ᠴᠡᠭᠡ ᠢᠰᠬᠡᠵᠣ ᠦᠢᠯᠡᠳᠪᠦᠷᠢᠯᠡᠬᠦ ᠳᠦᠬᠦᠬᠡᠷᠦᠮᠵᠢ | ᠡᠨᠡᠬᠦ ᠬᠡᠷᠡᠭᠯᠡᠬᠡᠨ ᠤ ᠰᠢᠨ᠎ᠡ ᠬᠡᠯᠪᠡᠷᠢ ᠶᠢᠨ ᠢᠵᠢ ᠪᠦᠷᠢᠳᠦᠭᠰᠡᠨ ᠴᠡᠭᠡ ᠢᠰᠬᠡᠵᠣ ᠦᠢᠯᠡᠳᠪᠦᠷᠢᠯᠡᠬᠦ ᠳᠦᠬᠦᠬᠡᠷᠦᠮᠵᠢ ᠶᠢ ᠪᠣᠯ ᠣᠯᠠᠮᠵᠢᠯᠠᠯᠳᠦ | ᠴᠡᠭᠡ ᠢᠰᠬᠡᠵᠣ ᠦᠢᠯᠡᠳᠪᠦᠷᠢᠯᠡᠬᠦ ᠮᠡᠷᠬᠡᠰᠢᠯ ᠤᠨ ᠰᠠᠭᠤᠷᠢᠨ ᠳᠡᠬᠡᠷ᠎ᠡ ᠣᠳᠣᠬᠢᠴᠢᠯᠠᠭᠰᠠᠨ ᠴᠠᠬᠢᠯᠭᠠᠨ ᠠᠦ᠋ᠲ᠋ᠦ᠋ᠴᠢᠯᠠᠯ ᠢᠶᠠᠷ ᠠᠵᠢᠯᠯᠠᠭᠤᠯᠬᠤ ᠪᠣᠯᠭᠠᠨ | ᠰᠢᠨᠡᠴᠢᠯᠡᠨ ᠦᠬᠡᠷᠡᠴᠢᠯᠡᠬᠡᠳ ᠬᠡᠷᠡᠭᠯᠡᠬᠦ ᠳᠤ ᠳᠦᠬᠦᠮ ᠠᠪᠰᠠᠷᠬᠠᠨ ᠪᠣᠯᠭᠠᠵᠠᠢ᠂ ᠳᠣᠰ ᠳᠦᠬᠦᠬᠡᠷᠦᠮᠵᠢ ᠶᠢ ᠵᠢᠪᠡᠷᠡᠯᠳᠡ ᠡᠬᠦᠰᠬᠦ ᠦᠬᠡᠢ ᠪᠣᠯᠣᠳ ︵ | 304 ᠨᠣᠮᠧᠷᠳᠦ ᠪᠣᠯᠣᠳ︶ ᠢᠶᠠᠷ ᠦᠢᠯᠡᠳᠦᠭᠰᠡᠨ ᠶᠣᠮ᠃ ᠳᠣᠰ ᠳᠦᠬᠦᠬᠡᠷᠦᠮᠵᠢ ᠶᠢᠨ ᠮᠡᠷᠬᠡᠵᠢᠯ ᠤᠨ ᠭᠤᠣᠯᠳᠠᠯᠭ᠎ᠠ ᠬᠡᠪᠡᠯ᠄ ᠴᠡᠭᠡ ᠢᠰᠬᠡᠵᠣ | ᠦᠢᠯᠡᠳᠪᠦᠷᠢᠯᠡᠬᠦ ᠲᠦᠬᠦᠬᠡᠷᠦᠮᠵᠢ ᠳᠤ ᠱᠦᠬᠦᠬᠦ ᠰᠠᠪᠠ᠂ ᠢᠰᠬᠡᠬᠦ ᠰᠠᠪᠠ᠂ ᠬᠦᠷᠦᠩᠬᠡ ᠶᠢᠨ ᠰᠠᠪᠠ ᠪᠠ ᠴᠡᠭᠡ ᠬᠠᠳᠠᠭᠠᠯᠠᠬᠤ ᠰᠠᠪᠠ ᠪᠠᠶᠢᠬᠤ ᠪᠦᠭᠡᠳ᠂ | ᠪᠦᠯᠢᠵᠤ᠂ ᠵᠢᠭᠤᠷᠠᠬᠤ᠂ ᠰᠢᠬᠠᠭᠤᠷ ᠨᠢ ᠴᠦᠮ ᠮᠠᠰᠢᠨᠴᠢᠯᠠᠭᠰᠠᠨ ᠠᠦ᠋ᠲ᠋ᠤᠴᠢᠯᠠᠯ ᠢᠶᠠᠷ ᠠᠵᠢᠯᠯᠠᠳᠠᠭ᠃ ᠱᠦᠬᠦᠬᠦ ᠰᠠᠪᠠ ᠨᠢ ᠴᠡᠭᠡ ᠳᠤ ᠠᠩᠬ᠎ᠠ | ᠠᠯᠬᠤᠮ ᠤᠨ ᠱᠦᠭᠦᠷᠡᠯᠳᠡ ᠬᠢᠵᠣ᠂ ᠰᠦ ᠶᠢᠨ ᠰᠢᠬᠠᠭᠤᠷ ᠢᠶᠠᠷ ᠳᠠᠮᠵᠢᠨ ᠢᠰᠬᠡᠬᠦ ᠰᠠᠪᠠ ᠳᠤ ᠬᠦᠷᠬᠡᠨ᠎ᠡ︔ ᠢᠰᠬᠡᠬᠦ ᠰᠠᠪᠠ ᠳᠤ ᠴᠡᠭᠡ ᠶᠢᠨ | ᠳᠦᠬᠦᠬᠡᠢ ᠮᠠᠲ᠋ᠧᠷᠢᠶᠠᠯ ᠢ ᠨᠠᠶᠢᠷᠠᠭᠤᠯᠣᠨ ᠳᠣᠬᠢᠷᠠᠭᠤᠯᠵᠣ ᠳᠠᠬᠢᠨ ᠰᠦ ᠶᠢᠨ ᠰᠢᠬᠠᠭᠤᠷ ᠢᠶᠠᠷ ᠬᠦᠷᠦᠩᠬᠡ ᠶᠢᠨ ᠰᠠᠪᠠ ᠳᠤ ᠬᠦᠷᠬᠡᠨ᠎ᠡ︔ | ᠬᠦᠷᠦᠩᠬᠡ ᠶᠢᠨ ᠰᠠᠪᠠ ᠶᠢᠨ ᠣᠷᠦᠢ ᠳᠤ ᠪᠦᠯᠢᠬᠦ ᠮᠠᠰᠢᠨ ᠳᠣᠬᠢᠷᠠᠭᠤᠯᠣᠭᠰᠠᠨ ᠪᠣᠯᠬᠤᠷ ᠴᠡᠭᠡ ᠶᠢ ᠢᠰᠬᠡᠨ ᠦᠢᠯᠡᠳᠪᠦᠷᠢᠯᠡᠵᠣ ︵ᠳᠣᠰ ᠶᠠᠪᠣᠴᠠ ᠳᠤ | ᠬᠦᠷᠦᠩᠬᠡ ᠪᠠᠨ ᠨᠡᠮᠡᠨ᠎ᠡ︶᠂ ᠳᠠᠷᠠᠭ᠎ᠠ ᠨᠢ ᠰᠦ ᠶᠢᠨ ᠰᠢᠬᠠᠭᠤᠷ ᠢᠶᠠᠷ ᠴᠡᠭᠡ ᠬᠠᠳᠠᠭᠠᠯᠠᠬᠤ ᠰᠠᠪᠠ ᠳᠤ ᠬᠦᠷᠬᠡᠨ᠎ᠡ︔ ᠴᠡᠭᠡ ᠬᠠᠳᠠᠭᠠᠯᠠᠬᠤ ᠰᠠᠪᠠ ᠶᠢ | ᠴᠣ᠋ ᠭᠤᠷᠪᠠᠨ ᠳᠠᠪᠬᠤᠷ ᠵᠢᠪᠡᠷᠡᠯᠳᠡ ᠡᠬᠦᠰᠬᠦ ᠦᠬᠡᠢ ᠪᠣᠯᠣᠳ ᠢᠶᠠᠷ ᠦᠢᠯᠡᠳᠦᠭᠰᠡᠨ ᠪᠠᠶᠢᠵᠣ᠂ ᠳᠣᠯᠠᠭᠠᠨ ᠢ ᠳᠣᠬᠢᠷᠠᠭᠤᠯᠬᠤ ᠰᠢᠰᠲ᠋ᠧᠮ ᠣᠭᠰᠠᠷᠠᠵᠣ᠂ | ᠴᠡᠭᠡ ᠶᠢᠨ ᠦᠢᠯᠡᠳᠬᠦᠨ ᠢ 2-4℃ ᠳᠤ ᠬᠠᠳᠠᠭᠠᠯᠠᠬᠤ ᠶᠢ ᠪᠠᠳᠣᠯᠠᠨ᠎ᠠ᠃ ᠳᠣᠰ ᠶᠠᠪᠣᠴᠠ ᠳᠤ ᠴᠡᠭᠡ ᠰᠠᠪᠠᠯᠠᠬᠤ ᠠᠮᠠᠰᠠᠷ ᠪᠣᠯᠣᠨ ᠴᠡᠭᠡ ᠭᠠᠷᠭᠠᠬᠤ | ᠴᠣᠷᠭᠤ ᠶᠢᠨ ᠬᠡᠰᠡᠭ ᠠᠴᠠ ᠠᠰᠳᠠᠭᠠᠨ ᠶᠠᠪᠣᠴᠠ ᠨᠢ ᠪᠦᠷ ᠪᠢᠳᠡᠬᠦᠮᠵᠢᠯᠡᠭᠳᠡᠭᠰᠡᠨ ᠣᠷᠴᠢᠨ ᠳᠤ ᠶᠠᠪᠣᠭᠳᠠᠨ᠎ᠠ᠃ | ᠳᠣᠰ ᠳᠦᠬᠦᠬᠡᠷᠦᠮᠵᠢ ᠶᠢᠨ ᠳᠠᠪᠠᠭᠤᠯᠢᠭ ᠳᠠᠯ᠎ᠠ ᠨᠢ᠄ 1. ᠴᠡᠭᠡ ᠶᠢᠨ ᠬᠠᠳᠠᠭᠠᠯᠠᠬᠤ ᠬᠤᠭᠤᠴᠠᠭ᠎ᠠ ᠣᠬᠤᠷ ᠪᠠᠶᠢᠭᠰᠠᠨ ᠠᠰᠠᠭᠤᠳᠠᠯ ᠢ | ᠰᠢᠢᠳᠪᠦᠷᠢᠯᠡᠪᠡ︔ 2. ᠴᠡᠭᠡ ᠦᠢᠯᠡᠳᠪᠦᠷᠢᠯᠡᠬᠦ ᠣᠷ᠎ᠠ ᠮᠡᠷᠬᠡᠰᠢᠯ ᠢ ᠰᠢᠨᠡᠴᠢᠯᠡᠨ ᠰᠠᠶᠢᠵᠢᠷᠠᠭᠤᠯᠪᠠ︔ 3. ᠴᠡᠭᠡ ᠶᠢᠨ ᠪᠦᠳᠦᠭᠡᠭᠳᠡᠬᠦᠨ ᠢ | ᠴᠠᠬᠢᠯᠭᠠᠨᠴᠢᠯᠠᠭᠰᠠᠨ ᠠᠦ᠋ᠲ᠋ᠦᠴᠢᠯᠠᠯᠳᠠ ᠪᠠᠷ ᠦᠢᠯᠡᠳᠪᠦᠷᠢᠯᠡᠬᠦ ᠶᠢ ᠪᠡᠶᠡᠯᠡᠬᠦᠯᠪᠡ︔ 4. ᠬᠦᠮᠦᠨ ᠬᠡᠷᠡᠭᠰᠡᠬᠦ ᠬᠦᠴᠦᠨ ᠵᠦᠢᠯ ᠢ ᠪᠠᠭᠠᠰᠬᠠᠵᠣ᠂ | ᠴᠠᠭ ᠲᠤ ᠠᠷᠪᠢᠳᠠᠢ ᠪᠣᠯᠵᠠᠢ︔ 5. ᠵᠠᠳᠠᠭᠠᠢ ᠣᠷᠴᠢᠨ ᠳᠤ ᠦᠢᠯᠡᠳᠪᠦᠷᠢᠯᠡᠳᠡᠭ ᠪᠠᠶᠢᠭᠰᠠᠨ ᠢ ᠪᠢᠳᠡᠬᠦᠮᠵᠢᠯᠡᠭᠰᠡᠨ ᠣᠷᠴᠢᠨ ᠳᠤ ᠦᠢᠯᠡᠳᠪᠦᠷᠢᠯᠡᠬᠦ | ᠪᠤᠯᠭᠠᠵᠤ᠂ ᠴᠡᠭᠡ ᠶᠢᠨ ᠪᠦᠳᠤᠭᠡᠭᠳᠡᠬᠦᠨ ᠤ ᠠᠷᠢᠭᠤᠨ ᠴᠡᠪᠡᠷ ᠢ ᠪᠠᠳᠣᠯᠠᠪᠠ︔ 6. ᠮᠣᠩᠭᠤᠯ ᠡᠮᠨᠡᠯᠬᠡ ᠮᠣᠩᠭᠤᠯ ᠡᠮ ᠢᠶᠠᠷ ᠬᠦᠮᠦᠰ ᠤᠨ ᠡᠷᠡᠬᠦᠯᠵᠢᠨ | ᠴᠢᠬᠢᠷᠠᠭᠵᠢᠬᠤ ᠠᠷᠭ᠎ᠠ ᠵᠠᠮ ᠢ ᠨᠡᠬᠡᠬᠡᠨ ᠠᠰᠢᠭᠯᠠᠬᠤ ᠪᠠ ᠴᠡᠭᠡ ᠶᠢᠨ ᠠᠵᠣ ᠦᠢᠯᠡᠰᠵᠢᠯᠳᠡ ᠶᠢᠨ ᠰᠢᠨ᠎ᠡ ᠵᠠᠮ ᠢ ᠬᠠᠶᠢᠨ ᠰᠦᠪᠡᠭᠴᠢᠯᠡᠭᠰᠡᠨ ᠪᠠᠶᠢᠨ᠎ᠠ᠃ | | ᠳᠣᠰ ᠲᠦᠬᠦᠬᠡᠷᠦᠮᠵᠢ ᠶᠢᠨ ᠰᠢᠨᠡᠴᠢᠯᠡᠯᠳᠡ᠄ 1. ᠬᠦᠷᠦᠩᠬᠡ ᠶᠢᠨ ᠰᠠᠪᠠ ᠶᠢᠨ ᠣᠷᠦᠢ ᠳᠤ ᠳᠣᠬᠢᠷᠠᠭᠤᠯᠣᠭᠰᠠᠨ ᠪᠦᠯᠢᠬᠦ ᠮᠠᠰᠢᠨ ᠨᠢ ᠳᠡᠭᠡᠭᠰᠢ | ᠳᠣᠷᠣᠭᠰᠢ ᠴᠢᠭᠯᠡᠯ ᠢᠶᠠᠷ ᠵᠢᠭᠤᠷᠠᠨ᠎ᠠ᠂ ᠡᠨᠡ ᠨᠢ ᠣᠯᠠᠮᠵᠢᠯᠠᠯᠳᠦ ᠴᠡᠭᠡ ᠦᠢᠯᠡᠳᠬᠦ ᠠᠷᠭ᠎ᠠ ᠬᠡᠯᠪᠡᠷᠢ ᠲᠠᠢ ᠨᠡᠶᠢᠴᠡᠨ᠎ᠡ︔ 2. ᠴᠡᠭᠡ ᠬᠠᠳᠠᠭᠠᠯᠠᠬᠤ | ᠰᠠᠪᠠ ᠳᠤ ᠳᠣᠯᠠᠭᠠᠨ ᠢ ᠳᠣᠬᠢᠷᠠᠭᠤᠯᠬᠤ ᠰᠢᠰᠲ᠋ᠧᠮ ᠣᠭᠰᠠᠷᠠᠵᠣ᠂ ᠴᠡᠭᠡ ᠶᠢᠨ ᠦᠢᠯᠡᠳᠬᠦᠨ ᠢ 2-4℃ ᠳᠤ ᠬᠠᠳᠠᠭᠠᠯᠠᠬᠤ ᠶᠢ ᠪᠠᠳᠣᠯᠠᠭᠰᠠᠨ ᠨᠢ | ᠣᠷᠳᠣ ᠬᠤᠭᠤᠴᠠᠭ᠎ᠠ ᠳᠣᠣᠷ᠎ᠠ ᠳᠣᠯᠠᠭᠠᠨ ᠳᠤ ᠬᠠᠳᠠᠭᠠᠯᠠᠬᠤ ᠬᠠᠷᠠᠯᠳᠠ ᠳᠠᠭᠠᠨ ᠬᠦᠷᠴᠦ᠂ ᠴᠡᠭᠡ ᠶᠢᠨ ᠦᠢᠯᠡᠳᠬᠦᠨ ᠤ ᠣᠷᠳᠣ ᠬᠤᠭᠤᠴᠠᠭ᠎ᠠ | ᠬᠠᠳᠠᠭᠠᠯᠠᠬᠤ ᠶᠢ ᠪᠡᠶᠡᠯᠡᠬᠦᠯᠪᠡ︔ 3. ᠳᠣᠰ ᠳᠦᠬᠦᠬᠡᠷᠦᠮᠵᠢ ᠨᠢ ᠠᠦ᠋ᠲ᠋ᠦᠴᠢᠯᠠᠭᠰᠠᠨ ᠪᠣᠶᠣ ᠪᠢᠳᠡᠬᠦᠮᠵᠢᠯᠡᠭᠰᠡᠨ ᠦᠢᠯᠡᠳᠪᠦᠷᠢᠵᠢᠯᠡᠯᠳᠡ ᠶᠢ | ᠬᠡᠷᠡᠭᠵᠢᠬᠦᠯᠵᠣ᠂ ᠴᠡᠭᠡ ᠶᠢᠨ ᠦᠢᠯᠡᠳᠬᠦᠨ ᠤ ᠠᠷᠢᠭᠤᠨ ᠴᠡᠪᠡᠷ ᠢ ᠪᠠᠳᠣᠯᠠᠬᠤ ᠵᠣᠷᠢᠯᠭ᠎ᠠ ᠳᠤ ᠬᠦᠷᠦᠬᠦᠯᠪᠡ᠃ | ᠰᠢᠨ᠎ᠡ ᠳᠦᠬᠦᠬᠡᠷᠦᠮᠵᠢ ᠶᠢᠨ ᠰᠡᠬᠦᠳᠡᠷ᠄ | ᠮᠠᠩᠯᠠᠢ ᠫᠷᠦᠹᠧᠰᠰᠤᠷ ᠨᠠᠷ ᠤᠨ ᠵᠤᠬᠢᠶᠠᠨ ᠦᠢᠯᠡᠳᠦᠭᠰᠡᠨ ᠴᠡᠭᠡ ᠪᠤᠯᠪᠠᠰᠤᠷᠠᠭᠤᠯᠬᠤ ᠤᠳᠤᠬᠢᠴᠢᠯᠠᠯ ᠤᠨ | ᠲᠦᠭᠦᠭᠡᠷᠦᠮᠵᠢ ︵ᠤᠯᠤᠰ ᠤᠨ ᠲᠤᠰᠬᠠᠢ ᠠᠰᠢᠭ ᠤᠨ ᠨᠤᠮᠧᠷ᠄ 201020286777.6︶ | | ᠤᠯᠤᠰ ᠤᠨ ᠮᠡᠳᠡᠯᠭᠡ ᠶᠢᠨ ᠪᠦᠳᠦᠭᠡᠭᠳᠡᠬᠦᠨ ᠤ ᠦᠮᠴᠢᠯᠡᠯ ᠤᠨ ᠲᠤᠪᠴᠢᠶ᠎ᠠ ᠠᠴᠠ | ᠤᠯᠭᠤᠭᠰᠠᠨ ᠬᠡᠷᠡᠭᠯᠡᠭᠡᠨ ᠤ ᠰᠢᠨ᠎ᠠ ᠬᠡᠯᠪᠡᠷᠢ ᠶᠢᠨ ᠲᠤᠰᠬᠠᠢ ᠠᠰᠢᠭ ᠤᠨ ᠦᠨᠡᠮᠯᠡᠯ | |