| | ᠡᠪᠦᠯ ᠤᠨ ᠤᠯᠠᠷᠢᠯ ᠳᠤ ᠬᠦᠨᠦᠭᠡᠯᠳᠦ ᠬᠤᠷᠤᠬᠠᠢ | ᠴᠥᠮ ᠬᠠᠮᠢᠭ᠎ᠠ ᠤᠷᠤᠴᠢᠬᠠᠳᠠᠭ ᠪᠤᠢ︖ | | | | | | ᠬᠠᠪᠤᠷ᠂ ᠵᠤᠨ᠂ ᠨᠠᠮᠤᠷ ᠭᠤᠷᠪᠠᠨ ᠤᠯᠠᠷᠢᠯ ᠳᠤ ᠠᠭᠠᠷ ᠤᠨ ᠲᠤᠯᠠᠭᠠᠨ ᠲᠤᠬᠢᠲᠠᠢ ᠪᠤᠯᠬᠤᠷ ᠪᠢᠳᠡ ᠠᠳᠠᠯᠢ ᠪᠤᠰᠤ ᠤᠯᠠᠷᠢᠯ ᠳᠤ ᠠᠳᠠᠯᠢ ᠪᠤᠰᠤ | ᠬᠦᠨᠦᠭᠡᠯᠳᠦ ᠬᠤᠷᠤᠬᠠᠢ ᠶᠢ ᠤᠯᠵᠤ ᠬᠠᠷᠠᠳᠠᠭ᠃ ᠡᠪᠦᠯ ᠤᠨ ᠤᠯᠠᠷᠢᠯ ᠳᠤ ᠲᠡᠭᠷᠢ ᠬᠦᠢᠳᠡᠷᠡᠵᠦ ᠭᠠᠵᠠᠷ ᠬᠦᠯᠳᠡᠳᠡᠭ ᠪᠤᠯᠬᠤᠷ ᠬᠦᠨᠦᠭᠡᠯᠳᠦ | ᠬᠤᠷᠤᠬᠠᠢ ᠶᠢᠨ ᠬᠦᠳᠡᠯᠭᠡᠭᠡᠨ ᠳᠤ ᠲᠤᠬᠢᠷᠠᠬᠤ ᠦᠭᠡᠢ ᠶᠤᠮ᠂ ᠡᠯ᠎ᠡ ᠵᠦᠢᠯ ᠤᠨ ᠬᠦᠨᠦᠭᠡᠯᠳᠦ ᠬᠤᠷᠤᠬᠠᠢ ᠨᠢ ᠠᠳᠠᠯᠢ ᠪᠤᠰᠤ ᠬᠡᠯᠪᠡᠷᠢ ᠪᠠᠷ ᠬᠦᠨᠳᠦ | ᠰᠦᠷᠡᠬᠡᠢ ᠨᠦᠬᠦᠴᠡᠯ ᠠᠴᠠ ᠳᠠᠯᠳᠠᠯᠠᠨ ᠵᠠᠶᠢᠯᠠᠵᠤ ᠵᠠᠷᠢᠮ ᠨᠢ ᠦᠨᠳᠡᠭᠡ ᠶᠢᠨ ᠬᠡᠯᠪᠡᠷᠢ ᠪᠠᠷ ᠡᠪᠦᠯᠵᠢᠵᠦ᠂ ᠵᠠᠷᠢᠮ ᠨᠢ ᠪᠡᠶ᠎ᠡ ᠬᠦᠢᠴᠡᠭᠰᠡᠨ ᠪᠤᠶᠤ | ᠲᠦᠰᠦᠭᠡᠲᠡᠢ ᠬᠤᠪᠢᠷᠠᠯᠲᠠ ᠶᠢᠨ ᠠᠪᠠᠭᠠᠯᠲᠠᠢ ᠶᠢᠨ ᠬᠡᠯᠪᠡᠷᠢ ᠪᠠᠷ ᠭᠡᠷᠡᠮ ᠤᠨ ᠵᠠᠪᠰᠠᠷ᠂ ᠡᠪᠡᠰᠦᠨ ᠲᠤᠤᠷ᠎ᠠ᠂ ᠮᠤᠳᠤᠨ ᠨᠦᠬᠡᠨ ᠳᠤᠳᠤᠷ᠎ᠠ ᠳᠠᠯᠳᠠᠯᠠᠨ᠎ᠠ᠂ | ᠵᠠᠷᠢᠮ ᠨᠢ ᠭᠠᠵᠠᠷ ᠳᠤᠤᠷ᠎ᠠ ᠤᠷᠤᠵᠤ ᠡᠪᠦᠯᠵᠢᠨ᠎ᠡ᠂ ᠡᠶᠢᠮᠦ ᠠᠴᠠ ᠬᠦᠮᠦᠰ ᠲᠡᠳᠡᠨ ᠢ ᠠᠮᠠᠷᠬᠠᠨ ᠤᠯᠵᠤ ᠦᠵᠡᠬᠦ ᠦᠭᠡᠢ ᠪᠢᠯᠡ᠃ |