ᠬᠤᠯᠤᠭᠠᠨ᠎ᠠ  ᠶᠢᠨ ᠭᠦᠨᠦᠭᠡᠯ  ᠢ ᠰᠡᠷᠭᠡᠶᠢᠯᠡᠨ ᠵᠠᠰᠠᠬᠤ ᠳᠤ ᠶᠠᠮᠠᠷ   ᠪᠠᠳᠤᠯᠠᠭᠠᠳᠤ ᠠᠷᠭ᠎ᠠ ᠭᠡᠮᠵᠢᠶ᠎ᠠ ᠠᠪᠬᠤ ᠪᠤᠢ︖
ᠵᠣᠬᠢᠶᠠᠭᠴᠢ᠄ 
ᠰᠡᠴᠡᠨ ᠨᠠᠨᠳᠢᠨ᠎ᠠ
                  ᠬᠤᠯᠤᠭᠠᠨ᠎ᠠ  ᠶᠢᠨ ᠭᠦᠨᠦᠭᠡᠯ  ᠢ ᠰᠡᠷᠭᠡᠶᠢᠯᠡᠨ ᠵᠠᠰᠠᠬᠤ ᠳᠤ                   ᠶᠠᠮᠠᠷ   ᠪᠠᠳᠤᠯᠠᠭᠠᠳᠤ   ᠠᠷᠭ᠎ᠠ   ᠭᠡᠮᠵᠢᠶ᠎ᠠ ᠠᠪᠬᠤ ᠪᠤᠢ︖           ᠪᠠᠳᠤᠯᠠᠭᠠᠳᠤ ᠠᠷᠭ᠎ᠠ ᠭᠡᠮᠵᠢᠶ᠎ᠠ ᠭᠡᠪᠡᠯ ᠲᠤᠤᠷᠠᠭᠢ ᠮᠡᠳᠤ ᠭᠡᠳᠦᠨ ᠵᠤᠶᠢᠯ ᠪᠠᠶᠢᠨ᠎ᠠ᠃         1. ᠬᠤᠯᠤᠭᠠᠨ᠎ᠠ  ᠶᠢᠨ ᠭᠦᠨᠦᠭᠡᠯ  ᠢ ᠰᠢᠯᠭᠠᠨ ᠭᠡᠮᠵᠢᠭᠦ ᠪᠠ ᠰᠡᠷᠭᠡᠶᠢᠯᠡᠨ ᠵᠠᠰᠠᠬᠤ ᠡᠩᠨᠡᠭᠡ   ᠪᠠᠶᠢᠭᠤᠯᠤᠨ᠎ᠠ᠃᠂ ᠬᠤᠯᠤᠭᠠᠨ᠎ᠠ  ᠶᠢᠨ ᠭᠦᠨᠦᠭᠡᠯ  ᠢ ᠰᠢᠯᠭᠠᠨ ᠭᠡᠮᠵᠢᠭᠦ ᠪᠤᠯ ᠰᠡᠷᠭᠡᠶᠢᠯᠡᠨ ᠵᠠᠰᠠᠬᠤ ᠪᠠᠶᠢᠯᠳᠤᠬᠤ ᠪᠤᠳᠤᠯᠭ᠎ᠠ  ᠶᠢᠨ ᠤᠳᠤᠷᠢᠳᠤᠮᠵᠢ ᠮᠦᠨ᠃ ᠡᠶᠢᠮᠤ ᠠᠴᠠ᠂ ᠰᠡᠷᠭᠡᠶᠢᠯᠡᠨ ᠵᠠᠰᠠᠬᠤ ᠠᠷᠭ᠎ᠠ ᠭᠡᠮᠵᠢᠶ᠎ᠠ ᠠᠪᠬᠤ ᠠᠴᠠ ᠪᠠᠨ ᠡᠮᠦᠨ᠎ᠠ᠂ ᠡᠷᠭᠡᠪᠰᠢ ᠲᠠᠷᠢᠶᠠᠨ ᠳᠠᠬᠢ ᠬᠤᠯᠤᠭᠠᠨ᠎ᠠ  ᠶᠢᠨ ᠨᠢᠠᠠᠳᠠᠴᠠ  ᠶᠢᠨ ᠭᠡᠮᠵᠢᠶ᠎ᠠ  ᠶᠢ ᠪᠠᠶᠢᠴᠠᠭᠠᠬᠤ ᠭᠡᠷᠡᠭᠳᠡᠢ᠃ ᠬᠤᠯᠤᠭᠠᠨ᠎ᠠ  ᠶᠢᠨ ᠭᠦᠨᠦᠭᠡᠯ ᠦᠷᠭᠦᠯᠵᠢ ᠡᠭᠦᠰᠳᠡᠭ ᠤᠷᠤᠨ ᠳᠤ ᠬᠤᠯᠤᠭᠠᠨ᠎ᠠ  ᠶᠢᠨ ᠭᠦᠨᠦᠭᠡᠯ  ᠢ ᠰᠢᠯᠭᠠᠨ ᠭᠡᠮᠵᠢᠭᠦ ᠴᠢᠬᠤᠯᠠ ᠪᠦᠭᠦᠢ ᠡᠩᠨᠡᠭᠡ  ᠶᠢ ᠪᠠᠶᠢᠭᠤᠯᠵᠤ᠂ ᠬᠤᠯᠤᠭᠠᠨ᠎ᠠ  ᠶᠢᠨ ᠭᠦᠨᠦᠭᠡᠯ  ᠤᠨ ᠡᠭᠦᠰᠦᠭᠰᠡᠨ ᠪᠠᠶᠢᠳᠠᠯ  ᠢ ᠲᠤᠠᠠᠳᠠᠮᠠᠯ ᠬᠤᠭᠤᠴᠠᠭ᠎ᠠ ᠪᠠᠷ ᠪᠠᠶᠢᠴᠠᠭᠠᠵᠤ᠂ ᠤᠷᠢᠳᠴᠢᠯᠠᠨ ᠮᠡᠳᠡᠭᠡᠯᠡᠭᠦ ᠭᠡᠷᠡᠭᠳᠡᠢ᠃ ᠡᠭᠦᠨ ᠠᠴᠠ ᠭᠠᠳᠠᠨ᠎ᠠ᠂ ᠬᠤᠯᠤᠭᠠᠨ᠎ᠠ  ᠶᠢᠨ ᠭᠦᠨᠦᠭᠡᠯ  ᠢ ᠰᠡᠷᠭᠡᠶᠢᠯᠡᠨ ᠵᠠᠰᠠᠬᠤ ᠠᠵᠢᠯ ᠨᠢ ᠮᠡᠷᠭᠡᠵᠢᠯ  ᠤᠨ ᠴᠢᠨᠠᠷ  ᠢᠶᠠᠷ ᠴᠢᠩᠭ᠎ᠠ ᠪᠠᠶᠢᠳᠠᠭ ᠲᠤᠯᠠ ᠪᠤᠯᠪᠠᠰᠤᠷᠠᠯ ᠰᠠᠶᠢᠳᠠᠢ ᠨᠢᠭᠡᠨ ᠡᠩᠨᠡᠭᠡ ᠪᠠᠷ ᠤᠬᠠᠭᠤᠯᠬᠤ᠂ ᠪᠤᠯᠪᠠᠰᠤᠷᠠᠭᠤᠯᠬᠤ ᠪᠠ ᠰᠡᠷᠭᠡᠶᠢᠯᠡᠨ ᠵᠠᠰᠠᠬᠤ ᠮᠡᠷᠭᠡᠵᠢᠯ  ᠤᠨ ᠵᠢᠯᠤᠭᠤᠳᠤᠯᠭ᠎ᠠ ᠵᠡᠷᠭᠡ ᠠᠵᠢᠯ  ᠤᠳ  ᠢ ᠭᠢᠯᠭᠡᠭᠦ ᠭᠡᠷᠡᠭᠳᠡᠢ᠃         2. ᠵᠤᠭᠢᠶᠠᠨ ᠪᠠᠶᠢᠭᠤᠯᠤᠨ ᠲᠠᠶᠢᠴᠢᠯᠠᠬᠤ ᠠᠵᠢᠯ  ᠢ   ᠴᠢᠩᠭᠠᠳᠬᠠᠨ᠎ᠠ᠃ ᠲᠠᠷᠢᠶᠠᠨ ᠭᠠᠵᠠᠷ  ᠤᠨ ᠬᠤᠯᠤᠭᠠᠨ᠎ᠠ  ᠶᠢᠨ ᠭᠦᠨᠦᠭᠡᠯ  ᠢ ᠰᠡᠷᠭᠡᠶᠢᠯᠡᠨ ᠵᠠᠰᠠᠬᠤ ᠪᠤᠯ ᠭᠠᠮᠰᠢᠭ  ᠢ ᠰᠡᠷᠭᠡᠶᠢᠯᠡᠵᠤ ᠭᠠᠮᠰᠢᠭ  ᠢ ᠪᠠᠭᠠᠰᠬᠠᠬᠤ ᠨᠢᠭᠡᠨ ᠤᠨᠴᠠᠭᠠᠢ ᠠᠵᠢᠯ ᠮᠦᠨ ᠪᠦᠭᠡᠳ ᠬᠤᠯᠪᠤᠠᠠᠳᠠᠬᠤ ᠭᠡᠪᠴᠢᠶ᠎ᠠ ᠨᠢ ᠮᠠᠰᠢ ᠦᠷᠭᠡᠨ ᠪᠠᠶᠢᠳᠠᠭ᠂ ᠡᠶᠢᠮᠤ ᠠᠴᠠ ᠵᠤᠭᠢᠶᠠᠨ ᠪᠠᠶᠢᠭᠤᠯᠤᠯᠳᠠ  ᠶᠢᠨ ᠲᠠᠯ᠎ᠠ ᠪᠠᠷ ᠴᠢᠬᠤᠯᠠ ᠪᠦᠭᠦᠢ ᠪᠠᠳᠤᠯᠠᠭ᠎ᠠ  ᠶᠢᠨ ᠠᠷᠭ᠎ᠠ ᠭᠡᠮᠵᠢᠶ᠎ᠠ ᠲᠠᠢ ᠪᠠᠶᠢᠬᠤ ᠴᠢᠬᠤᠯᠠ ᠲᠠᠢ᠃ ᠲᠤᠬᠠᠶᠢᠯᠠᠪᠠᠯ ᠵᠠᠰᠠᠭ  ᠤᠨ ᠤᠷᠳᠤᠨ ᠲᠡᠮᠵᠢᠯᠭᠡ ᠦᠵᠡᠭᠦᠯᠵᠤ᠂ ᠵᠠᠰᠠᠭ ᠵᠠᠭᠢᠷᠭᠠᠨ  ᠤᠨ ᠤᠳᠤᠷᠢᠳᠤᠯᠭ᠎ᠠ ᠤᠷᠤᠯᠴᠠᠬᠤ ᠭᠡᠷᠡᠭᠳᠡᠢ᠃ ᠵᠤᠭᠢᠶᠠᠨ ᠪᠠᠶᠢᠭᠤᠯᠤᠯᠳᠠ  ᠶᠢᠨ ᠲᠠᠶᠢᠴᠢᠯᠠᠬᠤ ᠡᠷᠴᠢᠮ  ᠢ ᠴᠢᠩᠭᠠᠷᠠᠭᠤᠯᠵᠤ᠂ ᠬᠤᠯᠤᠭᠠᠨ᠎ᠠ ᠤᠰᠠᠳᠬᠠᠬᠤ ᠠᠵᠢᠯᠯᠠᠭ᠎ᠠ  ᠶᠢ ᠵᠠᠰᠠᠭ  ᠤᠨ ᠤᠷᠳᠤᠨ  ᠤ ᠠᠵᠢᠯᠯᠠᠭ᠎ᠠ ᠪᠠᠷ ᠲᠠᠮᠵᠢᠭᠤᠯᠤᠨ᠂ ᠠᠷᠠᠳ ᠤᠯᠠᠨ  ᠤ ᠠᠵᠢᠯᠯᠠᠭ᠎ᠠ ᠪᠤᠯᠭᠠᠳᠠᠭ ᠯᠡ ᠶᠤᠮ ᠪᠤᠯ ᠲᠠᠷᠤᠢ ᠡᠨᠡᠭᠦ ᠠᠵᠢᠯ  ᠢ ᠦᠷᠭᠡᠨ ᠲᠠᠯᠭᠡᠷ ᠦᠷᠨᠢᠭᠦᠯᠵᠤ ᠴᠢᠳᠠᠨ᠎ᠠ᠃         3. ᠰᠡᠷᠭᠡᠶᠢᠯᠡᠨ ᠵᠠᠰᠠᠬᠤ ᠪᠠᠯᠠ ᠮᠦᠡᠭᠭᠦ  ᠶᠢ ᠲᠤᠭᠢᠳᠡᠢ   ᠴᠤᠭᠯᠠᠭᠤᠯᠤᠨ᠎ᠠ᠃ ᠲᠠᠷᠢᠶᠠᠨ ᠭᠠᠵᠠᠷ  ᠤᠨ ᠬᠤᠯᠤᠭᠠᠨ᠎ᠠ  ᠶᠢ ᠰᠡᠷᠭᠡᠶᠢᠯᠡᠨ ᠵᠠᠰᠠᠬᠤ ᠳᠤ ᠠᠰᠢᠭ ᠭᠦᠷᠳᠡᠭᠴᠢᠳ  ᠤᠨ ᠭᠤᠤᠯ ᠨᠢ ᠲᠠᠷᠢᠶᠠᠴᠢᠨ ᠲᠦᠮᠡᠨ ᠪᠤᠯᠤᠨ᠎ᠠ᠃ ᠡᠶᠢᠮᠤ ᠠᠴᠠ ᠰᠡᠷᠭᠡᠶᠢᠯᠡᠡ ᠵᠠᠰᠠᠬᠤ ᠵᠠᠷᠤᠳᠠᠯ  ᠢ ᠦᠢᠯᠡᠳᠪᠤᠷᠢᠯᠡᠯ  ᠤᠨ ᠴᠢᠨᠠᠷᠳᠡᠢ ᠤᠷᠤᠭᠤᠯᠤᠯᠳᠠ ᠳᠤ ᠤᠷᠤᠭᠤᠯᠬᠤ  ᠶᠢᠨ ᠲᠠᠭᠠᠤ ᠤᠯᠠᠨ ᠲᠦᠮᠡᠨ ᠳᠤ ᠲᠦᠰᠢᠭᠯᠡᠨ ᠴᠤᠠᠠᠯᠠᠭᠤᠯᠬᠤ ᠭᠡᠷᠡᠭᠳᠡᠢ᠂ ᠭᠡᠪᠡᠴᠤ ᠲᠠᠷᠢᠶᠠᠨ  ᠤ ᠬᠤᠯᠤᠭᠠᠨ᠎ᠠ  ᠶᠢᠨ ᠭᠦᠨᠦᠭᠡᠯ  ᠢ ᠰᠠᠶᠢᠳᠤᠷ ᠰᠡᠷᠭᠡᠶᠢᠯᠡᠨ ᠵᠠᠰᠠᠬᠤ ᠨᠢ ᠭᠦᠳᠡᠭᠡ ᠲᠤᠰᠬᠤᠨ  ᠤ ᠬᠤᠯᠤᠭᠠᠨ᠎ᠠ  ᠶᠢᠨ ᠬᠠᠯᠳᠠᠪᠤᠷᠢᠳᠤ ᠡᠪᠡᠳᠴᠢᠨ  ᠤ ᠡᠭᠦᠰᠦᠯ  ᠢ ᠬᠤᠷᠢᠠᠠᠯᠠᠬᠤ ᠵᠢᠴᠢ ᠬᠤᠳᠠ ᠪᠠᠯᠭᠠᠰᠤᠨ  ᠤ ᠬᠤᠯᠤᠭᠠᠨ᠎ᠠ  ᠶᠢᠨ ᠵᠤᠶᠢᠯ  ᠢ ᠪᠠᠭᠠᠰᠬᠠᠬᠤ ᠴᠢᠬᠤᠯᠠ ᠠᠴᠢ ᠬᠤᠯᠪᠤᠠᠠᠳᠠᠯ ᠲᠠᠢ ᠪᠤᠯᠬᠤᠷ᠂ ᠬᠤᠯᠤᠭᠠᠨ᠎ᠠ  ᠶᠢᠨ ᠭᠦᠨᠦᠭᠡᠯ  ᠢᠶᠠᠷ ᠭᠦᠨᠳᠤ ᠨᠤᠴᠢᠳᠡᠢ ᠭᠠᠵᠠᠷ ᠤᠷᠤᠨ᠂ ᠶᠠᠳᠠᠭᠤ ᠵᠦᠳᠡᠭᠦᠤ ᠭᠠᠵᠠᠷ ᠤᠷᠤᠨ ᠵᠢᠴᠢ ᠤᠯᠤᠰ  ᠤᠨ ᠦᠮᠴᠢᠯᠡᠯ  ᠤᠨ ᠠᠳᠠᠷ ᠭᠠᠵᠠᠷ ᠪᠤᠯᠤᠨ ᠤᠯᠠᠨ ᠨᠠᠶᠢᠳᠡ  ᠶᠢᠨ ᠭᠠᠵᠠᠷ ᠲᠠᠯᠠᠪᠤᠷ ᠲᠠᠬᠢ ᠬᠤᠯᠤᠭᠠᠨ᠎ᠠ  ᠶᠢᠨ ᠭᠦᠨᠦᠭᠡᠯ  ᠢ ᠰᠡᠷᠭᠡᠶᠢᠯᠡᠨ ᠵᠠᠰᠠᠬᠤ ᠵᠠᠷᠤᠳᠡᠯ ᠵᠢᠴᠢ ᠬᠤᠯᠤᠭᠠᠨ᠎ᠠ  ᠶᠢᠨ ᠭᠦᠨᠦᠭᠡᠯ  ᠢ ᠰᠢᠯᠭᠠᠨ ᠭᠡᠮᠵᠢᠭᠦ ᠪᠡ ᠮᠡᠷᠭᠡᠵᠢᠯ ᠲᠡᠯᠭᠡᠷᠡᠭᠦᠯᠭᠦ ᠵᠡᠷᠭᠡ ᠰᠠᠭᠤᠷᠢ ᠠᠵᠢᠯ ᠳᠤ ᠡᠯ᠎ᠠ ᠱᠠᠳᠤᠨ  ᠤ ᠡᠳ᠋  ᠤᠨ ᠵᠠᠰᠠᠭ ᠠᠴᠠ ᠴᠢᠬᠤᠯᠠ ᠪᠦᠭᠦᠢ   ᠪᠡᠯᠡ ᠤᠷᠤᠭᠤᠯᠤᠯᠳᠠ ᠤᠯᠭᠤᠬᠤ ᠭᠡᠷᠡᠭᠳᠡᠢ᠃         4. ᠰᠡᠷᠭᠡᠶᠢᠯᠡᠨ ᠵᠠᠰᠠᠬᠤ ᠦᠷ᠎ᠠ ᠪᠦᠳᠦᠮᠵᠢ  ᠶᠢ ᠭᠢᠨᠠᠨ   ᠰᠢᠯᠭᠠᠨ᠎ᠠ᠃ ᠦᠷ᠎ᠠ ᠪᠦᠳᠦᠮᠵᠢ  ᠶᠢ ᠭᠢᠨᠠᠨ ᠰᠢᠯᠭᠠᠬᠤ ᠪᠤᠯ ᠬᠤᠯᠤᠭᠠᠨ᠎ᠠ  ᠶᠢᠨ ᠭᠦᠨᠦᠭᠡᠯ  ᠢ ᠰᠡᠷᠭᠡᠶᠢᠯᠡᠨ ᠵᠠᠰᠠᠬᠤ ᠠᠵᠢᠯ  ᠢ ᠠᠭᠢᠭᠤᠯᠬᠤ ᠴᠢᠬᠤᠯᠠ ᠪᠦᠭᠦᠢ ᠠᠷᠭ᠎ᠠ ᠭᠡᠮᠵᠢᠶ᠎ᠠ ᠮᠦᠨ᠃ ᠶᠠᠮᠠᠷ ᠨᠢᠭᠡᠨ ᠭᠠᠵᠠᠷ ᠤᠷᠤᠨ  ᠤ ᠬᠤᠯᠤᠭᠠᠨ᠎ᠠ  ᠶᠢᠨ ᠭᠦᠨᠦᠭᠡᠯ  ᠢ ᠠᠮᠵᠢᠯᠳᠡ ᠲᠠᠢ ᠪᠠᠷ ᠵᠠᠰᠠᠵᠤ ᠴᠢᠳ᠋ᠬᠠᠰᠠᠨ ᠡᠰᠡᠭᠦ  ᠶᠢ ᠭᠤᠤᠯ ᠨᠢ ᠲᠤᠤᠷᠠᠭᠢ ᠭᠡᠳᠦᠨ ᠲᠠᠯ᠎ᠠ ᠪᠠᠷ ᠭᠢᠨᠠᠨ ᠰᠢᠯᠭᠠᠨ᠎ᠠ᠃          ① ᠬᠤᠯᠤᠭᠠᠨ᠎ᠠ  ᠶᠢᠨ ᠨᠢᠠᠠᠳᠠᠴᠠ  ᠶᠢᠨ ᠭᠡᠮᠵᠢᠶ᠎ᠠ  ᠶᠢ ᠪᠠᠭᠤᠷᠠᠭᠤᠯᠬᠤ ᠭᠦᠢᠴᠡᠳᠭᠡᠯ ᠲᠤᠭ᠎ᠠ᠃ ᠶᠠᠷᠦᠩᠭᠡᠢ ᠳᠡᠭᠡᠨ ᠰᠡᠷᠭᠡᠶᠢᠯᠡᠨ ᠵᠠᠰᠠᠬᠤ ᠠᠷᠭ᠎ᠠ ᠭᠡᠮᠵᠢᠶ᠎ᠠ ᠠᠪᠤᠠᠠᠰᠠᠨ  ᠤ ᠰᠡᠭᠦᠯᠡᠷ 15 ᠬᠤᠨᠤᠭ  ᠤᠨ ᠲᠠᠷᠠᠭ᠎ᠠ ᠪᠠᠶᠢᠴᠠᠭᠠᠯᠳᠠ ᠭᠢᠵᠤ᠂ ᠬᠤᠯᠤᠭᠠᠨ᠎ᠠ  ᠶᠢᠨ ᠨᠢᠠᠠᠳᠠᠴᠠ  ᠶᠢᠨ ᠭᠡᠮᠵᠢᠶ᠎ᠠ 80% ᠠᠴᠠ ᠲᠡᠭᠡᠭᠰᠢ ᠪᠠᠭᠤᠷᠬᠠᠰᠠᠨ ᠪᠤᠶᠤ ᠲᠠᠷᠢᠶᠠᠨ ᠳᠠᠬᠢ ᠦᠯᠡᠳᠡᠭᠰᠡᠨ ᠬᠤᠯᠤᠭᠠᠨ᠎ᠠ  ᠶᠢᠨ ᠨᠢᠠᠠᠳᠠᠴᠠ  ᠶᠢᠨ ᠭᠡᠮᠵᠢᠶ᠎ᠠ ᠨᠢ 3% ᠠᠴᠠ ᠲᠤᠷᠤᠠᠠᠰᠢ ᠪᠠᠶᠢᠪᠠᠯ᠂ ᠪᠦᠳᠦᠮᠵᠢᠳᠡᠢ ᠰᠡᠷᠭᠡᠶᠢᠯᠡᠨ ᠵᠠᠰᠬᠠᠰᠠᠨ ᠤᠷᠤᠨ ᠪᠤᠶᠤ ᠰᠡᠷᠭᠡᠶᠢᠯᠡᠨ ᠵᠠᠰᠠᠬᠤ ᠳᠤ ᠭᠢᠷᠢ ᠳᠤ ᠲᠡᠩᠴᠡᠭᠰᠡᠨ ᠤᠷᠤᠨ ᠪᠤᠯᠤᠨ᠎ᠠ᠃         ② ᠲᠠᠷᠢᠮᠠᠯ  ᠤᠨ ᠭᠦᠨᠦᠭᠡᠯ ᠳᠤ ᠤᠴᠠᠷᠬᠠᠰᠠᠨ ᠭᠡᠮᠵᠢᠶ᠎ᠠ  ᠶᠢᠨ ᠭᠦᠢᠴᠡᠳᠭᠡᠯ ᠲᠤᠭ᠎ᠠ᠃ ᠲᠠᠷᠢᠶᠠᠨ  ᠤ ᠬᠤᠯᠤᠭᠠᠨ᠎ᠠ  ᠶᠢᠨ ᠭᠦᠨᠦᠭᠡᠯ  ᠢ ᠰᠡᠷᠭᠡᠶᠢᠯᠡᠨ ᠵᠠᠰᠠᠬᠤ  ᠶᠢᠨ ᠬᠠᠮᠤᠭ ᠡᠴᠤᠰ  ᠤᠨ ᠵᠤᠷᠢᠯᠭ᠎ᠠ ᠪᠤᠯ ᠲᠠᠷᠤᠢ ᠲᠠᠷᠢᠶᠠᠨ ᠴᠢᠭᠢ  ᠶᠢ ᠬᠠᠮᠠᠭᠠᠯᠠᠬᠤ ᠬᠤᠷᠢᠶᠠᠯᠳᠠ  ᠶᠢ ᠪᠠᠳᠤᠯᠠᠬᠤ ᠶᠠᠪᠤᠳᠠᠯ ᠪᠤᠯᠤᠨ᠎ᠠ᠃ ᠶᠠᠷᠤ  ᠶᠢᠨ ᠱᠠᠭᠠᠷᠳᠠᠯᠭ᠎ᠠ ᠪᠤᠯ ᠰᠡᠷᠭᠡᠶᠢᠯᠡᠯᠳᠡ  ᠶᠢᠨ ᠲᠤᠭᠤᠷᠢᠭ ᠲᠤᠳᠤᠷ᠎ᠠ ᠲᠤᠮᠳᠡᠴᠢ ᠴᠢᠭᠢ ᠬᠠᠮᠠᠭᠠᠯᠠᠬᠤ ᠨᠤᠷᠮ᠎ᠠ  ᠶᠢ 95% ᠠᠴᠠ ᠲᠡᠭᠡᠭᠰᠢ ᠳᠤ ᠭᠦᠷᠦᠭᠦᠯᠵᠤ᠂ ᠠᠮᠤ ᠪᠤᠳᠠᠭᠠᠨ  ᠤ ᠲᠠᠷᠢᠮᠠᠯ  ᠤᠨ ᠤᠨᠠᠯᠳᠠ  ᠶᠢᠨ ᠬᠤᠭᠢᠷᠠᠯ  ᠤᠨ ᠨᠤᠷᠮ᠎ᠠ  ᠶᠢ 3% ᠠᠴᠠ ᠲᠤᠷᠤᠠᠠᠰᠢ ᠳᠤ ᠭᠢᠵᠠᠭᠠᠷᠯᠠᠵᠤ᠂ ᠠᠵᠤ ᠠᠬᠤᠢ  ᠶᠢᠨ ᠲᠠᠷᠢᠮᠠᠯ  ᠤᠨ ᠬᠤᠭᠢᠷᠠᠯ  ᠤᠨ ᠨᠤᠷᠮ᠎ᠠ  ᠶᠢ 2% ᠠᠴᠠ ᠲᠤᠷᠤᠠᠠᠰᠢ ᠳᠤ ᠭᠢᠵᠠᠭᠠᠷᠯᠬᠠᠰᠠᠨ ᠪᠠᠶᠢᠪᠠᠯ ᠪᠦᠳᠦᠮᠵᠢᠳᠡᠢ ᠪᠠᠷ ᠰᠡᠷᠭᠡᠶᠢᠯᠡᠨ ᠵᠠᠰᠬᠠᠰᠠᠨ ᠤᠷᠤᠨ ᠪᠤᠯᠤᠨ᠎ᠠ᠃        ③ ᠠᠶᠤᠯᠭᠦᠢ  ᠶᠢᠨ ᠭᠦᠢᠴᠡᠳᠭᠡᠯ ᠲᠤᠭ᠎ᠠ᠃ ᠭᠦᠮᠦᠨ  ᠢ ᠦᠢᠯᠡᠳᠪᠤᠷᠢᠯᠡᠯ  ᠤᠨ ᠴᠢᠨᠠᠷᠳᠡᠢ ᠬᠤᠤᠷᠳᠠᠭᠤᠯᠤᠠᠠᠰᠠᠨ ᠠᠳᠡᠯ ᠦᠭᠡᠢ᠂ ᠮᠠᠯ ᠵᠢᠭᠦᠷᠳᠡᠨ  ᠢ ᠦᠢᠯᠡᠳᠪᠤᠷᠢᠯᠡᠯ  ᠤᠨ ᠴᠢᠨᠠᠷᠳᠡᠢ ᠬᠤᠤᠷᠳᠠᠭᠤᠯᠤᠠᠠᠰᠠᠨ ᠭᠡᠷᠡᠭ ᠨᠢ ᠰᠡᠷᠭᠡᠶᠢᠯᠡᠨ ᠵᠠᠰᠠᠬᠤ ᠤᠷᠤᠨ  ᠤ ᠮᠠᠯ ᠵᠢᠭᠦᠷᠳᠡᠨ  ᠤ ᠶᠠᠷᠦᠩᠭᠡᠢ ᠲᠤᠭᠠᠨ  ᠤ ᠲᠦᠮᠡᠨ ᠬᠤᠪᠢ  ᠶᠢᠨ ᠨᠢᠭᠡ ᠠᠴᠠ ᠲᠤᠤᠷ᠎ᠠ ᠪᠠᠶᠢᠬᠤ ᠭᠡᠷᠡᠭᠳᠡᠢ᠃        ④ ᠠᠵᠤ ᠠᠬᠤᠢ  ᠶᠢᠨ ᠦᠷ᠎ᠠ ᠠᠰᠢᠭ  ᠤᠨ ᠭᠦᠢᠴᠡᠳᠭᠡᠯ ᠲᠤᠭ᠎ᠠ᠃ ᠬᠤᠯᠤᠭᠠᠨ᠎ᠠ  ᠶᠢᠨ ᠭᠦᠨᠦᠭᠡᠯ  ᠢ ᠰᠡᠷᠭᠡᠶᠢᠯᠡᠨ ᠵᠠᠰᠬᠠᠰᠠᠨ ᠦᠷ᠎ᠠ ᠪᠦᠳᠦᠮᠵᠢ  ᠶᠢ ᠦᠨᠳᠦᠰᠦᠯᠡᠨ᠂ ᠰᠡᠷᠭᠡᠶᠢᠯᠡᠨ ᠵᠠᠰᠠᠬᠤ ᠤᠷᠤᠨ  ᠤ ᠲᠠᠷᠢᠶᠠᠨ ᠭᠠᠵᠠᠷ ᠲᠠᠬᠢ ᠲᠠᠷᠢᠮᠡᠯ ᠪᠤᠯᠤᠨ ᠲᠠᠷᠢᠶᠠᠴᠢᠨ ᠡᠷᠦᠭᠡ  ᠶᠢᠨ ᠬᠠᠳᠠᠭᠠᠯᠠᠮᠵᠢ  ᠶᠢᠨ ᠠᠮᠤ ᠪᠤᠳᠠᠭᠠᠨ  ᠤ ᠬᠤᠭᠢᠷᠠᠯ  ᠢ ᠦᠨᠡᠯᠠᠨ ᠮᠠᠭᠠᠳᠯᠠᠵᠤ᠂ ᠤᠷᠤᠭᠤᠯᠤᠯᠳᠠ ᠭᠢᠭᠰᠡᠨ ᠭᠢᠭᠡᠳ ᠬᠤᠭᠢᠷᠠᠯ  ᠢ ᠡᠭᠡᠭᠦᠯᠦᠨ ᠠᠪᠴᠢᠷᠬᠠᠰᠠᠨ ᠠᠵᠤ ᠠᠬᠤᠢ  ᠶᠢᠨ ᠦᠷ᠎ᠠ ᠠᠰᠢᠭ  ᠤᠨ ᠬᠠᠷᠢᠴᠠᠯ ᠨᠢ ᠠᠷᠪᠡᠨ  ᠤ ᠨᠢᠭᠡ ᠠᠴᠠ ᠲᠡᠭᠡᠭᠰᠢ ᠪᠠᠶᠢᠬᠤ ᠭᠡᠷᠡᠭᠳᠡᠢ᠃ ᠡᠭᠦᠨ ᠠᠴᠠ ᠭᠠᠳᠠᠨ᠎ᠠ᠂ ᠬᠤᠯᠤᠭᠠᠨ᠎ᠠ ᠤᠰᠠᠳᠬᠠᠠᠠᠰᠠᠨ ᠤᠷᠤᠨ  ᠤ ᠬᠤᠯᠤᠭᠠᠨ᠎ᠠ  ᠶᠢᠨ ᠬᠠᠯᠳᠠᠪᠤᠷᠢᠳᠤ ᠡᠪᠡᠳᠴᠢᠨ  ᠤ ᠡᠭᠦᠰᠦᠯ  ᠤᠨ ᠨᠤᠷᠮ᠎ᠠ ᠨᠢ ᠡᠳᠦᠢ ᠲᠡᠳᠦᠢ ᠪᠠᠭᠤᠷᠠᠵᠤ᠂ ᠬᠤᠯᠤᠭᠠᠨ᠎ᠠ  ᠶᠢᠨ ᠲᠦᠷᠦᠯ  ᠤᠨ ᠲᠦᠷᠦᠯᠭᠢ ᠲᠠᠶᠢᠰᠤᠨ  ᠤ ᠬᠤᠶᠠᠷᠳᠠᠮᠠᠯ ᠬᠤᠤᠷᠳᠠᠯ  ᠤᠨ ᠠᠳᠡᠯ ᠢᠯᠡᠳᠳᠡ ᠪᠠᠭᠠᠰᠤᠠᠠᠰᠠᠨ ᠪᠠᠶᠢᠬᠤ ᠭᠡᠷᠡᠭᠳᠡᠢ᠃
 
ᠢᠷᠡᠯᠲᠡ᠄ http://www.mptnp.com/
ᠨᠠᠶᠢᠷᠠᠭᠤᠯᠤᠭᠴᠢ᠄ ᠭᠤᠸᠠᠨ ᠴᠠᠩ ᠰᠢ
ᠣᠷᠴᠢᠭᠤᠯᠤᠭᠴᠢ᠄
   
ᠬᠤᠯᠪᠣᠭᠳᠠᠯ ᠪᠦᠬᠦᠢ ᠠᠭᠤᠯᠭ᠎ᠠ ᠶᠢᠨ ᠭᠠᠷᠴᠠᠭ
 
2014-2016 © ᠬᠠᠷᠢᠯᠴᠠᠬᠤ ᠤᠲᠠᠰᠤ᠄ 0471-6280741 ᠢᠮᠧᠯ᠄ nmgbute@163.com
ᠵᠤᠬᠢᠶᠠᠭᠴᠢ ᠶᠢᠨ ᠡᠷᠬᠡ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠬᠤᠷᠢᠭᠯᠠᠨ᠎ᠠ᠃
︽ᠬᠡᠷᠡᠭᠯᠡᠭᠡᠨ ᠤ ᠮᠡᠷᠭᠡᠵᠢᠯ ᠤᠨ ᠮᠤᠩᠭᠤᠯ ᠰᠦᠯᠵᠢᠶᠡᠨ ᠤ ᠬᠥᠯᠭᠡ︾ ᠦᠮᠴᠢᠯᠡᠯ ᠲᠠᠢ︕