ᠬᠡᠯᠡ ᠪᠢᠴᠢᠭ ᠤᠨ ᠬᠢᠴᠢᠶᠠᠯ ᠤᠨ ᠪᠠᠷᠢᠮᠵᠢᠶ᠎ᠠ ᠵᠢᠴᠢ ᠰᠤᠷᠬᠤ ᠪᠢᠴᠢᠭ ᠳᠠᠬᠢ ᠬᠡᠯᠡ ᠵᠦᠢ ᠶᠢᠨ ᠦᠨᠳᠦᠰᠦᠨ ᠮᠡᠳᠡᠯᠭᠡ ᠶᠢᠨ ᠲᠤᠬᠠᠢ ᠲᠣᠳᠤᠷᠬᠠᠢᠢᠯᠠᠯᠲᠠ ︵  ᠨᠢᠭᠡ︶
ᠵᠣᠬᠢᠶᠠᠭᠴᠢ᠄ 
ᠪᠠᠶᠠᠨᠪᠠᠭᠠᠲᠤᠷ
     ᠬᠡᠯᠡ ᠪᠢᠴᠢᠭ ᠤᠨ ᠬᠢᠴᠢᠶᠠᠯ ᠤᠨ ᠪᠠᠷᠢᠮᠵᠢᠶ᠎ᠠ ᠵᠢᠴᠢ ᠰᠤᠷᠬᠤ ᠪᠢᠴᠢᠭ ᠳᠠᠬᠢ      ᠬᠡᠯᠡ ᠵᠦᠢ  ᠶᠢᠨ ᠦᠨᠳᠦᠰᠦᠨ ᠮᠡᠳᠡᠯᠭᠡ  ᠶᠢᠨ ᠲᠤᠬᠠᠢ ᠲᠣᠳᠤᠷᠬᠠᠢᠢᠯᠠᠯᠲᠠ                                                   ᠪᠠᠶᠠᠨᠪᠠᠭᠠᠲᠤᠷ      ᠮᠠᠨ ᠤ ᠬᠡᠳᠦᠨ ᠪᠠᠶᠢᠭᠤᠯᠤᠯᠭ᠎ᠠ ᠶᠢᠨ ᠬᠠᠮᠲᠤᠷᠠᠵᠤ ᠡᠷᠬᠢᠯᠡᠭᠰᠡᠨ ︽ᠮᠣᠩᠭᠤᠯ ᠬᠡᠴᠢᠶᠡᠯ ᠤᠨ ᠪᠢᠴᠢᠭ ᠪᠣᠯᠤᠨ ᠵᠢᠭᠠᠨ ᠰᠤᠷᠭᠠᠯᠲᠠ ᠶᠢᠨ ᠲᠤᠬᠠᠢ ᠵᠥᠪᠳᠡᠯᠴᠡᠭᠡ︾ ᠭᠡᠬᠦ ᠲᠤᠰᠬᠠᠢ ᠰᠡᠳᠦᠪᠲᠦ ᠰᠠᠨᠠᠯ ᠬᠤᠷᠢᠶᠠᠬᠤ ᠠᠵᠢᠯᠯᠠᠭ᠎ᠠ ᠡᠬᠢᠯᠡᠭᠰᠡ  ᠠᠴᠠ ᠨᠠᠰᠢ ᠰᠤᠷᠬᠤ ᠪᠢᠴᠢᠭ ᠤᠨ ᠲᠤᠬᠠᠢ ᠣᠯᠠᠨ ᠲᠠᠯ᠎ᠠ ᠶᠢᠨ ᠰᠠᠨᠠᠯ ᠵᠥᠪᠯᠡᠯᠭᠡ ᠠᠳᠠᠯᠢ ᠪᠣᠰᠤ ᠬᠡᠯᠪᠡᠷᠢ ᠪᠠᠷ ᠨᠡᠶᠢᠲᠡᠯᠡᠭᠳᠡᠯ᠎ᠡ᠃ ᠡᠳᠡᠭᠡᠷ ᠰᠠᠨᠠᠯ ᠵᠥᠪᠯᠡᠯᠭᠡ ᠳᠤ ᠮᠠᠰᠢ ᠣᠯᠠᠨ ᠵᠥᠪ ᠵᠥᠢᠲᠡᠢ ᠪᠥᠲᠦᠭᠡᠯᠴᠢ ᠰᠠᠨᠠᠯ ᠳᠤᠷᠠᠳᠤᠯᠭ᠎ᠠ ᠪᠠᠶᠢᠵᠤ᠂ ᠳᠠᠷᠠᠭᠠᠴᠢ ᠶᠢᠨ ᠰᠤᠷᠬᠤ ᠪᠢᠴᠢᠭ ᠢ ᠵᠠᠰᠠᠵᠤ ᠲᠡᠭᠦᠯᠳᠡᠷᠵᠢᠭᠦᠯᠬᠦ ᠳᠤ ᠲᠤᠩ ᠴᠢᠬᠤᠯᠠ ᠯᠠᠪᠯᠠᠯᠲᠠ ᠪᠣᠯᠬᠤ ᠨᠢ ᠭᠠᠷᠴᠠᠭ᠎ᠠ ᠦᠭᠡᠢ᠃ ᠰᠤᠷᠭᠠᠨ ᠬᠥᠮᠦᠵᠢᠯ ᠬᠡᠯᠡ ᠰᠣᠶᠤᠯ ᠢᠶᠠᠨ ᠭᠡᠰᠡᠨ ᠬᠠᠯᠠᠭᠤᠨ ᠰᠡᠳᠭᠢᠯᠲᠦ ᠲᠠ ᠪᠥᠬᠦᠨ ᠳᠡᠭᠡᠨ᠂ ᠪᠣᠲᠠᠲᠠᠢ  ᠠᠵᠢᠯ ᠡᠭᠦᠷᠭᠡ ᠬᠦᠢᠴᠡᠳᠬᠡᠭᠴᠢ ᠶᠢᠨ ᠬᠤᠪᠢ ᠠᠴᠠ ᠴᠢᠩ ᠰᠡᠳᠭᠢᠯ ᠤᠨ ᠪᠠᠶᠠᠷ ᠲᠠᠯᠠᠷᠬᠠᠯ ᠢᠶᠠᠨ ᠳᠡᠪᠰᠢᠭᠦᠯᠵᠦ ᠪᠠᠶᠢᠨ᠎ᠠ      ᠡ᠊ᠨᠳᠡ ᠪᠢ ᠲᠤᠰᠬᠠᠢᠢᠯᠠᠨ ᠬᠡᠯᠡ ᠪᠢᠴᠢᠭ ᠤᠨ ᠬᠡᠴᠢᠶᠡᠯ ᠤᠨ ᠪᠠᠷᠢᠮᠵᠢᠶ᠎ᠠ ᠵᠢᠴᠢ ᠰᠤᠷᠬᠤ ᠪᠢᠴᠢᠭ   ᠲᠠᠬᠢ ᠬᠡᠯᠡ ᠵᠦᠢ ᠶᠢᠨ ᠦᠨᠳᠦᠰᠦᠨ ᠮᠡᠳᠡᠯᠭᠡ ᠶᠢᠨ ᠲᠤᠬᠠᠢ ᠵᠠᠷᠢᠮ ᠲᠠᠯ᠎ᠠ ᠪᠠᠷ ᠲᠣᠳᠤᠷᠬᠠᠢᠢᠯᠠᠯᠲᠠ ᠬᠢᠶ᠎ᠡ᠃ ᠤᠴᠢᠷ ᠨᠢ ᠣᠷᠴᠢᠮ ᠤᠨ ᠶᠠᠷᠢᠶ᠎ᠠ ᠬᠡᠯᠡᠯᠴᠡᠭᠡᠨ ᠠᠴᠠ ᠦᠵᠡᠬᠦ ᠳᠤ᠄ ᠨᠢᠭᠡ ᠳᠤ᠂   ᠬᠢᠴᠢᠶᠡᠯ ᠤᠨ ᠪᠠᠷᠢᠮᠵᠢᠶᠠᠨ ᠳᠤ ᠪᠠᠭ᠎ᠠ ᠰᠤᠷᠭᠠᠭᠤᠯᠢ ᠶᠢᠨ ︽ᠬᠤᠶᠠᠳᠤᠭᠠᠷ ᠣᠨ ᠤ ᠳᠡᠭᠡᠳᠦ ᠬᠤᠭᠤᠴᠠᠭ᠎ᠠ ᠠᠴᠠ ᠦᠭᠡᠴᠢᠯᠡᠵᠦ ᠤᠩᠰᠢᠬᠤ ᠶᠢ ᠰᠤᠷᠬᠤ︾ ᠭᠡᠵᠦ ᠳᠣᠭᠲᠠᠭᠠᠭᠠᠳ ᠰᠤᠷᠬᠤ ᠪᠢᠴᠢᠭ ᠲᠤ ᠡᠭᠡᠰᠢᠭ ᠳᠣᠯᠤᠭ᠎ᠠ ᠪᠠᠨ ᠰᠤᠷᠴᠤ ᠪᠠᠷᠠᠮᠠᠭᠴᠠ ᠳᠡᠪᠢᠰᠭᠡᠷ ᠦᠰᠦᠭ ᠢ ᠵᠢᠭᠠᠵᠤ ᠲᠡᠩᠳᠡᠬᠦᠦ ᠡᠷᠲᠡ ᠦᠭᠡ ᠰᠤᠷᠭᠠᠵᠤ ᠦᠭᠡᠴᠢᠯᠡᠵᠦ ᠤᠩᠰᠢᠬᠤ ᠳᠤ ᠣᠷᠤᠭᠤᠯᠤᠭᠰᠠᠨ ᠠᠴᠠ ᠣᠳᠣ ᠶᠢᠨ ᠬᠡᠦᠬᠡᠳ ᠪᠠᠭᠠᠴᠤᠳ ᠪᠦᠷ ᠪᠤᠷᠤᠭᠤ ᠦᠰᠦᠭ ᠪᠢᠴᠢᠬᠦ ᠪᠣᠯᠵᠤ ᠪᠠᠶᠢᠨ᠎ᠠ ᠭᠡᠬᠦ︔ ᠬᠤᠶᠠᠷ ᠲᠤ᠂ ᠳᠣᠮᠳᠠᠳᠤ ᠪᠠᠭ᠎ᠠ ᠰᠤᠷᠭᠠᠭᠤᠯᠢ ᠳᠤ ᠬᠡᠷᠡᠭᠯᠡᠬᠦ ᠬᠡᠯᠡ ᠵᠦᠢ ᠶᠢᠨ ᠰᠤᠷᠬᠤ ᠪᠢᠴᠢᠭ ᠬᠠᠩᠭᠠᠬᠤ ᠦᠭᠡᠢ ᠪᠣᠯᠤᠭᠰᠠᠨ ᠠᠴᠠ ᠰᠤᠷᠤᠭᠴᠢᠳ ᠤᠨ ᠵᠥᠪ ᠪᠢᠴᠢᠯᠭᠡ ᠬᠡᠯᠡ ᠨᠠᠶᠢᠷᠠᠭᠤᠯᠭ᠎ᠠ ᠳᠣᠷᠦ᠋ᠢᠲᠠᠵᠤ ᠪᠠᠶᠢᠨ᠎ᠠ ᠭᠡᠬᠦ︔ ᠭᠤᠷᠪᠠ ᠳᠤ᠂ ᠵᠥᠪ ᠳᠠᠭᠤᠳᠠᠯᠭ᠎ᠠ ᠳᠤ ᠤᠷᠤᠭᠰᠢᠯᠠᠭᠰᠠᠨ ᠠ᠂ ᠤᠷᠳᠤᠭᠤᠷᠬᠢ ᠡ᠂ ᠴᠢᠩᠭ᠎ᠠ ᠢ᠂ ᠤᠷᠤᠭᠰᠢᠯᠠᠭᠰᠠᠨ ᠣ ︵4︶᠂ ᠶᠢᠰᠦᠨ ᠲᠠᠩᠨᠠᠶᠢᠰᠢᠭᠰᠠᠨ ᠬᠡᠶᠢᠭᠦᠯᠦᠭᠴᠢ᠂ ︽  ᠤ︾ ᠠᠪᠢᠶᠠᠨ ᠤ W ᠬᠤᠪᠢᠯᠪᠦᠷᠢ᠂ ︽ᠨ᠊︾ ᠠᠪᠢᠶᠠᠨ ᠤ ︽ᠩ᠊︾ ᠬᠤᠪᠢᠯᠪᠦᠷᠢ ᠶᠢ ᠣᠷᠤᠭᠤᠯᠵᠤ ᠪᠣᠳᠤᠯᠢᠭᠤᠯᠤᠭᠰᠠᠨ ᠬᠡᠬᠦ︔ ᠲᠦᠷᠪᠡ ᠳᠤ᠂ ᠵᠦᠪ ᠪᠢᠴᠢᠯᠭᠡ ᠳᠤ ᠴᠠᠭᠠᠨ ᠲᠤᠯᠤᠭᠠᠢ ᠶᠢᠨ ᠪᠦᠷᠢᠯᠳᠦᠭᠦᠨ ᠤ ︽ᠡᠮᠬᠢ ᠵᠠᠮᠪᠠᠷᠠᠭ᠎ᠠ ᠶᠢ ᠠᠯᠳᠠᠭᠤᠯᠪᠠ︾ ᠭᠡᠬᠦ︔ ᠲᠠᠪᠤ ᠳᠤ᠂ ᠵᠥᠪ ᠪᠢᠴᠢᠯᠭᠡ ᠶᠢᠨ ᠵᠠᠷᠴᠢᠮ ᠤᠨ ᠲᠣᠳᠤᠷᠬᠠᠢᠢᠯᠠᠯᠲᠠ ᠳᠤ ᠡᠭᠡᠳᠡᠷᠡᠵᠦ ᠪᠠᠶᠢᠬᠤ︔ ᠵᠢᠷᠭᠤᠭ᠎ᠠ ᠳᠤ᠂ ᠦᠭᠡᠰ ᠤᠨ ᠠᠶᠢᠮᠠᠭ ᠤᠨ ᠨᠡᠷᠡᠶᠢᠳᠦᠯ ᠵᠢᠴᠢ ᠲᠥᠷᠦᠯ ᠵᠦᠢᠯ ᠳᠡᠭᠡᠷ᠎ᠡ ᠡᠭᠡᠳᠡᠷᠡᠵᠦ ᠪᠠᠶᠢᠬᠤ︔ ᠳᠣᠯᠤᠭ᠎ᠠ ᠳᠤ᠂ ᠦᠭᠡ ᠬᠤᠯᠪᠤᠬᠤ 6 ᠬᠡᠪ ᠪᠣᠶᠤ ᠵᠠᠭᠪᠤᠷ ᠭᠡᠳᠡᠭ ᠤᠨ ᠲᠤᠬᠠᠢ ᠡᠭᠡᠳᠡᠷᠡᠵᠦ ᠪᠠᠶᠢᠬᠤ ᠵᠡᠷᠭᠡ ᠨᠡᠶᠢᠲᠡᠯᠢᠭ ᠴᠢᠨᠠᠷᠲᠠᠢ ᠡᠭᠡᠳᠡᠷᠡᠭᠡ ᠪᠣᠳᠤᠯᠢᠶ᠎ᠠ ᠣᠷᠤᠰᠢᠵᠤ ᠪᠠᠶᠢᠨ᠎ᠠ᠃ ᠳᠣᠣᠷ᠎ᠠ ᠪᠢ ᠡᠳᠡᠭᠡᠷ ᠵᠦᠢᠯ ᠳᠤ ᠴᠢᠭᠯᠡᠭᠦᠯᠦᠨ ᠲᠣᠪᠴᠢ ᠲᠣᠳᠤᠷᠬᠠᠢᠢᠯᠠᠯᠲᠠ ᠬᠢᠰᠦᠭᠡᠢ᠃      ᠨᠢᠭᠡ᠂ ᠲᠡᠩᠳᠡᠬᠦᠦ ᠡᠷᠲᠡ ᠦᠭᠡᠴᠢᠯᠡᠵᠦ ᠤᠩᠰᠢᠬᠤ ᠳᠤ ᠣᠷᠤᠭᠤᠯᠪᠠ ᠭᠡᠳᠡᠭ ᠤᠨ ᠲᠤᠬᠠᠢ      ᠠᠬᠠᠮᠠᠳ ᠦᠶ᠎ᠡ ᠶᠢᠨ ᠬᠢᠨ ᠤ ᠣᠢ ᠴᠡᠭᠡᠵᠢᠨ ᠳᠤ ᠶᠡᠷᠦᠨᠢ ᠮᠣᠩᠭᠤᠯ ᠴᠠᠭᠠᠨ ᠲᠣᠯᠤᠭᠠᠢ ᠪᠠᠨ ᠰᠤᠷᠬᠤ ᠳᠤ᠂ ᠨᠠᠭᠠᠲᠤ ᠵᠠᠬ᠎ᠠ ᠨᠢ ᠭᠤᠷᠪᠠᠳᠤᠭᠠᠷ ᠣᠨ ᠪᠣᠯᠲᠠᠯ᠎ᠠ ᠴᠢᠨᠠᠭᠰᠢᠯᠠᠪᠠᠯ ᠨᠡᠩ ᠤᠷᠲᠤ ᠬᠤᠭᠤᠴᠠᠭ᠎ᠠ ᠪᠠᠷ ᠦᠰᠦᠭᠴᠢᠯᠡᠵᠦ ᠤᠩᠰᠢᠳᠠᠭ ᠪᠠᠶᠢᠭᠰᠠᠨ᠂ ᠲᠡᠭᠡᠬᠦ ᠪᠠᠷ ᠢᠶᠠᠨ ᠵᠥᠪ ᠪᠢᠴᠢᠬᠦ ᠰᠠᠶᠢᠬᠠᠨ ᠳᠠᠳᠬᠠᠯ ᠲᠠᠢ ᠪᠣᠯᠤᠭᠰᠠᠨ ᠭᠡᠳᠡᠭ ᠰᠠᠭᠤᠭᠳᠠᠯ ᠲᠠᠢ᠃ ᠡᠶᠢᠮᠦ ᠠᠴᠠ ᠰᠠᠭᠤᠷᠢ ᠲᠠᠯᠪᠢᠬᠤ ᠱᠠᠲᠤᠨ ᠳᠤ ᠦᠶᠡᠴᠢᠯᠡᠵᠦ ︵ᠦᠰᠦᠭᠴᠢᠯᠡᠵᠦ︶ ᠤᠩᠰᠢᠬᠤ ᠶᠢ ᠬᠠᠶᠠᠵᠤ ᠪᠣᠯᠬᠤ ᠦᠭᠡᠢ ᠭᠡᠰᠡᠨ ᠦᠵᠡᠯᠲᠡ ᠲᠠᠢ᠃ ᠤᠷᠲᠤ ᠤᠳᠠᠭᠠᠨ ᠦᠰᠦᠭ ᠪᠢᠴᠢᠭ ᠤᠨ ᠲᠡᠦᠬᠡ ᠲᠠᠢ ᠪᠣᠯᠵᠤ᠂ ᠬᠡᠯᠡ ᠶᠠᠷᠢᠶ᠎ᠠ ᠪᠣᠯᠤᠨ ᠦᠰᠦᠭ ᠪᠢᠴᠢᠭ ᠬᠤᠶᠠᠷ ᠨᠢ ᠨᠡᠯᠢᠶᠡᠳ ᠵᠠᠶᠢᠳᠠᠭᠤ ᠪᠣᠯᠤᠭᠰᠠᠨ ᠮᠠᠨ ᠤ ᠮᠣᠩᠭᠤᠯᠴᠤᠳ ᠲᠤ ᠡᠨᠡ ᠦᠵᠡᠯᠲᠡ ᠲᠦᠮᠡᠨ ᠵᠥᠪ ᠪᠣᠯᠬᠤ  ᠨᠢ ᠶᠠᠷᠢᠶᠠᠨ ᠦᠭᠡᠢ᠃ ᠭᠡᠲᠡᠯ᠎ᠡ ᠣᠳᠣ ᠶᠠᠭᠠᠬᠢᠭᠠᠳ ᠬᠤᠶᠠᠳᠤᠭᠠᠷ ᠣᠨ ᠤ ᠳᠡᠭᠡᠳᠦ ᠬᠤᠭᠤᠴᠠᠭ᠎ᠠ ᠠᠴᠠ ᠦᠭᠡᠴᠢᠯᠡᠵᠦ ᠤᠩᠰᠢᠬᠤ ᠶᠢ ᠰᠤᠷᠭᠠᠬᠤ ᠪᠣᠯᠤᠭᠰᠠᠨ ᠪᠣᠢ︖ ᠭᠡᠪᠡᠯ ᠨᠢᠭᠡ ᠳᠤ᠂ ᠣᠳᠣ ᠶᠢᠨ ᠬᠡᠦᠬᠡᠳ ᠪᠠᠭᠠᠴᠤᠳ ᠤᠨ ᠦᠵᠡᠵᠦ ᠰᠣᠨᠢᠷᠬᠠᠬᠤ ᠶᠠᠭᠤᠮ᠎ᠠ ᠶᠠᠪᠤᠬᠤ ᠲᠣᠲᠤᠮ ᠣᠯᠠᠨ ᠪᠣᠯᠤᠭᠰᠠᠨ ᠠᠴᠠ᠂ ᠤᠳᠬ᠎ᠠ ᠠᠭᠤᠯᠭ᠎ᠠ ᠦᠭᠡᠢ ᠦᠶ᠎ᠡ ᠨᠦᠭᠦᠳ ᠢ ᠬᠤᠶᠠᠷ ᠭᠤᠷᠪᠠᠨ ᠵᠢᠯ ᠢᠶᠠᠷ ᠦᠬᠦᠮᠡᠯ ᠢᠶᠠᠷ ᠴᠡᠭᠡᠵᠢᠯᠡᠭᠦᠯᠦᠭᠡᠳ ᠪᠠᠶᠢᠪᠠᠯ ᠰᠤᠷᠬᠤ ᠣᠷᠮ᠎ᠠ ᠰᠣᠨᠢᠷᠬᠠᠯ ᠦᠭᠡᠢ ᠪᠣᠯᠳᠠᠭ᠃ ᠡᠶᠢᠮᠦ ᠠᠴᠠ ᠴᠠᠭᠠᠨ ᠲᠣᠯᠤᠭᠠᠢ ᠶᠢ ᠵᠢᠭᠠᠬᠤ ᠳᠤ ᠤᠳᠬ᠎ᠠ ᠠᠭᠤᠯᠭ᠎ᠠ ᠪᠥᠬᠦᠢ ᠦᠭᠡ ᠲᠠᠢ ᠤᠶᠠᠯᠳᠤᠭᠤᠯᠵᠤ ᠵᠢᠭᠠᠪᠠᠯ ᠬᠡᠦᠬᠡᠳ ᠰᠤᠷᠬᠤ ᠣᠷᠮ᠎ᠠ ᠲᠠᠢ ᠪᠣᠯᠳᠠᠭ᠃ ᠦᠭᠡ ᠶᠢ ᠵᠢᠭᠠᠬᠤ ᠳᠤ ᠳᠠᠩ ᠭᠠᠭᠴᠠ ᠦᠶᠡᠴᠢᠯᠡᠵᠦ ᠤᠩᠰᠢᠭᠠᠳ ᠶᠠᠷᠢᠶᠠᠨ ᠤ ᠮᠠᠶ᠋ᠢᠭ ᠢᠶᠠᠷ ᠦᠭᠡᠴᠢᠯᠡᠵᠦ ᠤᠩᠰᠢᠬᠤ ᠦᠭᠡᠢ ᠪᠣᠯ ᠤᠳᠬ᠎ᠠ ᠶᠢ ᠨᠢ ᠣᠢᠢᠯᠭᠠᠬᠤ ᠦᠭᠡᠢ ᠪᠣᠯᠤᠨ᠎ᠠ᠃ ᠡᠨᠡ ᠪᠣᠯ ᠣᠳᠣ ᠶᠢᠨ ᠬᠡᠦᠬᠡᠳ ᠤᠨ ᠰᠡᠳᠭᠢᠴᠡ ᠶᠢᠨ ᠣᠨᠴᠠᠯᠢᠭ ᠢ ᠪᠣᠳᠤᠯᠬᠢᠯᠠᠭᠰᠠᠨ ᠲᠠᠯ᠎ᠠ᠃ ᠬᠤᠶᠠᠷ ᠲᠤ᠂ ᠬᠡᠯᠡᠨ ᠤ  ᠬᠢᠴᠢᠶᠡᠯ ᠪᠣᠯ ᠪᠣᠰᠤᠳ ᠲᠥᠷᠦᠯ ᠤᠨ  ᠬᠢᠴᠢᠶᠡᠯ ᠢᠶᠠᠨ ᠰᠤᠷᠬᠤ ᠶᠢᠨ ᠰᠠᠭᠤᠷᠢ ᠪᠣᠯᠳᠠᠭ᠃ ᠣᠳᠣ ᠶᠢᠨ ᠪᠠᠭ᠎ᠠ ᠰᠤᠷᠭᠠᠭᠤᠯᠢ ᠶᠢᠨ ᠲᠣᠭᠠᠨ ᠤ ᠤᠬᠠᠭᠠᠨ ᠤ ᠰᠤᠷᠬᠤ ᠪᠢᠴᠢᠭ ᠲᠤ᠂ ᠨᠢᠭᠡᠳᠦᠭᠡᠷ ᠣᠨ ᠤ ᠳᠣᠣᠷᠠᠳᠤ ᠬᠤᠭᠤᠴᠠᠭ᠎ᠠ ᠠᠴᠠ ᠦᠭᠦᠯᠡᠪᠦᠷᠢᠲᠦ ᠰᠡᠳᠦᠪ ᠬᠢᠬᠦ ᠱᠠᠭᠠᠷᠳᠠᠯᠭ᠎ᠠ ᠲᠠᠢ ᠪᠣᠯᠴᠢᠬᠠᠨ᠎ᠠ᠃ ᠦᠭᠦᠯᠡᠪᠦᠷᠢᠲᠦ ᠰᠡᠳᠦᠪ ᠬᠢᠬᠦ ᠳᠤ ᠵᠥᠪᠬᠡᠨ ᠦᠶᠡᠴᠢᠯᠡᠵᠦ ᠤᠩᠰᠢᠵᠤ ᠴᠢᠳᠠᠭᠠᠳ᠂ ᠦᠭᠡᠴᠢᠯᠡᠵᠦ ᠤᠩᠰᠢᠵᠤ ᠴᠢᠳᠠᠬᠤ ᠦᠭᠡᠢ ᠪᠣᠯ ᠮᠦᠨ ᠯᠠ ᠤᠬᠠᠭᠠᠨ ᠢ ᠨᠢ ᠣᠯᠬᠤ ᠦᠭᠡᠢ᠂ ᠰᠡᠳᠦᠪ ᠢᠶᠠᠨ ᠬᠢᠵᠦ ᠴᠢᠳᠠᠬᠤ ᠦᠭᠡᠢ  ᠪᠠᠶᠢᠳᠠᠭ᠃ ᠡᠨᠡ ᠨᠢ ᠮᠦᠨ ᠡᠷᠲᠡ ᠰᠢᠭ ᠦᠭᠡᠴᠢᠯᠡᠵᠦ ᠤᠩᠰᠢᠬᠤ ᠶᠢ ᠰᠤᠷᠭᠠᠬᠤ ᠱᠠᠭᠠᠷᠳᠠᠯᠭ᠎ᠠ ᠪᠣᠯᠵᠡᠢ᠃ ᠡᠨᠡ ᠪᠣᠯ ᠬᠡᠯᠡᠨ ᠤ ᠬᠡᠴᠢᠶᠡᠯ ᠤᠨ ᠪᠠᠶᠢᠷᠢ ᠰᠠᠭᠤᠷᠢ ᠶᠢ ᠪᠤᠳᠤᠯᠬᠢᠯᠠᠭᠰᠠᠨ ᠲᠠᠯ᠎ᠡ᠃ ᠢᠡᠭᠭᠢᠭᠡᠳ ᠡᠷᠳᠡ ᠰᠢᠭ ᠪᠦᠬᠦᠯᠢ ᠦᠭᠡ ᠵᠢᠭᠠᠬᠤ ᠳᠤ ᠳᠦᠭᠦᠮ ᠦᠵᠡᠭᠦᠯᠬᠦ ᠶᠢᠨ ᠲᠤᠰᠠᠳᠠ᠂ ᠡᠭᠡᠰᠢᠭ ᠦᠰᠦᠭ ᠢᠶᠠᠨ ᠰᠤᠷᠴᠦ ᠪᠠᠷᠠᠮᠠᠭᠴᠠ ᠲᠡᠪᠢᠰᠭᠡᠷ ᠦᠰᠦᠭ ᠢ ᠵᠢᠭᠠᠬᠤ ᠪᠠᠷ ᠲᠤᠬᠢᠷᠠᠭᠤᠯᠤᠭᠰᠠᠨ ᠶᠤᠮ᠃ ᠲᠡᠷᠡ ᠮᠦᠷᠳᠡᠭᠡᠨ ᠡᠨᠡ ᠨᠢ ᠤᠢᠢᠷ᠎ᠡ ᠶᠢᠨ ᠬᠡᠳᠦᠨ ᠵᠢᠯ ᠤᠨ ᠬᠢᠳᠡᠯ ᠲᠡᠳᠦᠢ ᠪᠢᠰᠢ᠂ ᠠᠯᠢ ᠡᠷᠳᠡ ᠳᠡᠭᠡᠷ᠎ᠡ ᠵᠠᠭᠤᠨ ᠤ ᠳᠠᠯᠠᠭᠠᠳ ᠤᠨ ᠤ ᠰᠡᠭᠦᠯᠴᠢ᠂ ᠨᠠᠶᠠᠭᠠᠳ ᠤᠨ ᠤ ᠡᠬᠢᠨ  ᠠᠴᠠ ᠵᠠᠷᠢᠮ ᠠᠶᠢᠮᠠᠭ ᠬᠤᠰᠢᠭᠤᠨ ᠳᠤ ᠲᠤᠷᠰᠢᠯᠳᠠ ᠬᠢᠵᠦ ᠪᠦᠳᠦᠮᠵᠢ ᠤᠯᠤᠭᠠᠳ ᠰᠠᠶᠢ ᠵᠢᠭᠠᠬᠤ ᠫᠷᠦᠭᠷᠠᠮ ᠪᠤᠯᠤᠨ ᠰᠤᠷᠬᠤ ᠪᠢᠴᠢᠭ ᠲᠤ ᠠᠯᠬᠤᠮ ᠠᠯᠬᠤᠮ ᠢᠶᠠᠷ ᠬᠡᠷᠡᠭᠵᠢᠭᠦᠯᠦᠭᠳᠡᠭᠰᠡᠨ ᠶᠤᠮ᠃ ᠠᠳᠡ ᠤᠨᠴᠠᠭᠠᠢᠢᠯᠠᠨ ᠲᠤᠳᠤᠷᠬᠠᠢᠢᠯᠠᠬᠤ ᠵᠦᠢᠯ ᠭᠡᠪᠡᠯ ᠄ ᠨᠢᠭᠡ ᠳᠤ᠂ 2010 ᠤᠨ ᠳᠤ ︽ᠬᠡᠯᠡ ᠪᠢᠴᠢᠭ ᠤᠨ ᠬᠢᠴᠢᠶᠡᠯ ᠤᠨ ᠪᠠᠷᠢᠮᠵᠢᠶ᠎ᠡ︾ ᠶᠢ ᠤᠯᠤᠰ ᠤᠨ ᠬᠢᠴᠢᠶᠡᠯ ᠤᠨ ᠪᠠᠷᠢᠮᠵᠢᠶ᠎ᠡ ᠪᠤᠯᠭᠠᠵᠦ ᠳᠠᠬᠢᠨ ᠨᠡᠶᠢᠳᠡᠯᠡᠬᠦ ᠳᠤ᠂ ︽ᠬᠤᠶᠠᠳᠤᠭᠠᠷ ᠤᠨ ᠤ ᠳᠡᠭᠡᠳᠦ ᠬᠤᠭᠠᠴᠠᠭ᠎ᠠ ᠠᠴᠠ ᠦᠭᠡᠴᠢᠯᠡᠵᠦ ᠤᠩᠰᠢᠬᠤ ᠶᠢ ᠰᠤᠷᠬᠤ︾ ᠭᠡᠰᠡᠨ ᠵᠤᠷᠪᠤᠰ ᠢ ︽ᠲᠤᠤᠷᠠᠳᠦ ᠬᠤᠭᠤᠴᠠᠭ᠎ᠠ ᠠᠴᠠ︾ ᠭᠡᠵᠦ ᠵᠠᠰᠠᠵᠠᠢ᠃ ᠬᠤᠶᠠᠷ ᠲᠤ᠂ ︽ ᠪᠠᠷᠢᠮᠵᠢᠶ᠎ᠡ︾ ᠪᠤᠯᠤᠨ ᠰᠤᠷᠬᠤ ᠪᠢᠴᠢᠭ ᠲᠤ ︽ᠦᠭᠡᠴᠢᠯᠡᠵᠦ ᠤᠩᠰᠢᠬᠤ ᠶᠢ ᠰᠤᠷᠬᠤ︾ ᠭᠡᠰᠡᠨ ᠱᠠᠭᠠᠷᠳᠠᠯᠭ᠎ᠠ ᠲᠤᠷᠠᠳᠤᠭᠰᠠᠨ ᠠᠴᠠ ᠪᠢᠰᠢ᠂ ᠦᠭᠡᠴᠢᠯᠡᠵᠦ ᠤᠩᠰᠢᠬᠤ ᠶᠢ ᠰᠤᠷᠴᠦ ᠡᠬᠢᠯᠡᠭᠰᠡᠨ ᠴᠠᠭ ᠠᠴᠠ ᠬᠤᠶᠢᠰᠢ ᠦᠶᠡᠴᠢᠯᠡᠵᠦ ᠤᠩᠰᠢᠬᠤ ᠶᠢ ᠲᠠᠰᠤ ᠵᠤᠭᠰᠤᠭ᠎ᠠ ᠭᠡᠵᠦ ᠱᠠᠭᠠᠷᠳᠠᠭ᠎ᠠ ᠦᠭᠡᠢ᠃ ᠲᠡᠷᠡᠴᠢᠯᠡᠨ ︽ᠪᠠᠷᠢᠮᠵᠢᠶ᠎ᠡ︾ ᠶᠢᠨ ︽ᠵᠢᠭᠠᠨ ᠰᠤᠷᠭᠠᠬᠤ ᠲᠤᠬᠠᠢ ᠰᠠᠨᠠᠭᠤᠯᠭ᠎ᠠ︾ ᠳᠤ᠄ ︽ᠤᠩᠰᠢᠯᠭ᠎ᠠ ᠳᠤ ᠡᠷᠳᠡ ᠤᠷᠤᠭᠤᠯᠬᠤ ᠶᠢᠨ ᠲᠤᠰᠠᠳᠠ ᠪᠠᠷᠢᠮᠵᠢᠶ᠎ᠡ ᠳᠤ ᠬᠤᠶᠠᠳᠤᠭᠠᠷ ᠤᠨ ᠤ ᠲᠤᠤᠷᠠᠳᠦ ᠬᠤᠭᠤᠴᠠᠭ᠎ᠠ ᠠᠴᠠ ᠦᠭᠡᠴᠢᠯᠡᠨ ᠤᠩᠰᠢᠵᠦ ᠰᠤᠷᠤᠨ᠎ᠡ ᠭᠡᠵᠦ ᠲᠤᠭᠳᠠᠭᠠᠵᠠᠢ᠃ ᠭᠡᠪᠡᠴᠦ ᠵᠢᠭᠠᠨ ᠰᠤᠷᠭᠠᠯᠳᠠ ᠶᠢᠨ ᠶᠠᠪᠤᠴᠠ ᠳᠤ ᠦᠶᠡᠴᠢᠯᠡᠵᠦ ᠤᠩᠰᠢᠬᠤ ᠶᠢ ᠲᠠᠰᠤ ᠵᠤᠭᠰᠤᠭᠠᠵᠦ ᠪᠤᠯᠬᠤ ᠦᠭᠡᠢ᠃ ᠰᠤᠷᠤᠭᠴᠢᠳ ᠤᠨ ᠪᠠᠶᠢᠳᠠᠯ ᠢ ᠦᠵᠡᠵᠦ ᠨᠡᠯᠢᠶᠡᠳ ᠪᠤᠯᠪᠠᠰᠤᠷᠠᠩᠭᠤᠢ ᠦᠭᠡᠴᠢᠯᠡᠨ ᠤᠩᠰᠢᠵᠦ ᠴᠢᠳᠠᠬᠤ ᠪᠤᠯᠳᠠᠯ᠎ᠡ ᠬᠤᠤᠰᠯᠠᠭᠤᠯᠤᠨ ᠶᠠᠪᠤᠭᠤᠯᠬᠤ ᠬᠡᠷᠡᠭᠳᠡᠢ᠃ ᠤᠴᠢᠷ ᠨᠢ ᠦᠶᠡᠴᠢᠯᠡᠵᠦ ᠤᠩᠰᠢᠬᠤ ᠨᠢ ᠦᠭᠡ ᠶᠢ ᠵᠦᠪ ᠪᠢᠴᠢᠵᠦ ᠰᠤᠷᠬᠤ ᠳᠤ ᠰᠠᠭᠤᠷᠢ ᠪᠤᠯᠳᠠᠭ︾ ᠭᠡᠵᠦ ᠰᠠᠨᠠᠭᠤᠯᠤᠭᠰᠠᠨ ᠪᠠᠶᠢᠳᠠᠭ᠃ ᠭᠤᠷᠪᠠ ᠳᠤ᠂ ᠰᠤᠷᠬᠤ ᠪᠢᠴᠢᠭ ᠲᠤ ᠬᠡᠳᠦ᠋ᠢᠪᠡᠷ ᠡᠭᠡᠰᠢᠭ ᠳᠤᠯᠤᠭ᠎ᠠ ᠪᠠᠨ ᠵᠢᠭᠠᠵᠦ ᠪᠠᠷᠠᠮᠠᠭᠴᠠ ᠲᠡᠪᠢᠰᠭᠡᠷ ᠦᠰᠦᠭ ᠢ ᠵᠢᠭᠠᠬᠤ ᠪᠠᠷ ᠲᠤᠬᠢᠷᠠᠭᠤᠯᠤᠭᠰᠠᠨ ᠪᠠᠶᠢᠳᠠᠭ ᠪᠤᠯᠪᠠᠴᠦ ᠪᠠᠭᠰᠢ ᠨᠠᠷ ᠵᠠᠪᠠᠯ ᠡᠨᠡ ᠲᠠᠷᠠᠭᠠᠯᠠᠯ ᠢᠶᠠᠷ ᠵᠢᠭᠠᠨ᠎ᠡ ᠭᠡᠰᠡᠨ ᠶᠠᠪᠤᠳᠠᠯ ᠪᠢᠰᠢ᠂ ᠬᠠᠷᠢᠨ ᠬᠢᠴᠢᠶᠡᠯ ᠤᠨ ᠪᠠᠷᠢᠮᠵᠢᠶᠠᠨ ᠤ ᠬᠠᠷᠠᠯᠳᠠ᠂ ᠰᠤᠷᠤᠭᠴᠢ ᠶᠢᠨ ᠪᠤᠳᠠᠳᠠᠢ ᠪᠠᠶᠢᠳᠠᠯ᠂ ᠵᠢᠭᠠᠨ ᠰᠤᠷᠭᠠᠯᠳᠠ ᠶᠢᠨ ᠤᠢᠢᠯᠡᠳᠦᠯᠭᠡ ᠲᠤᠷᠰᠢᠯᠭ᠎ᠠ ᠪᠠᠨ ᠦᠨᠳᠦᠰᠦᠯᠡᠵᠦ ᠰᠤᠷᠬᠤ ᠪᠢᠴᠢᠭ ᠲᠤ ᠲᠤᠬᠢᠷᠠᠭᠤᠯᠤᠭᠰᠠᠨ ᠡᠯ᠎ᠡ ᠬᠢᠴᠢᠶᠡᠯ ᠤᠨ ᠤᠷᠤᠨ ᠪᠠᠶᠢᠷᠢ ᠶᠢ ᠰᠤᠯᠢᠬᠤ᠂ ᠵᠤᠬᠢᠰ ᠦᠭᠡᠢ ᠠᠭᠤᠯᠭ᠎ᠠ ᠶᠢ ᠬᠠᠰᠤᠬᠤ᠂  ᠵᠤᠬᠢᠰᠲᠠᠢ  ᠠᠭᠤᠯᠭ᠎ᠠ ᠶᠢ ᠨᠡᠮᠡᠬᠦ᠂  ᠵᠠᠷᠢᠮ ᠠᠭᠤᠯᠭ᠎ᠠ ᠶᠢ  ᠲᠤᠪᠴᠢᠯᠠᠬᠤ᠂ ᠵᠠᠷᠢᠮ ᠠᠭᠤᠯᠭ᠎ᠠ ᠶᠢ ᠳᠡᠯᠭᠡᠷᠡᠭᠦᠯᠬᠦ ᠮᠡᠳᠦ ᠪᠠᠷ ᠮᠠᠰᠢ ᠠᠮᠢᠳᠤᠯᠢᠭ ᠢᠶᠠᠷ ᠵᠢᠭᠠᠵᠦ ᠪᠤᠯᠳᠠᠭ᠃      ᠬᠤᠶᠠᠷ᠂ ᠬᠡᠯᠡ ᠵᠦᠢ ᠶᠢᠨ ᠲᠤᠰᠬᠠᠢ ᠰᠤᠷᠬᠤ ᠪᠢᠴᠢᠭ ᠬᠠᠩᠭᠠᠭᠰᠠᠨ ᠦᠭᠡᠢ ᠶᠢᠨ ᠤᠴᠢᠷ      ᠶᠡᠷᠦᠩᠬᠡᠢ ᠬᠠᠮᠢᠶᠠᠷᠤᠯᠳᠠ ᠶᠢᠨ ᠲᠠᠯ᠎ᠡ ᠠᠴᠠ ᠦᠵᠡᠪᠡᠯ᠄ ᠨᠢᠭᠡ ᠳᠤ᠂ ᠮᠠᠨ ᠤ ᠤᠯᠤᠰ ᠤᠷᠤᠨ ᠤ ᠬᠢᠴᠢᠶᠡᠯ ᠬᠦᠮᠦᠵᠢᠯ ᠤᠨ ᠬᠠᠮᠢᠶᠠᠷᠤᠯᠳᠠ᠂ ᠬᠢᠴᠴᠢᠶᠡᠯ ᠤᠨ ᠲᠤᠬᠢᠷᠠᠭᠤᠯᠤᠯᠳᠠ ᠳᠤ ᠬᠡᠯᠡ ᠤᠳᠬ᠎ᠠ ᠵᠤᠬᠢᠶᠠᠯ ᠬᠤᠶᠠᠷ  ᠵᠦᠢᠯ ᠤᠨ  ᠰᠢᠨᠵᠢᠯᠡᠭᠡ᠂  ᠬᠤᠶᠠᠷ ᠲᠦᠷᠦᠯ ᠤᠨ ᠬᠢᠴᠢᠶᠡᠯ ᠢ  ᠬᠠᠮᠲᠤᠷᠠᠭᠤᠯᠤᠭᠠᠳ ︽ᠬᠡᠯᠡ ᠪᠢᠴᠢᠭ︾ ᠭᠡᠰᠡᠨ ᠨᠢᠭᠡ ᠬᠢᠴᠢᠶᠡᠯ ᠪᠤᠯᠭᠠᠵᠦ ᠴᠠᠭ ᠤᠨᠤᠭᠠᠵᠦ ᠦᠭᠭᠦᠭᠰᠡᠨ︔ ᠬᠤᠶᠠᠷ ᠲᠤ᠂ ᠡᠭᠦᠨ ᠠᠴᠠ ᠪᠤᠯᠤᠭᠠᠳ ᠵᠢᠭᠠᠬᠤ ᠮᠠᠲ᠋ᠧᠷᠢᠶᠠᠯ ᠤᠨ ᠬᠠᠮᠢᠶᠠᠷᠤᠯᠳᠠ ᠲᠡᠭᠡᠷ᠎ᠡ ᠴᠦ ᠬᠡᠯᠡ ᠵᠦᠢ ᠳᠤ ᠲᠤᠰᠬᠠᠢ ᠴᠠᠭ᠂ ᠤᠷᠦ ᠪᠠᠶᠢᠷᠢ ᠭᠠᠷᠭᠠᠵᠦ ᠦᠭᠳᠡᠭ ᠦᠭᠡᠢ ᠤᠴᠢᠷ ᠠᠴᠠ ᠲᠤᠰᠬᠠᠢ ᠨᠤᠮ ᠨᠠᠶᠢᠷᠠᠭᠤᠯᠤᠨ ᠬᠡᠪᠯᠡᠭᠦᠯᠪᠡᠴᠦ ᠪᠠᠭᠰᠢ ᠬᠡᠷᠡᠭᠯᠡᠬᠦ ᠪᠠᠷ ᠵᠠᠬᠢᠶᠠᠯᠠᠬᠤ ᠦᠦ᠂ ᠰᠤᠷᠤᠭᠴᠢ ᠬᠡᠷᠡᠭᠯᠡᠬᠦ ᠪᠠᠷ ᠵᠠᠬᠢᠶᠠᠯᠠᠬᠤ ᠦᠦ︖ ᠵᠠᠷᠤᠳᠠᠯ ᠢ ᠨᠢ ᠬᠠᠮᠢᠭ᠎ᠠ ᠠᠴᠠ ᠭᠠᠷᠭᠠᠬᠤ ᠭᠡᠬᠦ ᠮᠡᠳᠦ ᠶᠢᠨ ᠪᠤᠳᠠᠳᠠᠢ ᠠᠰᠠᠭᠤᠳᠠᠯ ᠲᠤᠯᠭᠠᠷᠠᠳᠠᠭ᠃      ᠪᠤᠳᠠᠳᠠᠢ ᠤᠢᠢᠯᠡᠳᠦᠯᠭᠡ ᠶᠢᠨ ᠲᠠᠯ᠎ᠡ ᠠᠴᠠ ᠨᠢ ᠦᠵᠡᠪᠡᠯ᠂ ᠬᠢᠴᠢᠶᠡᠯ ᠬᠦᠮᠦᠵᠢᠯ ᠤᠨ ᠬᠠᠮᠢᠶᠠᠷᠤᠯᠳᠠ ᠶᠢᠨ ᠡᠶᠢᠮᠦᠷᠬᠦᠦ ᠤᠨᠴᠠᠯᠢᠭ ᠠᠴᠠ ᠪᠤᠯᠵᠦ ᠦᠡᠭᠭᠡᠷᠡᠭᠰᠡᠨ ᠤ ᠵᠢᠭᠠᠬᠤ ᠫᠷᠦᠭᠷᠠᠮ᠂ ᠤᠳᠦ ᠶᠢᠨ ᠬᠢᠴᠢᠶᠡᠯ ᠤᠨ ᠪᠠᠷᠢᠮᠵᠢᠶ᠎ᠡ᠂ ᠰᠤᠷᠬᠤ ᠪᠢᠴᠢᠭ᠂ ᠵᠢᠭᠠᠨ ᠰᠤᠷᠭᠠᠯᠳᠠ ᠳᠤ ᠴᠦ ᠬᠡᠯᠡ ᠵᠤᠬᠢᠶᠠᠯ ᠬᠤᠶᠠᠷ ᠲᠦᠷᠦᠯ ᠤᠨ ᠠᠭᠤᠯᠭ᠎ᠠ ᠶᠢ  ᠬᠠᠮᠲᠤᠷᠠᠭᠤᠯᠤᠭᠠᠳ  ᠨᠢᠭᠡ ᠪᠤᠯᠭᠠᠭᠰᠠᠨ  ᠤᠴᠢᠷ ᠠᠴᠠ  ᠲᠤᠰᠬᠠᠢ  ᠬᠡᠯ᠎ᠡ ᠵᠦᠢ ᠶᠢᠨ ᠰᠤᠷᠬᠤ ᠪᠢᠴᠢᠭ ᠨᠠᠶᠢᠷᠠᠭᠤᠯᠬᠤ ᠬᠡᠷᠡᠭᠴᠡᠭᠡ ᠪᠠᠭ᠎ᠠ ᠪᠤᠯᠵᠠᠢ᠃ ᠮᠠᠨ ᠤ ᠤᠳᠦ ᠶᠢᠨ ᠬᠡᠷᠡᠭᠯᠡᠵᠦ ᠪᠠᠶᠢᠭ᠎ᠠ ᠬᠢᠴᠢᠶᠡᠯ ᠤᠨ ᠪᠠᠷᠢᠮᠵᠢᠶᠠᠨ ᠤ ᠰᠤᠷᠬᠤ ᠪᠢᠴᠢᠭ ᠢᠶᠠᠷ ᠠᠪᠴᠦ ᠦᠵᠡᠪᠡᠯ᠂ ᠪᠠᠭ᠎ᠠ ᠰᠤᠷᠭᠠᠭᠤᠯᠢ ᠶᠢᠨ ᠱᠠᠳᠤᠨ ᠤ ᠰᠤᠷᠬᠤ ᠪᠢᠴᠢᠭ ᠲᠤ ᠴᠠᠭᠠᠨ ᠲᠤᠯᠤᠭᠠᠢ ᠵᠢᠴᠢ ᠭᠤᠷᠪᠠᠨ ᠬᠤᠪᠢᠷᠠᠯ᠂ ᠦᠰᠦᠭ ᠤᠨ ᠴᠢᠩᠭ᠎ᠠ ᠬᠦᠨᠳᠡᠢ᠂  ᠳᠡᠪᠢᠰᠭᠡᠷ ᠦᠰᠦᠭ ᠤᠨ ᠬᠠᠳᠠᠭᠤ ᠵᠦᠭᠡᠯᠡᠨ᠂ ᠲᠠᠶᠢᠨ ᠢᠯᠭᠠᠯ ᠂ ᠤᠯᠠᠨ ᠲᠤᠭ᠎ᠠ᠂ ᠬᠠᠮᠢᠶᠠᠳᠠᠭᠤᠯᠬᠤ ᠶᠤᠰᠤ᠂  ᠪᠠᠶᠢᠩᠭᠤ ᠬᠡᠷᠡᠭᠯᠡᠬᠦ ᠴᠡᠭ ᠲᠡᠮᠳᠡᠭ᠂ ᠲᠦᠷᠰᠦ ᠢᠵᠢᠯ ᠦᠭᠡ᠂ ᠤᠳᠬ᠎ᠠ ᠡᠰᠡᠷᠭᠦ ᠦᠭᠡ᠂ ᠳᠠᠭᠤᠳᠠᠯᠭ᠎ᠠ ᠢᠵᠢᠯ ᠦᠭᠡ᠂ ᠦᠭᠡ ᠶᠢᠨ ᠤᠯᠠᠨ ᠤᠳᠬ᠎ᠠ᠂ ᠦᠭᠡ ᠶᠢᠨ ᠤᠳᠬ᠎ᠠ ᠶᠢᠨ ᠲᠠᠭᠠᠰᠢᠶᠠᠯ ᠵᠢᠪᠡᠭᠦᠴᠡᠯ ᠤᠨ ᠦᠡᠭᠭᠡ ᠵᠡᠷᠭᠡ ᠬᠡᠯᠡ ᠵᠦᠢ ᠶᠢᠨ ᠠᠭᠤᠯᠭ᠎ᠠ ᠨᠤᠭᠤᠳ ᠢ ᠨᠠᠶᠢᠷᠠᠭᠤᠯᠵᠦ ᠤᠷᠤᠭᠤᠯᠵᠠᠢ︔ ᠠᠩᠬ᠎ᠠ ᠲᠤᠮᠳᠠᠳᠦ ᠶᠢᠨ ᠱᠠᠳᠤᠨ ᠳᠤ ᠠᠪᠢᠶ᠎ᠡ ᠵᠦᠢ᠂ ᠦᠭᠡ ᠵᠦᠢ᠂ ᠦᠭᠦᠯᠡᠪᠦᠷᠢ ᠵᠦᠢ᠂ ᠦᠭᠡᠰ ᠤᠨ ᠰᠠᠩ ᠤᠨ ᠵᠦᠢ᠂ ᠨᠠᠶᠢᠷᠠᠭᠤᠯᠭ᠎ᠠ ᠵᠦᠢ ᠶᠢᠨ ᠶᠡᠷᠦ ᠶᠢᠨ ᠮᠡᠳᠡᠯᠭᠡ ᠶᠢ ᠰᠢᠰᠲ᠋ᠧᠮᠴᠢᠯᠡᠭᠰᠡᠨ ᠦᠭᠡᠢ ᠪᠠᠷ ᠨᠢᠭᠡᠴᠢ ᠪᠦᠷᠢ ᠳᠤ ᠲᠠᠷᠬᠠᠭᠠᠵᠦ ᠨᠠᠶᠢᠷᠠᠭᠤᠯᠵᠠᠢ︔ ᠲᠡᠭᠡᠳᠦ ᠲᠤᠮᠳᠠᠳᠦ ᠶᠢᠨ ᠱᠠᠳᠤᠨ ᠤ ᠵᠠᠪᠠᠯ ᠰᠤᠷᠬᠤ ᠪᠢᠴᠢᠭ ᠲᠤ ᠲᠤᠰᠬᠠᠢ ᠬᠡᠯᠡ ᠵᠦᠢ ᠶᠢᠨ ᠠᠭᠤᠯᠭ᠎ᠠ ᠲᠤᠬᠢᠷᠠᠭᠤᠯᠤᠭᠰᠠᠨ ᠦᠭᠡᠢ᠂ ᠬᠠᠷᠢᠨ  ᠰᠤᠩᠭᠤᠨ ᠰᠤᠷᠬᠤ ᠪᠢᠴᠢᠭ ᠤᠨ ︽ᠦᠭᠡ ᠬᠡᠯᠡ ᠦᠰᠦᠭ ᠪᠢᠴᠢᠭ ᠤᠨ ᠬᠡᠷᠡᠭᠯᠡᠭᠡᠨ︾ ᠭᠡᠰᠡᠨ ᠬᠡᠰᠡᠭ ᠲᠤ ᠡᠮᠦᠨ᠎ᠡ ᠬᠤᠶᠠᠷ ᠱᠠᠳᠤᠨ ᠳᠤ ᠲᠠᠷᠠᠬᠠᠢ ᠪᠤᠳᠠᠷᠬᠠᠢ ᠰᠠᠯᠤᠩᠬᠢᠳᠠ ᠪᠠᠷ ᠨᠠᠶᠢᠷᠠᠭᠤᠯᠵᠦ ᠤᠷᠤᠭᠤᠯᠤᠭᠰᠠᠨ ᠬᠡᠯᠡ ᠵᠦᠢ ᠶᠢᠨ ᠦᠨᠳᠦᠰᠦᠨ ᠮᠡᠳᠡᠯᠭᠡ ᠶᠢ  ᠬᠤᠷᠢᠶᠠᠩᠭᠤᠶᠢᠯᠠᠨ ᠰᠢᠰᠲ᠋ᠧᠮᠵᠢᠭᠦᠯᠭᠦ᠂ ᠵᠤᠬᠢᠰᠳᠠᠢ ᠭᠦᠨᠵᠡᠭᠡᠶᠢᠷᠡᠭᠦᠯᠵᠦ ᠨᠠᠷᠢᠰᠬᠠᠬᠤ ᠪᠠ ᠲᠠᠪᠲᠠᠵᠤ ᠪᠠᠳᠤᠳᠬᠠᠬᠤ ᠮᠠᠶ᠋ᠢᠭ ᠢᠶᠠᠷ ᠨᠠᠶᠢᠷᠠᠭᠤᠯᠵᠤ ᠤᠷᠤᠭᠤᠯᠵᠠᠢ᠃ ᠡᠨᠡ ᠭᠤᠷᠪᠠᠨ ᠱᠠᠲᠤᠨ ᠤ ᠠᠭᠤᠯᠭ᠎ᠠ ᠶᠢ ᠬᠤᠭᠤᠷᠤᠨᠳᠤ ᠨᠢ ᠬᠤᠯᠪᠤᠭᠠᠳ ᠲᠠᠯᠪᠢᠪᠠᠯ ᠳᠠᠷᠤᠢ ᠰᠠᠭᠤᠷᠢ ᠰᠤᠷᠭᠠᠨ ᠬᠥᠮᠦᠵᠢᠯ ᠤᠨ ᠱᠠᠲᠤᠨ ᠳᠤ ᠰᠤᠷᠴᠤ ᠡᠵᠡᠮᠰᠢᠬᠦ ᠶᠤᠰᠤᠲᠠᠢ ᠬᠡᠯᠡ ᠵᠦᠢ ᠶᠢᠨ ᠦᠨᠳᠦᠰᠦᠨ ᠮᠡᠳᠡᠯᠭᠡ ᠪᠤᠯᠤᠨ᠎ᠠ᠃ ᠡᠶᠢᠮᠦ ᠤᠴᠢᠷ ᠠᠴᠠ ᠲᠤᠰᠬᠠᠢ ᠬᠡᠯᠡ ᠵᠦᠢ ᠶᠢᠨ ᠰᠤᠷᠬᠤ ᠪᠢᠴᠢᠭ ᠨᠠᠶᠢᠷᠠᠭᠤᠯᠵᠤ ᠬᠠᠩᠭᠠᠭ᠎ᠠ ᠦᠭᠡᠢ ᠪᠢᠯᠡ᠃ ᠲᠠᠬᠢᠪᠠᠯ ᠵᠤᠬᠢᠶᠠᠯ ᠪᠤᠯ ᠬᠡᠯᠡᠨ ᠤ ᠬᠡᠷᠡᠭᠯᠡᠭᠡ᠂ ᠬᠡᠯᠡᠨ ᠤ ᠤᠷᠠᠯᠢᠭ ᠤᠴᠢᠷ ᠠᠴᠠ ᠬᠡᠯᠡ ᠵᠤᠬᠢᠶᠠᠯ ᠢ ᠨᠢᠭᠡ ᠬᠢᠴᠢᠶᠡᠯ ᠪᠤᠯᠭᠠᠨ ᠵᠢᠭᠠᠬᠤ ᠨᠢ ᠮᠥᠨ ᠲᠡᠭᠦᠨ ᠤ ᠵᠦᠢ ᠶᠤᠰᠤᠲᠠᠢ  ᠲᠠᠯ᠎ᠠ ᠪᠤᠢ᠃ ᠡᠶᠢᠮᠦ ᠠᠴᠠ ᠲᠤᠰᠬᠠᠢ ᠬᠡᠯᠡ ᠵᠦᠢ ᠶᠢᠨ ᠰᠤᠷᠬᠤ ᠪᠢᠴᠢᠭ ᠦᠭᠡᠢ ᠴᠤ ᠭᠡᠰᠡᠨ ᠬᠡᠯᠡ ᠪᠢᠴᠢᠭ ᠲᠤ ᠤᠷᠤᠭᠰᠠᠨ ᠵᠤᠬᠢᠶᠠᠯ ᠢᠶᠠᠷ ᠬᠡᠯᠡ ᠵᠦᠢ ᠶᠢᠨ ᠦᠨᠳᠦᠰᠦᠨ ᠮᠡᠳᠡᠯᠭᠡ ᠶᠢ ᠵᠢᠭᠠᠵᠤ ᠰᠤᠷᠬᠤ ᠪᠤᠯᠤᠮᠵᠢ ᠪᠥᠷᠢᠨ ᠪᠠᠢᠳᠠᠭ ᠢ ᠮᠡᠳᠡᠵᠦ ᠬᠢᠴᠢᠶᠡᠯ ᠪᠥᠷᠢ ᠳᠤ ᠬᠡᠯᠡ ᠵᠦᠢ ᠵᠢᠭᠠᠵᠤ ᠪᠠᠶᠢᠬᠤ ᠶᠤᠰᠤᠲᠠᠢ᠂ ᠰᠤᠷᠴᠤ ᠪᠠᠶᠢᠬᠤ ᠶᠤᠰᠤᠲᠠᠢ᠂ ᠢᠡᠭᠬᠢᠪᠡᠯ ᠰᠠᠶᠢ ᠪᠥᠷᠢᠨ ᠪᠥᠲᠦᠨ ᠪᠢᠴᠢᠭ ᠤᠨ ᠬᠢᠴᠢᠶᠡᠯ ᠪᠤᠯᠵᠤ ᠴᠢᠳᠠᠨ᠎ᠠ᠃ ᠡᠰᠡ ᠲᠡᠶᠢᠮᠦ ᠪᠤᠯ ᠬᠡᠯᠡ ᠨᠢ ᠤᠮᠳᠤᠭᠠᠢᠢᠯᠠᠭᠳᠠᠵᠤ ᠲᠠᠩ ᠭᠠᠭᠴᠠ ᠤᠳᠬ᠎ᠠ ᠵᠤᠬᠢᠶᠠᠯ ᠤᠨ ᠬᠢᠴᠢᠶᠡᠯ ᠪᠤᠯᠵᠤ ᠮᠡᠳᠡᠨ᠎ᠡ᠃       ᠭᠤᠷᠪᠠ᠂ ᠵᠥᠪ ᠳᠠᠭᠤᠳᠠᠯᠭ᠎ᠠ ᠳᠤ ᠤᠷᠤᠭᠰᠢᠯᠠᠭᠰᠠᠨ ᠡᠭᠡᠰᠢᠭ᠂  ᠲᠠᠩᠨᠠᠶᠢᠰᠢᠭᠰᠠᠨ ᠭᠡᠶᠢᠭᠦᠯᠦᠭᠴᠢ ᠮᠡᠲᠦᠰ ᠢ ᠶᠠᠭᠤᠨ ᠤ ᠤᠴᠢᠷ ᠠᠴᠠ ᠤᠷᠤᠭᠤᠯᠪᠠ ᠭᠡᠳᠡᠭ ᠤᠨ ᠲᠤᠬᠠᠢ      ᠵᠥᠪ ᠳᠠᠭᠤᠳᠠᠬᠤ ᠭᠡᠳᠡᠭ ᠪᠤᠯ ᠲᠤᠬᠠᠢ ᠶᠢᠨ ᠦᠰᠦᠭ ᠪᠢᠴᠢᠭ ᠢᠶᠠᠷ ᠪᠢᠴᠢᠭᠳᠡᠭᠰᠡᠨ ᠦᠭᠡ ᠦᠭᠦᠯᠡᠪᠦᠷᠢ ᠶᠢ ᠲᠤᠬᠠᠢ ᠶᠢᠨ ᠴᠠᠭ ᠦᠶ᠎ᠡ ᠶᠢᠨ ᠪᠠᠷᠢᠮᠵᠢᠶ᠎ᠠ ᠠᠪᠢᠶ᠎ᠠ ᠪᠠᠷ ᠤᠩᠰᠢᠵᠤ ᠭᠠᠷᠭᠠᠬᠤ ᠶᠢ ᠬᠡᠯᠡᠵᠦ ᠪᠠᠶᠢᠨ᠎ᠠ᠃ ᠡᠶᠢᠮᠦ ᠠᠴᠠ ᠵᠥᠪ ᠳᠠᠭᠤᠳᠠᠯᠭ᠎ᠠ ᠶᠢ ᠤᠢᠢᠯᠠᠭᠠᠵᠤ ᠮᠡᠳᠡᠬᠦ ᠳᠤ᠄ ᠨᠢᠭᠡ ᠳᠤ ᠪᠠᠷᠢᠮᠵᠢᠶ᠎ᠠ ᠠᠪᠢᠶᠠᠨ ᠤ ᠠᠪᠢᠶᠠᠯᠠᠪᠤᠷᠢ   ᠶᠢᠨ  ᠰᠢᠰᠲ᠋ᠧᠮ   ᠳᠤ  ᠶᠠᠮᠠᠷ  ᠶᠠᠮᠠᠷ  ᠠᠪᠢᠶᠠᠯᠠᠪᠤᠷᠢ  ᠪᠠᠶᠢᠳᠠᠭ᠂ ᠠᠯᠢ ᠠᠪᠢᠶᠠᠯᠠᠪᠤᠷᠢ ᠨᠢ ᠪᠠᠰᠠ ᠶᠠᠮᠠᠷ ᠬᠤᠪᠢᠯᠪᠤᠷᠢ ᠲᠠᠢ  ᠪᠠᠶᠢᠳᠠᠭ᠂ ᠲᠡᠳᠡᠭᠡᠷ ᠠᠪᠢᠶᠠᠯᠠᠪᠤᠷᠢ ᠪᠤᠯᠤᠨ ᠬᠤᠪᠢᠯᠪᠤᠷᠢ ᠶᠢ ᠶᠠᠮᠠᠷ ᠭᠠᠯᠢᠭ ᠤᠨ ᠶᠠᠮᠠᠷ ᠲᠡᠮᠳᠡᠭ ᠢᠶᠠᠷ ᠲᠡᠮᠳᠡᠭᠯᠡᠵᠦ ᠪᠠᠶᠢᠳᠠᠭ ᠢ ᠮᠡᠳᠡᠬᠦ ᠶᠤᠰᠤᠲᠠᠢ᠃ ᠰᠤᠷᠬᠤ ᠪᠢᠴᠢᠭ ︽ᠦᠭᠡ ᠬᠡᠯᠡ ᠦᠰᠦᠭ ᠪᠢᠴᠢᠭ ᠤᠨ ᠬᠡᠷᠡᠭᠯᠡᠭᠡᠨ︾ ᠳᠤ ᠪᠠᠶᠢᠭ᠎ᠠ ᠬᠥᠰᠦᠨᠦᠭᠲᠦ ᠪᠤᠯ  ᠶᠠᠭ ᠡᠳᠡᠭᠡᠷ ᠠᠭᠤᠯᠭ᠎ᠠ ᠶᠢ ᠬᠤᠷᠢᠶᠠᠩᠭᠤᠢᠢᠯᠠᠨ ᠦᠵᠡᠭᠦᠯᠦᠭᠰᠡᠨ ᠵᠦᠢᠯ ᠶᠤᠮ᠃ ᠲᠡᠭᠡᠬᠦ ᠳᠡᠭᠡᠨ ᠡᠨᠡ  ᠨᠢ ᠬᠡᠨ ᠨᠢᠭᠡᠨ ᠬᠥᠮᠦᠨ ᠤ ᠲᠤᠷ᠎ᠠ ᠪᠠᠷ ᠢᠶᠠᠨ ᠵᠤᠬᠢᠶᠠᠵᠤ ᠭᠠᠷᠭᠠᠭᠰᠠᠨ ᠶᠠᠭᠤᠮ᠎ᠠ ᠪᠢᠰᠢ᠂ ᠬᠠᠷᠢᠨ ᠨᠠᠢᠮᠠᠨ ᠮᠤᠵᠢ ᠤᠷᠤᠨ ᠤ ᠮᠤᠩᠭᠤᠯ ᠬᠡᠯᠡ ᠪᠢᠴᠢᠭ ᠤᠨ ᠠᠵᠢᠯ ᠤᠨ ᠬᠠᠮᠵᠢᠯᠴᠠᠬᠤ ᠲᠤᠭᠤᠢᠢᠯᠠᠩ ᠤᠨ ᠠᠯᠪᠠᠨ ᠭᠡᠷ᠂ ᠥᠪᠥᠷ ᠮᠤᠩᠭᠤᠯ ᠤᠨ ᠥᠪᠡᠷᠲᠡᠭᠡᠨ ᠵᠠᠰᠠᠬᠤ ᠤᠷᠤᠨ ᠤ ᠮᠤᠩᠭᠤᠯ ᠬᠡᠯᠡ ᠪᠢᠴᠢᠭ ᠤᠨ ᠠᠵᠢᠯ ᠤᠨ ᠵᠥᠪᠯᠡᠯ ᠤᠨ ᠬᠠᠮᠵᠢᠯᠴᠠᠬᠤ ᠠᠯᠪᠠᠨ ᠦᠰᠦᠭ [ 2011 ]2 ᠳ᠋ᠤᠭᠠᠷ ᠪᠢᠴᠢᠭ ᠮᠠᠲ᠋ᠧᠷᠢᠶᠠᠯ ᠬᠢᠭᠡᠳ ︽ᠮᠤᠩᠭᠤᠯ ᠬᠡᠯᠡᠨ ᠤ ᠪᠠᠷᠢᠮᠵᠢᠶ᠎ᠠ ᠠᠪᠢᠶᠠᠨ ᠤ ᠬᠢᠷᠢ ᠬᠡᠮ ᠢ ᠰᠢᠯᠭᠠᠬᠤ ᠬᠥᠲᠥᠯᠪᠦᠷᠢ︾ ᠶᠢᠨ ᠦᠨᠳᠦᠰᠦᠯᠡᠯ ᠲᠠᠢ ᠶᠤᠮ᠃ ᠪᠠᠭᠰᠢ ᠨᠠᠷ ᠨᠢᠭᠡ ᠳᠤ ᠡᠳᠡᠭᠡᠷ ᠪᠢᠴᠢᠭ ᠮᠠᠲ᠋ᠧᠷᠷᠢᠶᠠᠯ ᠢ ᠤᠯᠵᠤ ᠳ᠋ᠦᠢᠯᠭᠡᠵᠦ ᠦᠵᠡᠭᠡᠷᠡᠢ᠃ ᠬᠤᠶᠠᠷ ᠲᠤ ᠬᠡᠯᠡ ᠪᠤᠯᠤᠨ ᠦᠰᠦᠭ ᠪᠢᠴᠢᠭ᠂  ᠪᠢᠴᠢᠭ   ᠤᠨ  ᠬᠡᠯᠡ  ᠪᠤᠯᠤᠨ  ᠶᠠᠷᠢᠶᠠᠨ   ᠤ  ᠬᠡᠯᠡ ᠬᠤᠭᠤᠷᠤᠨᠳᠤ ᠪᠠᠨ ᠬᠤᠯᠪᠤᠭ᠎ᠠ ᠲᠠᠢ ᠪᠤᠯᠪᠠᠴᠤ ᠪᠠᠰᠠ ᠢᠯᠭᠠᠭ᠎ᠠ ᠲᠠᠢ᠂   ᠬᠤᠶᠠᠷ ᠠᠰᠲᠠᠭᠠᠨ ᠬᠡᠷᠡᠭ ᠦᠵᠡᠭᠳᠡᠯ ᠭᠡᠳᠡᠭ ᠢ ᠲᠤᠳᠤᠯᠠᠵᠤ ᠮᠡᠳᠡᠭᠡᠷᠡᠢ᠃  ᠪᠠᠷᠢᠮᠵᠢᠶ᠎ᠠ  ᠠᠪᠢᠶ᠎ᠠ᠂  ᠵᠥᠪ  ᠳᠠᠭᠤᠳᠠᠯᠭ᠎ᠠ  ᠪᠤᠯ  ᠶᠠᠷᠢᠶᠠᠨ ᠤ  ᠬᠡᠯᠡᠨ ᠤ  ᠬᠡᠪᠴᠢᠶᠡᠨ ᠳᠠᠬᠢ  ᠠᠰᠠᠭᠤᠳᠠᠯ . ᠶᠤᠮ᠃                                               ︵ ᠦᠷᠭᠦᠯᠵᠢᠯᠡᠯ ᠪᠤᠢ︶
 
ᠢᠷᠡᠯᠲᠡ᠄ http://www.mptnp.com/
ᠨᠠᠶᠢᠷᠠᠭᠤᠯᠤᠭᠴᠢ᠄ ᠭᠤᠸᠠᠨ ᠴᠠᠩ ᠰᠢ
ᠣᠷᠴᠢᠭᠤᠯᠤᠭᠴᠢ᠄
   
ᠬᠤᠯᠪᠣᠭᠳᠠᠯ ᠪᠦᠬᠦᠢ ᠠᠭᠤᠯᠭ᠎ᠠ ᠶᠢᠨ ᠭᠠᠷᠴᠠᠭ
 
2014-2016 © ᠬᠠᠷᠢᠯᠴᠠᠬᠤ ᠤᠲᠠᠰᠤ᠄ 0471-6280741 ᠢᠮᠧᠯ᠄ nmgbute@163.com
ᠵᠤᠬᠢᠶᠠᠭᠴᠢ ᠶᠢᠨ ᠡᠷᠬᠡ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠬᠤᠷᠢᠭᠯᠠᠨ᠎ᠠ᠃
︽ᠬᠡᠷᠡᠭᠯᠡᠭᠡᠨ ᠤ ᠮᠡᠷᠭᠡᠵᠢᠯ ᠤᠨ ᠮᠤᠩᠭᠤᠯ ᠰᠦᠯᠵᠢᠶᠡᠨ ᠤ ᠬᠥᠯᠭᠡ︾ ᠦᠮᠴᠢᠯᠡᠯ ᠲᠠᠢ︕