| | ᠶᠠᠭᠤᠨ ᠤ ᠤᠴᠢᠷ ᠠᠴᠠ ᠮᠤᠳᠤᠨ ᠳᠤ ︽ᠴᠠᠭᠠᠨ ᠦᠮᠦᠳᠦ︾ ᠡᠮᠦᠰᠭᠡᠬᠦ ᠪᠤᠢ︖ | | | | | | ᠡᠪᠦᠯ ᠪᠤᠯᠤᠭᠰᠠᠨ ᠤ ᠳᠠᠷᠠᠭ᠎ᠠ ᠬᠦᠮᠦᠰ ᠶᠡᠷᠦᠨᠢ ᠵᠢᠮᠢᠰᠤᠨ ᠮᠤᠳᠤ᠂ ᠦᠵᠡᠮᠵᠢ ᠶᠢᠨ ᠮᠤᠳᠤ ᠪᠠ ᠵᠠᠮ ᠤᠨ ᠮᠤᠳᠤᠨ ᠤ ᠦᠨᠳᠦᠰᠦᠨ | ᠬᠡᠰᠡᠭ ᠠᠴᠠ ᠳᠡᠭᠡᠭᠰᠢ ᠪᠠᠷᠤᠭ 1.3 ᠮᠧᠲᠷ ᠮᠤᠳᠤᠨ ᠡᠰᠢᠨ ᠳᠡᠭᠡᠷ᠎ᠡ ᠴᠠᠭᠠᠨ ᠢᠶᠠᠷ ᠱᠤᠸᠠᠰᠠᠳᠠᠵᠤ᠂ ᠶᠠᠭ ᠯᠠ ︽ᠴᠠᠭᠠᠨ ᠦᠮᠦᠳᠦ︾ ᠡᠮᠦᠰᠦᠭᠰᠡᠨ | ᠰᠢᠭ ᠪᠢᠯᠡ᠃ ᠡᠨᠡ ᠨᠢ ᠬᠦᠯᠳᠡᠬᠦ ᠶᠢ ᠰᠡᠷᠭᠡᠶᠢᠯᠡᠬᠦ ᠪᠠ ᠬᠤᠷᠤᠬᠠᠢ ᠶᠢ ᠰᠡᠷᠭᠡᠶᠢᠯᠡᠨ ᠵᠠᠰᠠᠬᠤ ᠶᠢᠨ ᠲᠦᠯᠦᠭᠡ ᠶᠤᠮ᠃ ᠤᠴᠢᠷ ᠨᠢ ᠡᠪᠦᠯ ᠤᠨ | ᠤᠯᠠᠷᠢᠯ ᠳᠤ ᠢᠮᠠᠭᠳᠠ ᠬᠦᠢᠳᠡᠨ ᠤᠷᠤᠰᠬᠠᠯ ᠤᠨ ᠰᠦᠷᠳᠡᠭᠦᠯᠦᠯ ᠠᠴᠠ ᠪᠤᠯᠵᠤ᠂ ᠠᠭᠤᠷ ᠠᠮᠢᠰᠬᠤᠯ ᠤᠨ ᠬᠤᠪᠢᠷᠠᠯᠲᠠ ᠲᠤᠭᠰᠢᠨ᠂ ᠡᠳᠦᠷ | ᠰᠦᠨᠢ ᠶᠢᠨ ᠲᠤᠯᠠᠭᠠᠨ ᠤ ᠵᠦᠷᠢᠶ᠎ᠡ ᠶᠡᠭᠡ ᠪᠤᠯᠬᠤᠷ ᠮᠤᠳᠤᠨ ᠤ ᠵᠤᠬᠢᠴᠠᠯ ᠳᠤ ᠮᠠᠭᠤ᠂ ᠠᠮᠠᠷᠬᠠᠨ ᠬᠦᠯᠳᠡᠬᠦ ᠬᠦᠨᠦᠭᠡᠯ ᠵᠡᠷᠭᠡ ᠢᠯᠡᠷᠡᠵᠦ ᠮᠤᠳᠤᠨ ᠤ | ᠤᠷᠭᠤᠯᠲᠠ ᠪᠤᠶᠢᠵᠢᠯᠲᠠ ᠶᠢ ᠨᠦᠯᠦᠭᠡᠯᠡᠨ᠎ᠡ᠃ ᠮᠤᠳᠤᠨ ᠡᠰᠢ ᠶᠢ ᠴᠠᠭᠠᠨ ᠢᠶᠠᠷ ᠱᠤᠸᠠᠰᠠᠳᠠᠪᠠᠯ ᠡᠳᠦᠷ ᠲᠤ ᠨᠠᠷᠠᠨ ᠭᠡᠷᠡᠯ ᠤᠨ ᠰᠠᠴᠤᠷᠠᠯ ᠢ ᠤᠯᠵᠤ᠂ | ᠨᠠᠷᠠᠨ ᠭᠡᠷᠡᠯ ᠤᠨ ᠤᠶᠢᠯᠳᠠ ᠠᠴᠠ ᠮᠤᠳᠤᠨ ᠡᠰᠢᠨ ᠤ ᠢᠯᠴᠢ ᠰᠤᠷᠤᠬᠤ ᠨᠢ ᠪᠠᠭᠠᠰᠤᠨ ᠰᠦᠨᠢ ᠪᠤᠯᠬᠤ ᠳᠤ ᠮᠤᠳᠤᠨ ᠡᠰᠢᠨ ᠲᠤᠳᠤᠷᠠᠬᠢ ᠲᠤᠯᠠᠭᠠᠨ ᠤ | ᠬᠤᠪᠢᠷᠠᠯᠲᠠ ᠶᠢ ᠳᠠᠷᠤᠢ ᠪᠠᠭ᠎ᠠ ᠰᠢᠭ ᠪᠤᠯᠵᠤ ᠠᠮᠠᠷᠬᠠᠨ ᠬᠦᠯᠳᠡᠬᠦ ᠦᠭᠡᠢ ᠶᠤᠮ᠃ ᠱᠤᠸᠠᠰᠠᠳᠠᠬᠤ ᠠᠭᠤᠰᠤᠮᠠᠯ ᠨᠢ ᠶᠡᠷᠦ ᠴᠤᠬᠤᠢ ᠶᠢᠨ ᠤᠰᠤᠨ | ᠲᠤᠳᠤᠷ᠎ᠠ ᠲᠠᠷᠢᠶᠠᠨ ᠡᠮ ᠪᠠ ᠨᠠᠭᠠᠯᠳᠤᠬᠤ ᠡᠮ ᠬᠢᠵᠦ ᠬᠡᠷᠡᠭᠯᠡᠳᠡᠭ᠃ ᠡᠶᠢᠮᠦ ᠠᠴᠠ ᠪᠠᠰᠠ ᠪᠠᠺᠲ᠋ᠧᠷᠢ ᠠᠯᠠᠵᠤ ᠬᠤᠷᠤᠬᠠᠢ ᠤᠰᠠᠳᠬᠠᠬᠤ ᠪᠠ | ᠬᠤᠷᠤᠬᠠᠢ ᠶᠢᠨ ᠦᠨᠳᠡᠭᠡ ᠶᠢᠨ ᠮᠦᠯᠵᠢᠨ ᠠᠮᠢᠳᠤᠷᠠᠬᠤ ᠶᠢ ᠤᠷᠢᠳᠠ ᠠᠴᠠ ᠰᠡᠷᠭᠡᠶᠢᠯᠡᠬᠦ ᠦᠢᠯᠡᠳᠦᠯ ᠲᠠᠢ ᠶᠤᠮ᠃ |