ᠲᠤᠮᠳᠠᠳᠤ ᠤᠯᠤᠰ ᠤᠢ ᠰᠢᠭᠤᠢ ᠶᠢ ᠬᠡᠷᠬᠢᠨ ᠲᠦᠷᠦᠯ ᠵᠦᠢᠯ ᠬᠤᠪᠢᠶᠠᠭᠰᠠᠨ ᠪᠤᠢ︖
ᠵᠣᠬᠢᠶᠠᠭᠴᠢ᠄ 
                ᠲᠤᠮᠳᠠᠳᠤ ᠤᠯᠤᠰ ᠤᠢ ᠰᠢᠭᠤᠢ ᠶᠢ ᠬᠡᠷᠬᠢᠨ                 ᠲᠦᠷᠦᠯ   ᠵᠦᠢᠯ   ᠬᠤᠪᠢᠶᠠᠭᠰᠠᠨ   ᠪᠤᠢ︖         ︵1︶ ᠬᠠᠯᠬᠠᠪᠴᠢ ᠤᠢ᠄ ᠬᠠᠯᠬᠠᠪᠴᠢ ᠪᠠᠷ ᠭᠤᠤᠯ ᠵᠤᠷᠢᠯᠭ᠎ᠠ ᠪᠤᠯᠭᠠᠭᠰᠠᠨ ᠤᠢ ᠰᠢᠭᠤᠢ᠂ ᠤᠢ ᠮᠤᠳᠤ ᠪᠤᠯᠤᠨ ᠪᠤᠳᠠ ᠰᠦᠬᠡᠭ ᠪᠤᠯᠤᠨ᠎ᠠ ᠃ ᠤᠰᠤᠨ ᠰᠤᠷᠪᠤᠯᠵᠢ ᠶᠢᠨ ᠬᠠᠳᠠᠭᠠᠯᠠᠯᠲᠠ   ᠶᠢᠨ ᠤᠢ᠂ ᠤᠰᠤ ᠬᠦᠷᠦᠰᠦᠨ ᠤ ᠬᠠᠮᠠᠭᠠᠯᠠᠯᠲᠠ  ᠶᠢᠨ ᠤᠢ᠂ ᠰᠠᠯᠬᠢ ᠶᠢ ᠰᠡᠷᠭᠡᠶᠢᠯᠡᠵᠦ ᠡᠯᠡᠰᠦ ᠲᠤᠭᠳᠠᠭᠠᠬᠤ ᠤᠢ᠂ ᠲᠠᠷᠢᠶᠠᠨ ᠭᠠᠵᠠᠷ ᠤᠨ ᠬᠠᠯᠬᠠᠪᠴᠢ ᠤᠢ᠂ ᠨᠤᠳᠤᠭ ᠪᠡᠯᠴᠢᠭᠡᠷ ᠤᠨ ᠬᠠᠯᠬᠠᠪᠴᠢ ᠤᠢ᠂ ᠡᠷᠬᠢ ᠬᠦᠪᠡᠭᠡᠨ ᠤ ᠬᠠᠯᠬᠠᠪᠴᠢ ᠤᠢ᠂ ᠵᠠᠮ ᠤᠨ ᠬᠠᠯᠬᠠᠪᠴᠢ ᠤᠢ ᠵᠡᠷᠭᠡ ᠪᠠᠭᠳᠠᠭᠳᠠᠨ᠎ᠠ᠃       ︵2︶ ᠬᠡᠷᠡᠭᠴᠡᠭᠡᠨ ᠤ ᠤᠢ᠄ ᠮᠤᠳᠤᠨ ᠮᠠᠲ᠋ᠧᠷᠢᠶᠠᠯ ᠦᠢᠯᠡᠳᠪᠦᠷᠢᠯᠡᠬᠦ ᠪᠠᠷ ᠭᠤᠤᠯ ᠵᠤᠷᠢᠯᠭ᠎ᠠ ᠪᠤᠯᠭᠠᠭᠰᠠᠨ ᠤᠢ ᠰᠢᠭᠤᠢ ᠪᠤᠯᠤᠨ ᠤᠢ ᠮᠤᠳᠤ ᠪᠤᠯᠤᠨ᠎ᠠ᠃ ᠬᠦᠯᠦᠰᠦᠨ ᠮᠠᠲ᠋ᠧᠷᠢᠶᠠᠯ ᠦᠢᠯᠡᠳᠪᠦᠷᠢᠯᠡᠬᠦ ᠪᠠᠷ ᠭᠤᠤᠯ ᠵᠤᠷᠢᠯᠭ᠎ᠠ ᠪᠤᠯᠭᠠᠭᠰᠠᠨ ᠤᠢ ᠴᠤ ᠪᠠᠭᠳᠠᠭᠳᠠᠨ᠎ᠠ᠃         ︵3︶ ᠠᠵᠤ ᠠᠬᠤᠢ ᠶᠢᠨ ᠤᠢ᠄ ᠰᠤᠷᠭᠤᠭ ᠵᠢᠮᠢᠰ ᠤᠨ ᠦᠢᠯᠡᠳᠭᠦᠨ᠂ ᠢᠳᠡᠰᠢᠨ ᠳᠤ ᠬᠡᠷᠡᠭᠯᠡᠬᠦ ᠲᠤᠰᠤᠯᠢᠭ ᠡᠳ᠋᠂ ᠤᠮᠳᠠᠭᠠᠨ᠂ ᠠᠮᠳᠠ ᠤᠷᠤᠭᠤᠯᠬᠤ ᠵᠦᠢᠯ᠂ ᠠᠵᠤ ᠦᠢᠯᠡᠳᠪᠦᠷᠢ ᠶᠢᠨ ᠲᠦᠭᠦᠬᠡᠢ ᠡᠳ᠋ ᠪᠠ ᠡᠮ ᠤᠨ ᠮᠠᠲ᠋ᠧᠷᠢᠶᠠᠯ ᠦᠢᠯᠡᠳᠪᠦᠷᠢᠯᠡᠬᠦ ᠪᠠᠷ ᠭᠤᠤᠯ ᠵᠤᠷᠢᠯᠭ᠎ᠠ ᠪᠤᠯᠭᠠᠭᠰᠠᠨ ᠤᠢ ᠮᠤᠳᠤ ᠪᠤᠯᠤᠨ᠎ᠠ᠃         ︵4︶ ᠲᠦᠯᠡᠰᠢᠨ ᠤᠢ᠄ ᠰᠢᠳᠠᠭᠠᠯᠭ᠎ᠠ ᠦᠢᠯᠡᠳᠪᠦᠷᠢᠯᠡᠬᠦ ᠪᠠᠷ ᠭᠤᠤᠯ ᠵᠤᠷᠢᠯᠭ᠎ᠠ ᠪᠤᠯᠭᠠᠭᠰᠠᠨ ᠤᠢ ᠮᠤᠳᠤ ᠪᠤᠯᠤᠨ᠎ᠠ᠃         ︵5︶   ᠤᠨᠴᠠᠭᠠᠢ ᠲᠦᠷᠦᠯ ᠤᠨ ᠬᠡᠷᠡᠭᠴᠡᠭᠡᠨ ᠤ ᠤᠢ᠄ ᠤᠯᠤᠰ ᠤᠨ ᠪᠠᠳᠤᠯᠠᠨ ᠬᠠᠮᠠᠭᠠᠯᠠᠯᠲᠠ᠂ ᠤᠷᠴᠢᠨ ᠲᠤᠭᠤᠷᠢᠨ ᠤ ᠬᠠᠮᠠᠭᠠᠯᠠᠯᠲᠠ᠂ ᠰᠢᠨᠵᠢᠯᠡᠬᠦ ᠤᠬᠠᠭᠠᠨ ᠤ ᠲᠤᠷᠰᠢᠯᠲᠠ ᠵᠡᠷᠭᠡ ᠪᠠᠷ ᠭᠤᠤᠯ ᠵᠤᠷᠢᠯᠭ᠎ᠠ ᠪᠤᠯᠭᠠᠭᠰᠠᠨ ᠤᠢ ᠰᠢᠭᠤᠢ ᠪᠠ ᠤᠢ ᠮᠤᠳᠤ ᠪᠤᠯᠤᠨ᠎ᠠ᠃ ᠤᠯᠤᠰ ᠤᠨ ᠪᠠᠳᠤᠯᠠᠨ ᠬᠠᠮᠠᠭᠠᠯᠠᠯᠲᠠ ᠶᠢᠨ ᠤᠢ᠂ ᠲᠤᠷᠰᠢᠯᠲᠠ ᠶᠢᠨ ᠤᠢ᠂ ᠡᠬᠡ ᠮᠤᠳᠤᠨ ᠤᠢ᠂ ᠤᠷᠴᠢᠨ ᠲᠤᠭᠤᠷᠢᠨ ᠤ ᠬᠠᠮᠠᠭᠠᠯᠠᠯᠲᠠ ᠶᠢᠨ ᠤᠢ᠂ ᠦᠵᠡᠮᠵᠢ ᠶᠢᠨ ᠤᠢ᠂ ᠡᠷᠳᠡᠨ ᠤ ᠠᠯᠳᠠᠷᠳᠤ ᠦᠯᠡᠳᠡᠭᠳᠡᠯ ᠪᠠ ᠬᠤᠪᠢᠰᠬᠠᠯ ᠤᠨ ᠲᠤᠷᠠᠰᠬᠠᠯᠳᠤ ᠭᠠᠵᠠᠷ ᠤᠨ ᠤᠢ ᠮᠤᠳᠤ᠂ ᠪᠠᠶᠢᠭᠠᠯᠢ ᠶᠢᠨ ᠬᠠᠮᠠᠭᠠᠯᠠᠯᠲᠠ ᠶᠢᠨ ᠤᠷᠤᠨ ᠤ ᠤᠢ ᠰᠢᠭᠤᠢ ᠪᠠᠭᠳᠠᠭᠳᠠᠨ᠎ᠠ᠃
 
ᠢᠷᠡᠯᠲᠡ᠄ http://www.mptnp.com/
ᠨᠠᠶᠢᠷᠠᠭᠤᠯᠤᠭᠴᠢ᠄ ᠭᠤᠸᠠᠨ ᠴᠠᠩ ᠰᠢ
ᠣᠷᠴᠢᠭᠤᠯᠤᠭᠴᠢ᠄
   
ᠬᠤᠯᠪᠣᠭᠳᠠᠯ ᠪᠦᠬᠦᠢ ᠠᠭᠤᠯᠭ᠎ᠠ ᠶᠢᠨ ᠭᠠᠷᠴᠠᠭ
 
2014-2016 © ᠬᠠᠷᠢᠯᠴᠠᠬᠤ ᠤᠲᠠᠰᠤ᠄ 0471-6280741 ᠢᠮᠧᠯ᠄ nmgbute@163.com
ᠵᠤᠬᠢᠶᠠᠭᠴᠢ ᠶᠢᠨ ᠡᠷᠬᠡ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠬᠤᠷᠢᠭᠯᠠᠨ᠎ᠠ᠃
︽ᠬᠡᠷᠡᠭᠯᠡᠭᠡᠨ ᠤ ᠮᠡᠷᠭᠡᠵᠢᠯ ᠤᠨ ᠮᠤᠩᠭᠤᠯ ᠰᠦᠯᠵᠢᠶᠡᠨ ᠤ ᠬᠥᠯᠭᠡ︾ ᠦᠮᠴᠢᠯᠡᠯ ᠲᠠᠢ︕