠂ ᠳᠡᠭᠡᠳᠦ ᠳᠤᠮᠳᠠᠳᠤ ᠪᠠᠨ ᠲᠡᠭᠦᠰᠭᠡᠭᠰᠡᠳ ᠤᠨ ᠦᠨᠳᠦᠰᠦᠨ ᠮᠡᠳᠡᠯᠭᠡ ᠶᠢᠨ ᠬᠤᠪᠢ ᠪᠠᠷ᠂ ᠠᠩᠬᠠᠨ ᠤ ᠳᠡᠰ ᠤᠨ ᠭᠤᠷᠪᠠᠨ ᠠᠶᠢᠮᠠᠭ ᠦᠭᠡ ᠲᠤᠰ ᠪᠥᠷᠢ ᠶᠠᠮᠠᠷ  ᠣᠨᠴᠠᠯᠢᠭ ᠲᠠᠢ ᠪᠠᠶᠢᠳᠠᠭ︔ ᠬᠤᠶᠠᠳᠤᠭᠠᠷ ᠳᠡᠰ ᠤᠨ  ᠠᠶᠠᠯᠭ᠎ᠠ  ᠦᠭᠡ ᠠᠴᠠ  ᠪᠤᠰᠤᠳ ᠨᠠᠢᠮᠠᠨ ᠠᠶᠢᠮᠠᠭ ᠦᠭᠡ ᠲᠤᠰ ᠪᠥᠷᠢ ᠶᠠᠮᠠᠷ ᠤᠨᠴᠠᠯᠢᠭ ᠲᠠᠢ ᠪᠠᠶᠢᠳᠠᠭ︔ ᠭᠤᠷᠪᠠᠳᠤᠭᠠᠷ ᠳᠡᠰ ᠤᠨ ᠳᠤᠲᠤᠷ᠎ᠠ ᠠᠴᠠ ᠭᠤᠤᠯ ᠬᠡᠳᠦᠨ ᠠᠶᠢᠮᠠᠭ᠂ ᠳᠤᠬᠠᠢᠢᠯᠠᠪᠠᠯ᠂ ᠵᠢᠩᠬᠢᠨᠢ ᠨᠡᠷ᠎ᠠ᠂ ᠲᠡᠮᠳᠡᠭ ᠨᠡᠷ᠎ᠡ᠂ ᠲᠤᠭᠠᠨ ᠤ ᠨᠡᠷ᠎ᠡ᠂ ᠴᠠᠭ ᠤᠷᠤᠨ ᠤ ᠨᠡᠷ᠎ᠡ᠂ ᠲᠥᠯᠦᠭᠡᠨ ᠤ ᠨᠡᠷ᠎ᠡ᠂ ᠡᠩ ᠤᠨ ᠦᠢᠯᠡ ᠦᠭᠡ᠂ ᠲᠥᠯᠦᠭᠡᠨ ᠤ ᠦᠢᠯᠡ ᠦᠭᠡ ᠭᠡᠳᠡᠭ ᠨᠢ ᠲᠤᠰ ᠲᠤᠰ ᠶᠠᠭᠤ ᠶᠢ ᠵᠢᠭᠠᠵᠤ ᠪᠠᠶᠢᠳᠠᠭ ᠢ ᠮᠡᠳᠡᠭᠡᠳ ᠶᠡᠭᠡ ᠲᠥᠯᠦᠪ ᠢᠯᠭᠠᠭᠠᠳ ᠴᠢᠳᠠᠪᠠᠯ ᠪᠤᠯᠴᠢᠬᠠᠨ᠎ᠠ᠃ ᠡᠭᠦᠨ ᠠᠴᠠ ᠴᠠᠰᠢ ᠨᠠᠷᠢᠰᠬᠠᠨ ᠰᠢᠨᠵᠢᠵᠦ ᠰᠤᠳᠤᠯᠬᠤ ᠪᠤᠶᠤ ᠰᠤᠷᠴᠤ ᠡᠵᠡᠮᠰᠢᠬᠦ ᠶᠢ ᠶᠡᠭᠡ ᠳᠡᠭᠡᠳᠦ ᠰᠤᠷᠭᠠᠭᠤᠯᠢ ᠶᠢᠨ ᠲᠤᠰᠬᠠᠢ ᠮᠡᠷᠭᠡᠵᠢᠯ ᠳᠤ ᠦᠯᠡᠳᠡᠭᠡᠵᠦ ᠥᠭᠭᠦᠨ᠎ᠡ᠃       ᠢᠡᠭᠭᠢᠵᠦ ᠲᠤᠬᠢᠷᠠᠭᠤᠯᠤᠭᠰᠠᠨ ᠢ ᠨᠠᠷᠢᠪᠴᠢᠯᠠᠵᠤ ᠰᠠᠶᠢᠬᠠᠨ ᠤᠩᠰᠢᠭ᠎ᠠ ᠦᠭᠡᠢ ᠵᠠᠷᠢᠮ ᠪᠠᠭᠰᠢ ᠬᠠᠯᠲᠤ ᠤᠷᠪᠠᠭᠤᠯᠤᠭᠰᠠᠨ ᠠᠩᠬᠠᠨ ᠤ ᠰᠡᠳᠬᠢᠭᠳᠡᠯ ᠢᠶᠠᠷ ᠢᠶᠠᠨ ᠤᠤᠯ ᠤᠨ ᠠᠷᠪᠠᠨ ᠠᠶᠢᠮᠠᠭ ᠨᠢ ᠶᠠᠭᠠᠬᠢᠭᠠᠳ ᠡᠶᠢᠮᠦ ᠪᠤᠯᠴᠢᠬᠠᠪᠠ︖ ᠨᠡᠷ᠎ᠡ ᠦᠭᠡ ᠲᠡᠮᠳᠡᠭ ᠦᠭᠡ ᠭᠡᠵᠦ ᠪᠠᠶᠢᠭᠰᠠᠨ ᠢ ᠶᠠᠭᠠᠬᠢᠭᠠᠳ ᠵᠢᠩᠬᠢᠨᠢ ᠨᠡᠷ᠎ᠡ᠂ ᠲᠡᠮᠳᠡᠭ ᠨᠡᠷ᠎ᠡ ᠭᠡᠬᠦ ᠪᠤᠯᠴᠢᠬᠠᠪᠠ︖ ᠶᠠᠭᠠᠬᠢᠭᠠᠳ ᠳᠠᠶᠢᠪᠤᠷᠢ ᠦᠭᠡ ᠬᠡᠶᠢᠰᠪᠦᠷᠢ ᠦᠭᠡᠨ ᠳᠤ ᠤᠷᠤᠴᠢᠬᠠᠭᠠᠳ ᠴᠠᠭ ᠤᠷᠤᠨ ᠤ ᠨᠡᠷ᠎ᠡ᠂ ᠳᠦᠷᠰᠦᠯᠡᠬᠦ ᠦᠭᠡ᠂ ᠬᠠᠨᠳᠤᠯᠭ᠎ᠠ ᠦᠭᠡ ᠭᠡᠬᠦ ᠮᠡᠲᠦ ᠶᠢᠨ ᠰᠢᠨ᠎ᠡ ᠠᠶᠢᠮᠠᠭ ᠨᠡᠮᠡᠭᠳᠡᠴᠢᠬᠡᠪᠡ︖ ᠬᠡᠮᠡᠨ ᠡᠭᠡᠳᠡᠷᠡᠨ ᠪᠤᠳᠤᠯᠢᠭᠰᠠᠨ ᠪᠠᠶᠢᠨ᠎ᠠ᠃       ᠲᠡᠭᠡᠪᠡᠯ ᠶᠠᠭᠤᠨ ᠤ ᠤᠴᠢᠷ ᠠᠴᠠ ᠤᠤᠯ ᠤᠨ ᠨᠢᠭᠡ ᠯᠡ ᠳᠡᠰ ᠲᠤ ᠬᠠᠪᠲᠠᠭᠠᠢᠢᠷᠠᠭᠤᠯᠤᠭᠠᠳ ᠠᠷᠪᠠ ᠬᠤᠪᠢᠶᠠᠵᠤ ᠪᠠᠶᠢᠭᠰᠠᠨ ᠢ ᠬᠤᠶᠠᠷ ᠪᠤᠶᠤ ᠭᠤᠷᠪᠠᠨ ᠳᠡᠰ ᠢᠶᠠᠷ ᠳᠡᠭᠲᠡᠷᠯᠡᠨ ᠬᠤᠪᠢᠶᠠᠬᠤ ᠪᠤᠯᠤᠭᠰᠠᠨ ᠪᠤᠢ ᠭᠡᠪᠡᠯ᠄ ᠪᠥᠬᠦᠯᠢ ᠪᠥᠲᠦᠨ ᠶᠠᠭᠤᠮ᠎ᠠ ᠶᠢ ᠶᠠᠮᠠᠷ ᠨᠢᠭᠡᠨ ᠨᠡᠶᠢᠲᠡᠯᠢᠭ ᠤᠨᠴᠠᠯᠢᠭ ᠢᠶᠠᠷ ᠨᠢ ᠤᠷᠢᠳᠠᠪᠡᠷ ᠬᠡᠳᠦᠨ ᠶᠡᠭᠡ ᠬᠡᠰᠡᠭ ᠲᠤ ᠠᠩᠬᠢᠯᠠᠨ ᠬᠤᠪᠢᠶᠠᠵᠤ ᠳᠠᠷᠠᠭ᠎ᠠ ᠨᠢ ᠲᠠᠬᠢᠭᠠᠳ ᠪᠠᠰᠠ ᠳᠡᠰ ᠳᠡᠰ ᠢᠶᠠᠷ ᠢᠶᠠᠨ ᠤᠯᠠᠮ ᠨᠠᠷᠢᠰᠬᠠᠨ ᠵᠠᠳᠠᠯᠵᠤ ᠰᠢᠨᠵᠢᠳᠡᠭ ᠰᠢᠨᠵᠢᠯᠡᠬᠦ ᠤᠬᠠᠭᠠ ᠤ ᠵᠠᠳᠠᠯᠤᠯᠲᠠ ᠬᠢᠬᠦ ᠠᠷᠭ᠎ᠠ ᠶᠢ ᠮᠡᠳᠡᠭᠦᠯᠬᠦ ᠵᠨ ᠬᠠᠮᠲᠤ ᠮᠤᠩᠭᠤᠯ ᠬᠡᠯᠡᠨ ᠤ ᠡᠯ᠎ᠠ ᠪᠥᠲᠦᠴᠡ ᠪᠥᠷᠢᠯᠳᠦᠭᠦᠨ ᠤ ᠳᠡᠰ ᠲᠠᠪᠬᠤᠷᠭᠠᠲᠤ ᠰᠢᠨᠵᠢ ᠶᠢ ᠨᠢ ᠦᠵᠡᠭᠦᠯᠬᠦ ᠭᠡᠰᠡᠨ ᠵᠤᠷᠢᠯᠭ᠎ᠠ ᠲᠠᠢ ᠶᠤᠮ᠃ ᠡᠨᠡ ᠵᠤᠭᠰᠤᠴᠠ ᠠᠴᠠ ᠬᠡᠯᠡᠪᠡᠯ ᠤᠤᠯ ᠤᠨ ᠲᠡᠷᠡ ᠬᠦ ᠬᠠᠪᠲᠠᠭᠠᠢᠢᠷᠠᠭᠤᠯᠤᠭᠠᠳ ᠠᠷᠪᠠ ᠠᠶᠢᠮᠠᠭᠯᠠᠳᠠᠭ ᠮᠡᠳᠡᠯᠭᠡ ᠶᠢ ᠬᠠᠭᠤᠴᠢᠷᠠᠭᠰᠠᠨ᠂ ᠰᠢᠨᠵᠢᠯᠡᠬᠦ ᠤᠬᠠᠭᠠᠨᠴᠢ ᠴᠢᠨᠠᠷ ᠢᠶᠠᠷ ᠲᠤᠲᠠᠮᠠᠭ ᠭᠡᠵᠦ ᠰᠢᠭᠦᠮᠵᠢᠯᠡᠳᠡᠭ ᠨᠢ ᠵᠥᠪ ᠪᠢᠯᠡ᠃ ᠶᠠᠭᠤᠨ ᠤ ᠤᠴᠢᠷ ᠠᠴᠠ ᠵᠢᠩᠬᠢᠨᠢ ᠨᠡᠷ᠎ᠡ ᠲᠡᠮᠳᠡᠭ ᠨᠡᠷ᠎ᠡ ᠭᠡᠬᠦ ᠨᠡᠷ᠎ᠡ ᠲᠤᠮᠢᠶ᠎ᠠ ᠶᠢ ᠬᠡᠷᠡᠭᠯᠡᠬᠦ ᠪᠤᠯᠤᠭᠰᠠᠨ ᠪᠤᠢ ᠭᠡᠪᠡᠯ᠄ ᠨᠢᠭᠡ ᠳᠤ ᠦᠭᠡᠰ ᠢ ᠳᠡᠰ ᠳᠡᠰ ᠢᠶᠠᠷ ᠠᠶᠢᠮᠠᠭᠯᠠᠬᠤ ᠶᠢᠨ ᠬᠡᠷᠡᠭᠴᠡᠭᠡ ᠪᠠᠷ︔ ᠬᠤᠶᠠᠷ ᠲᠤ ᠤᠤᠯ ᠤᠨ ᠲᠡᠮᠳᠡᠭ ᠦᠭᠡ ᠲᠤᠭᠠᠨ ᠤ ᠦᠭᠡ ᠭᠡᠬᠦ ᠮᠡᠲᠦ ᠪᠠᠷ ᠨᠡᠷᠡᠯᠡᠵᠦ ᠪᠠᠶᠢᠳᠠᠭ ᠦᠭᠡᠰ ᠤᠳ ᠨᠢ ᠮᠥᠨ ᠴᠢᠨᠠᠷ ᠳᠡᠭᠡᠷ᠎ᠡ ᠪᠠᠨ ᠮᠥᠨ ᠯᠡ ᠲᠤᠬᠠᠢ ᠶᠢᠨ ᠶᠠᠭᠤᠮ᠎ᠠ ᠦᠵᠡᠭᠳᠡᠯ ᠢ ᠵᠢᠭᠠᠨ ᠨᠡᠷᠡᠯᠡᠭᠰᠡᠨ ᠨᠡᠷ᠎ᠡ ᠪᠤᠯᠬᠤᠷ ᠪᠥᠭᠦᠳᠡ ᠶᠢ ᠨᠡᠷ᠎ᠡ ᠦᠭᠡ ᠶᠢᠨ ᠠᠶᠢᠮᠠᠭ ᠲᠤ ᠪᠠᠭᠲᠠᠭᠠᠵᠤ ᠲᠡᠮᠳᠡᠭ ᠨᠡᠷ᠎ᠡ ᠲᠥᠯᠦᠭᠡᠨ ᠤ ᠨᠡᠷ᠎ᠡ ᠭᠡᠬᠦ ᠮᠡᠲᠦ  ᠪᠠᠷ ᠨᠡᠷᠡᠯᠡᠭᠰᠡᠨ ᠨᠢ ᠦᠭᠡ ᠵᠦᠢ ᠶᠢᠨ ᠬᠡᠯᠪᠡᠷᠢ ᠲᠠᠢ ᠮᠤᠩᠭᠤᠯ ᠬᠡᠯᠡᠨ ᠤ ᠤᠨᠴᠠᠯᠢᠭ ᠲᠤ ᠨᠡᠩ ᠲᠤᠬᠢᠷᠠᠨ᠎ᠠ᠂ ᠬᠠᠷᠢᠨ ᠲᠡᠮᠳᠡᠭ ᠦᠭᠡ ᠲᠤᠭᠠᠨ ᠤ ᠦᠭᠡ ᠭᠡᠵᠦ ᠠᠰ ᠠᠰ ᠲᠦᠨᠢ ᠨᠡᠷᠡᠯᠡᠬᠦ ᠨᠢ ᠬᠢᠲᠠᠳ ᠬᠡᠯᠡ ᠮᠡᠲᠦ ᠶᠢᠨ ᠦᠭᠡ ᠵᠦᠢ ᠶᠢᠨ ᠬᠡᠯᠪᠡᠷᠢ ᠦᠭᠡᠢ ᠬᠡᠯᠡᠨ ᠳᠤ ᠢᠯᠡᠭᠦᠦ ᠲᠤᠬᠢᠷᠠᠮᠵᠢᠲᠠᠢ ᠶᠤᠮ᠃ ᠶᠠᠭᠤᠨ ᠤ ᠤᠴᠢᠷ ᠠᠴᠠ ᠤᠤᠯ ᠤᠨ ᠳᠠᠶᠢᠪᠤᠷᠢ  ᠦᠭᠡ  ᠶᠢᠨ ᠠᠶᠢᠮᠠᠭ ᠢ ᠬᠡᠳᠦᠨ ᠲᠡᠰᠢ ᠰᠠᠯᠭᠠᠭᠰᠠᠨ ᠪᠤᠢ ᠭᠡᠪᠡᠯ᠄ ᠤᠤᠯ ᠤᠨ ᠠᠷᠪᠠᠨ ᠠᠶᠢᠮᠠᠭ ᠤᠨ ᠳᠤᠲᠤᠷ᠎ᠠ ᠳᠠᠶᠢᠪᠤᠷᠢ ᠦᠭᠡ ᠶᠢᠨ ᠠᠶᠢᠮᠠᠭ ᠪᠤᠳᠠᠲᠤ ᠦᠭᠡ ᠬᠡᠶᠢᠰᠪᠦᠷᠢ ᠦᠭᠡ ᠬᠤᠶᠠᠭᠤᠯᠡ ᠶᠢᠨ ᠳᠤᠮᠳᠠ ᠤᠷᠤᠰᠢᠵᠤ ᠳᠤᠳᠤᠷᠬᠠᠢ ᠠᠯᠢ ᠨᠢᠭᠡᠨ ᠠᠶᠢᠮᠠᠭ ᠲᠤ ᠬᠤᠪᠢᠶᠠᠵᠤ ᠤᠷᠤᠭᠤᠯᠬᠤ ᠶᠢᠨ ᠠᠷᠭ᠎ᠠ  ᠦᠭᠡᠢ ᠨᠢᠭᠡ ᠪᠥᠯᠦᠭ ᠦᠭᠡᠰ ᠢ ᠲᠡᠭᠦᠨ ᠳᠤ ᠴᠢᠬᠢᠵᠦ ᠤᠷᠤᠭᠤᠯᠳᠠᠭ ᠭᠠᠵᠠᠷ ᠪᠠᠶᠢᠪᠠ᠃ ᠳᠡᠭᠡᠷ᠎ᠡ ᠵᠠᠭᠤᠨ ᠤ ᠨᠠᠶᠠᠭᠠᠳ ᠤᠨ ᠠᠴᠠ ᠬᠤᠶᠢᠰᠢᠬᠢ ᠮᠤᠩᠭᠤᠯ ᠬᠡᠯᠡ ᠰᠤᠳᠤᠯᠭᠠᠨ ᠳᠤ ᠡᠶᠢᠮᠦ ᠪᠠᠯᠠᠷᠬᠠᠢ ᠠᠰᠠᠭᠤᠳᠠᠯ ᠢ ᠤᠯᠠᠮ ᠤᠯᠠᠮ ᠢᠶᠠᠷ ᠰᠢᠨᠵᠢᠵᠦ ᠲᠤᠳᠤᠷᠠᠭᠤᠯᠤᠭᠠᠳ ᠤᠳᠬ᠎ᠠ ᠶᠢᠨ ᠬᠤᠪᠢ ᠳᠤ ᠪᠤᠳᠠᠲᠤ ᠦᠭᠡ ᠶᠢᠨ ᠰᠢᠨᠵᠢ ᠲᠠᠢ᠂ ᠦᠭᠡ ᠪᠥᠲᠦᠭᠡᠬᠦ ᠦᠨᠳᠦᠰᠦ ᠰᠠᠭᠤᠷᠢ ᠪᠤᠯᠵᠤ ᠴᠢᠳᠠᠬᠤ ᠲᠦᠷᠢ ᠪᠠᠶᠢᠳᠠᠯ ᠤᠨ ᠲᠠᠶᠢᠪᠤᠷᠢ ᠦᠭᠡ ᠂ ᠳᠠᠭᠤ ᠴᠢᠮᠡᠭᠡᠨ ᠤ ᠳᠠᠶᠢᠪᠤᠷᠢ ᠦᠭᠡ ᠶᠢ ᠳᠦᠷᠰᠦᠯᠡᠬᠦ ᠦᠭᠡ ᠭᠡᠳ᠂ ᠴᠠᠭ ᠤᠨ ᠳᠠᠶᠢᠪᠤᠷᠢ ᠦᠭᠡ᠂ ᠤᠷᠤᠨ ᠤ ᠳᠠᠶᠢᠪᠤᠷᠢ ᠦᠭᠡ ᠶᠢ ᠴᠠᠭ ᠤᠷᠤᠨ ᠤ ᠨᠡᠷ᠎ᠡ ᠭᠡᠳ ᠪᠤᠳᠠᠳᠤ ᠦᠭᠡ ᠶᠢᠨ ᠠᠶᠢᠮᠠᠭ ᠲᠤ ᠤᠷᠤᠭᠤᠯᠵᠠᠢ︔ ᠬᠢᠷᠢ ᠬᠡᠮᠵᠢᠶᠡᠨ ᠤ ᠳᠠᠶᠢᠪᠤᠷᠢ ᠦᠭᠡ ᠶᠢᠨ ᠳᠤᠲᠤᠷᠠᠬᠢ ᠬᠢᠷᠢ ᠬᠡᠮᠵᠢᠶ᠎ᠠ ᠶᠢ ᠢᠯᠡᠳᠭᠡᠬᠦ ᠪᠢᠰᠢ ᠬᠠᠷᠢᠨ ᠤᠪᠤᠷ ᠬᠠᠨᠳᠤᠯᠭ᠎ᠠ ᠶᠢ ᠢᠯᠡᠳᠭᠡᠬᠦ ᠦᠭᠡᠰ ᠢ ᠰᠠᠯᠭᠠᠵᠤ ᠭᠠᠷᠭᠠᠭᠠᠳ ᠠᠯᠢ ᠴᠤ ᠠᠶᠢᠮᠠᠭ ᠲᠤ ᠪᠠᠭᠲᠠᠭᠠᠬᠤ ᠶᠢᠨ ᠠᠷᠭ᠎ᠠ ᠦᠭᠡᠢ ᠪᠠᠶᠢᠭᠰᠠᠨ ᠨᠢᠭᠡ ᠪᠥᠯᠦᠭ ᠦᠭᠡᠰ ᠲᠠᠢ ᠨᠡᠶᠢᠯᠡᠭᠦᠯᠦᠭᠡᠳ ᠬᠠᠨᠳᠤᠯᠭ᠎ᠠ ᠦᠭᠡ ᠭᠡᠵᠦ ᠠᠶᠢᠮᠠᠭᠯᠠᠭᠠᠳ ᠦᠯᠡᠳᠡᠭᠰᠡᠨ ᠲᠠᠶᠢᠪᠤᠷᠢ ᠦᠭᠡ ᠶᠢᠨ ᠠᠶᠢᠮᠠᠭ ᠲᠠᠢ ᠨᠢ ᠬᠠᠮᠲᠤ ᠬᠡᠶᠢᠰᠪᠦᠷᠢ ᠦᠭᠡ ᠶᠢᠨ ᠠᠶᠢᠮᠠᠭ ᠲᠤ ᠵᠢᠭᠰᠠᠭᠠᠵᠠᠢ᠃ ᠤᠤᠯ ᠠᠴᠠ ᠪᠠᠨ ᠮᠤᠩᠭᠤᠯ ᠬᠡᠯᠠ ᠵᠦᠢ ᠪᠠᠨ  ᠦᠨᠡᠨ ᠰᠡᠳᠭᠢᠯ  ᠠᠴᠠ ᠪᠠᠨ ᠰᠤᠷᠴᠤ ᠡᠵᠡᠮᠰᠢᠭᠡᠳ ᠥᠷᠭᠦᠯᠵᠢ ᠡᠨᠡ ᠲᠤᠬᠠᠢ ᠰᠤᠳᠤᠯᠭᠠᠨ ᠤ ᠪᠠᠶᠢᠳᠠᠯ ᠢ ᠠᠩᠬᠠᠷᠴᠤ ᠪᠠᠶᠢᠭ᠎ᠠ ᠬᠥᠮᠦᠨ ᠪᠤᠯ ᠡᠨᠡᠦᠬᠡᠨ ᠭᠡᠮᠵᠢᠶᠠᠠ ᠤ ᠠᠭᠤᠯᠭ᠎ᠠ ᠶᠢᠨ ᠲᠤᠬᠢᠷᠠᠭᠤᠯᠤᠯᠳᠠ ᠳᠤ ᠠᠷᠠᠢ ᠲᠡᠭᠡᠵᠤ ᠡᠭᠡᠳᠡᠷᠡᠵᠤ ᠪᠤᠳᠤᠯᠢᠮᠠᠷ ᠦᠭᠡᠢ ᠶᠤᠮ ᠡ︕        ᠳᠤᠯᠤᠭ᠎ᠠ᠂ ᠦᠭᠡ ᠬᠤᠯᠪᠤᠬᠤ 6 ᠬᠡᠪ ᠭᠡᠳᠡᠭ ᠤᠨ ᠲᠤᠬᠠᠢ      ᠥᠡᠭᠭᠡᠷᠡᠭᠰᠡᠨ ᠤ ᠮᠤᠩᠭᠤᠯ ᠬᠡᠯᠠ ᠵᠦᠢ ᠶᠢᠨ ᠰᠤᠷᠬᠤ ᠪᠢᠴᠢᠭ ᠲᠤ ᠬᠤᠯᠪᠤᠭ᠎ᠠ ᠦᠭᠡ ᠶᠢᠨ ᠲᠤᠬᠠᠢ ᠲᠠᠶᠢᠯᠪᠤᠷᠢᠯᠠᠬᠤ ᠳᠤ ᠵᠥᠪᠬᠡᠨ ᠬᠤᠯᠪᠤᠭ᠎ᠠ ᠦᠭᠡ ᠶᠢᠨ ᠲᠥᠷᠦᠯ ᠵᠦᠢᠯ ᠢ ᠲᠠᠨᠢᠯᠴᠠᠭᠤᠯᠬᠤ ᠪᠠᠷ ᠭᠤᠤᠯ ᠪᠤᠯᠭᠠᠳᠠᠭ᠃ ᠡᠨᠡ  ᠨᠢ ᠶᠠᠭ ︽ᠪᠤᠳᠠᠳᠤ ᠬᠡᠷᠡᠭᠯᠡᠭᠡᠨ ᠤ ᠥᠷᠲᠡᠭ ᠢᠶᠠᠷ ᠲᠤᠲᠠᠮᠠᠭ︾᠂ ᠦᠭᠡᠷ᠎ᠡ ᠪᠠᠷ ᠬᠡᠯᠡᠪᠡᠯ ᠲᠡᠮᠡᠢ ᠬᠡᠷᠡᠭ ᠦᠭᠡᠢ ᠮᠡᠳᠡᠯᠭᠡ ᠶᠢ ᠭᠤᠤᠯ ᠪᠤᠯᠭᠠᠵᠤ ᠪᠠᠶᠢᠨ᠎ᠠ ᠭᠡᠰᠡᠨ ᠰᠢᠭᠦᠮᠵᠢᠯᠡᠯ ᠳᠤ ᠤᠨᠤᠭᠳᠠᠵᠤ ᠪᠠᠶᠢᠭ᠎ᠠ ᠲᠠᠯ᠎ᠠ ᠶᠤᠮ᠃ ᠲᠡᠬᠡᠪᠡᠯ ᠬᠤᠯᠪᠤᠭ᠎ᠠ ᠦᠭᠡ ᠶᠢᠨ ᠬᠡᠰᠡᠭ ᠲᠤ ᠴᠤᠬᠤᠮ ᠶᠠᠮᠠᠷ ᠠᠭᠤᠯᠭ᠎ᠠ ᠨᠢ ᠮᠤᠩᠭᠤᠯ ᠬᠡᠯᠡ ᠵᠦᠢ ᠰᠤᠷᠤᠭᠰᠠᠳ ᠲᠤ ᠭᠤᠤᠯ ᠬᠡᠷᠡᠭ ᠲᠠᠢ ᠵᠦᠢᠯ ᠪᠤᠢ ᠭᠡᠪᠡᠯ ᠂ ᠮᠤᠩᠭᠤᠯ ᠬᠡᠯᠨ ᠤ ᠦᠭᠡ ᠬᠤᠯᠪᠤᠬᠤ ᠠᠷᠭ᠎ᠠ ᠪᠤᠯᠤᠨ ᠦᠭᠡ ᠬᠤᠯᠪᠤᠬᠤ ᠬᠡᠪ ᠵᠠᠭᠪᠤᠷ ᠤᠳ ᠪᠤᠯᠤᠨ᠎ᠠ᠂ ᠡᠨᠡ ᠨᠢ ᠪᠠᠰᠠ ᠴᠤ ᠡᠨᠡ ᠤᠳᠠᠭ᠎ᠠ ᠶᠢᠨ ᠰᠢᠨᠡᠴᠢᠯᠡᠵᠦ ᠨᠠᠶᠢᠷᠠᠭᠤᠯᠤᠭᠰᠠᠨ ᠵᠦᠢᠯ ᠶᠤᠮ᠃ ᠨᠠᠷᠢᠨ ᠠᠭᠤᠯᠭ᠎ᠠ  ᠶᠢ ︽ᠦᠬᠡ ᠬᠡᠯᠡ ᠦᠰᠦᠭ ᠪᠢᠴᠢᠭ ᠤᠨ ᠬᠡᠷᠡᠭᠯᠡᠭᠡᠨ︾ ᠭᠡᠬᠦ ᠰᠤᠷᠬᠤ ᠪᠢᠴᠢᠭ ᠲᠤ ᠦᠵᠡᠭᠡᠷᠡᠢ᠃      ᠠᠳᠡ ᠬᠦᠷᠲᠡᠯ᠎ᠡ ᠲᠤᠳᠤᠷᠬᠠᠢᠢᠯᠠᠭᠠᠳ ᠡᠭᠡᠳᠡᠷᠡᠨ ᠪᠤᠳᠤᠯᠢᠵᠤ ᠪᠠᠶᠢᠭ᠎ᠠ ᠨᠥᠬᠦᠳ ᠲᠤ ᠬᠡᠳᠦᠨ ᠵᠦᠢᠯ ᠢ ᠰᠠᠨᠠᠭᠤᠯᠤᠮᠠᠷ ᠪᠠᠶᠢᠨ᠎ᠠ᠄ ᠨᠢᠭᠡ ᠳᠤ᠂ ᠬᠢᠷᠢ ᠲᠡᠩᠴᠡᠭᠰᠡᠨ ᠬᠡᠯᠡ ᠪᠢᠴᠢᠭ ᠤᠨ ᠪᠠᠭᠰᠢ ᠪᠤᠯᠤᠶ᠎ᠠ ᠭᠡᠪᠡᠯ ᠮᠤᠩᠭᠤᠯ ᠬᠡᠯᠡ ᠤᠳᠬ᠎ᠠ ᠵᠤᠬᠢᠶᠠᠯ ᠤᠨ ᠮᠡᠳᠡᠴᠡ ᠮᠡᠳᠡᠯᠭᠡ ᠪᠠᠨ ᠲᠠᠰᠤᠷᠠᠯᠲᠠ ᠦᠭᠡᠢ ᠰᠢᠨᠡᠳᠭᠡᠨ ᠥᠷᠭᠡᠵᠢᠭᠦᠯᠵᠦ ᠨᠠᠷᠢᠰᠬᠠᠨ ᠭᠦᠨᠵᠡᠭᠡᠢᠷᠡᠭᠦᠯᠵᠦ  ᠪᠠᠶᠢᠭᠠᠷᠠᠢ᠃ ᠲᠡᠶᠢᠮᠦ ᠪᠢᠰᠢ ᠪᠤᠯ ᠴᠠᠭ ᠦᠶ᠎ᠡ ᠠᠴᠠ ᠬᠤᠴᠤᠷᠴᠤ ᠬᠠᠭᠤᠴᠢᠷᠠᠭᠰᠠᠨ᠂ ᠪᠤᠲᠠᠳᠤ ᠬᠡᠷᠡᠭᠯᠡᠭᠡᠨ ᠤ ᠦᠷᠲᠡᠭ ᠦᠭᠡᠢ ᠮᠡᠳᠡᠯᠭᠡ ᠪᠠᠷ ᠬᠡᠦᠬᠡᠳ ᠪᠠᠭᠠᠴᠤᠳ ᠤᠨ ᠤᠷᠮ᠎ᠠ ᠶᠢ ᠬᠤᠭᠤᠯᠵᠤ ᠰᠤᠷᠬᠤ ᠵᠠᠮ ᠢ ᠨᠢ ᠪᠤᠭᠤᠭᠳᠠᠭᠤᠯᠤᠨ ᠪᠤᠳᠤᠯᠢᠭᠤᠯᠵᠤ ᠮᠡᠳᠡᠨ᠎ᠡ ᠰᠢᠦ ᠳ᠋ᠠ᠃ ᠬᠤᠶᠠᠷ ᠲᠤ᠂ ᠰᠤᠷᠬᠤ ᠪᠢᠴᠢᠭ ᠨᠠᠶᠢᠷᠠᠭᠤᠯᠬᠤ ᠪᠤᠯ ᠴᠢᠩᠭ᠎ᠠ ᠲᠢᠭ ᠵᠢᠷᠤᠮ ᠲᠠᠢ᠂ ᠮᠠᠰᠢ ᠲᠤᠳᠤᠷᠬᠠᠢ ᠡᠰᠢ ᠦᠨᠳᠦᠰᠦᠯᠡᠯ ᠲᠠᠢ ᠶᠠᠪᠤᠭᠳᠠᠬᠤ ᠠᠵᠢᠯ ᠭᠡᠳᠡᠭ ᠢ ᠤᠢᠢᠯᠠᠭᠠᠭᠠᠷᠠᠢ᠃ ᠬᠡᠨ ᠨᠢᠭᠡᠨ ᠬᠥᠮᠦᠨ ᠤ ᠪᠡᠶ᠎ᠡ ᠪᠠᠨ ᠮᠠᠵᠤᠤᠯᠠᠵᠤ ᠡᠷᠳᠡᠮ ᠢᠶᠠᠨ ᠭᠠᠶᠢᠬᠠᠭᠤᠯᠬᠤ ᠪᠤᠶᠤ ᠰᠠᠨᠠᠭᠠᠨ ᠲᠠᠪᠠ ᠪᠠᠷ ᠢᠶᠠᠨ ᠦᠢᠯᠡᠳᠦᠭᠡᠳ ᠪᠤᠯᠳᠠᠭ ᠵᠦᠢᠯ ᠪᠢᠰᠢ ᠡ᠃ ᠭᠤᠷᠪᠠ ᠳᠤ᠂ ᠵᠢᠩᠬᠢᠨᠢ  ᠰᠠᠶᠢᠨ ᠪᠠᠭᠰᠢ ᠪᠤᠯᠤᠶ᠎ᠠ ᠭᠡᠪᠡᠯ ᠤᠳᠤ ᠶᠢᠨ ᠰᠤᠷᠤᠭᠴᠢ ᠪᠠᠨ ᠰᠠᠶᠢᠲᠤᠷ ᠤᠢᠢᠯᠠᠭᠠᠭᠰᠠᠨ ᠰᠠᠭᠤᠷᠢᠨ ᠳᠡᠭᠡᠷ᠎ᠡ ᠰᠤᠷᠬᠤ ᠪᠢᠴᠢᠭ ᠢ ᠰᠠᠶᠢᠲᠤᠷ ᠰᠢᠨᠵᠢᠨ ᠰᠤᠳᠤᠯᠵᠤ ᠤᠬᠠᠭᠠᠨ ᠢ ᠨᠢ ᠤᠯᠤᠭᠠᠳ ᠠᠮᠢᠯᠠᠭᠤᠯᠤᠭᠠᠷᠠᠢ᠃ ᠪᠠᠭᠰᠢ ᠨᠢ ᠥᠪᠡᠷ ᠢᠶᠠᠨ ᠪᠤᠳᠤᠯᠢᠵᠤ ᠲᠥᠬᠡᠷᠢᠬᠦ ᠦᠭᠡᠢ ᠪᠤᠯ ᠰᠤᠷᠤᠭᠴᠢ ᠪᠤᠳᠤᠯᠢᠵᠤ ᠲᠥᠬᠡᠷᠢᠬᠦ ᠤᠴᠢᠷ ᠦᠭᠡᠢ᠂ ᠰᠤᠷᠬᠤ ᠪᠢᠴᠢᠭ ᠮᠠᠨ ᠤ ᠪᠠᠭᠰᠢ ᠨᠠᠷ ᠤᠨ ᠪᠥᠲᠦᠭᠡᠯᠴᠢ ᠬᠥᠳᠡᠯᠮᠦᠷᠢ ᠪᠠᠷ ᠠᠮᠢᠯᠠᠳᠠᠭ ᠰᠢᠦ ᠳ᠋ᠡ ᠃ ᠳᠦᠷᠪᠡ ᠳᠤ᠂ ᠬᠡᠦᠬᠡᠳ ᠪᠠᠭᠠᠴᠤᠳ ᠮᠤᠩᠭᠤᠯ ᠢᠶᠠᠷ ᠢᠶᠠᠨ ᠰᠤᠷᠬᠤ ᠤᠷᠮ᠎ᠠ ᠮᠠᠭᠤᠲᠠᠢ ᠪᠠᠶᠢᠬᠤ᠂ ᠳᠤᠷ᠎ᠠ ᠦᠭᠡᠢ ᠪᠠᠶᠢᠬᠤ  ᠶᠢᠨ ᠦᠨᠳᠦᠰᠦ ᠰᠢᠯᠲᠠᠭᠠᠨ ᠢ ᠪᠢᠲᠡᠭᠡᠢ ᠲᠠᠩ ᠭᠠᠭᠴᠠ ᠰᠤᠷᠬᠤ ᠪᠢᠴᠢᠭ ᠠᠴᠠ ᠡᠷᠢᠭᠡᠳ ᠪᠠᠶᠢᠭᠠᠷᠠᠢ᠂ ᠨᠡᠩ ᠴᠢᠬᠤᠯᠠ ᠦᠨᠳᠦᠰᠦ ᠰᠢᠯᠲᠠᠭᠠᠨ ᠨᠢ ᠨᠡᠶᠢᠭᠡᠮ ᠠᠬᠤᠢ᠂ ᠵᠢᠭᠠᠨ ᠰᠤᠷᠭᠠᠯᠲᠠ ᠶᠢᠨ ᠠᠷᠭ᠎ᠠ ᠮᠠᠶ᠋ᠢᠭ᠂ ᠭᠡᠷ ᠤᠨ ᠠᠬᠠᠮᠠᠳ ᠤᠨ ᠦᠵᠡᠯᠲᠡ ᠲᠠᠨᠢᠯᠲᠠ ᠳᠡᠭᠡᠷ᠎ᠡ ᠪᠠᠶᠢᠵᠤ ᠮᠡᠳᠡᠨ᠎ᠡ᠃       ᠡᠴᠦᠰ ᠲᠤ  ᠮᠡᠳᠡᠭᠳᠡᠬᠦ  ᠨᠢ᠄  ᠰᠢᠨ᠎ᠡ  ᠬᠢᠴᠢᠶᠡᠯ ᠤᠨ  ᠪᠠᠷᠢᠮᠵᠢᠶᠠᠨ ᠤ  ᠪᠦᠬᠦ  ᠢᠵᠢ  ᠰᠤᠷᠬᠤ ᠪᠢᠴᠢᠭ  ᠡᠨᠡ  ᠵᠢᠯ ᠤᠨ  ᠰᠡᠭᠦᠯᠴᠢ  ᠪᠣᠯᠬᠤ ᠳᠤ  ᠪᠦᠷᠢᠳᠦᠨ᠎ᠡ᠃  ᠡᠨᠡ  ᠨᠠᠮᠤᠷ  ᠠᠴᠠ  ᠡᠬᠢᠯᠡᠭᠡᠳ  ᠪᠢᠳᠡ  ᠡᠨᠡ  ᠢᠵᠢ  ᠰᠤᠷᠬᠤ  ᠪᠢᠴᠢᠭ ᠤᠨ  ᠲᠤᠬᠠᠢ    ᠪᠦᠬᠦ  ᠲᠠᠯ᠎ᠠ  ᠪᠠᠷ ᠪᠠᠶᠢᠴᠠᠭᠠᠯᠲᠠ  ᠬᠢᠵᠦ  ᠰᠠᠨᠠᠯ   ᠬᠤᠷᠢᠶᠠᠭᠰᠠᠨ ᠰᠠᠭᠤᠷᠢᠨ  ᠳᠡᠭᠡᠷ᠎ᠡ  ᠵᠠᠰᠠᠵᠤ  ᠲᠡᠭᠦᠯᠳᠡᠷᠵᠢᠭᠦᠯᠬᠦ  ᠪᠣᠯᠤᠨ᠎ᠠ᠃  ᠦᠷᠭᠡᠨ  ᠣᠯᠠᠨ  ᠪᠠᠭᠰᠢ  ᠰᠤᠷᠤᠭᠴᠢᠳ᠂  ᠭᠡᠷ ᠤᠨ  ᠠᠬᠠᠮᠠᠳ᠂  ᠨᠡᠶᠢᠭᠡᠮ  ᠨᠡᠶᠢᠲᠡ  ᠠᠴᠠ  ᠡᠷᠬᠢᠮ  ᠨᠠᠨᠳᠢᠨ  ᠰᠠᠨᠠᠯ  ᠰᠢᠭᠦᠮᠵᠢ ᠪᠠᠨ  ᠦᠷᠭᠦᠯᠵᠢᠯᠡᠨ  ᠲᠤᠰᠬᠠᠵᠤ  ᠵᠢᠭᠠᠬᠤ  ᠮᠠᠲ᠋ᠧᠷᠢᠶᠠᠯ  ᠤᠨ  ᠴᠢᠨᠠᠷ  ᠴᠢᠨᠰᠠᠭ᠎ᠠ ᠶᠢ   ᠳᠡᠭᠡᠭᠰᠢᠯᠡᠭᠦᠯᠬᠦ ᠪᠠᠷ  ᠬᠠᠮᠲᠤ  ᠳᠠᠭᠠᠨ  ᠴᠢᠷᠮᠠᠶᠢᠵᠠᠭᠠᠶ᠎ᠠ᠃     
 
ᠢᠷᠡᠯᠲᠡ᠄ http://www.mptnp.com/
ᠨᠠᠶᠢᠷᠠᠭᠤᠯᠤᠭᠴᠢ᠄ ᠭᠤᠸᠠᠨ ᠴᠠᠩ ᠰᠢ
ᠣᠷᠴᠢᠭᠤᠯᠤᠭᠴᠢ᠄
   
ᠬᠤᠯᠪᠣᠭᠳᠠᠯ ᠪᠦᠬᠦᠢ ᠠᠭᠤᠯᠭ᠎ᠠ ᠶᠢᠨ ᠭᠠᠷᠴᠠᠭ
 
2014-2016 © ᠬᠠᠷᠢᠯᠴᠠᠬᠤ ᠤᠲᠠᠰᠤ᠄ 0471-6280741 ᠢᠮᠧᠯ᠄ nmgbute@163.com
ᠵᠤᠬᠢᠶᠠᠭᠴᠢ ᠶᠢᠨ ᠡᠷᠬᠡ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠬᠤᠷᠢᠭᠯᠠᠨ᠎ᠠ᠃
︽ᠬᠡᠷᠡᠭᠯᠡᠭᠡᠨ ᠤ ᠮᠡᠷᠭᠡᠵᠢᠯ ᠤᠨ ᠮᠤᠩᠭᠤᠯ ᠰᠦᠯᠵᠢᠶᠡᠨ ᠤ ᠬᠥᠯᠭᠡ︾ ᠦᠮᠴᠢᠯᠡᠯ ᠲᠠᠢ︕