| | ᠶᠠᠭᠤ ᠶᠢ ᠮᠤᠳᠤᠨ ᠤ ᠵᠢᠯ ᠤᠨ ᠴᠠᠭᠠᠷᠢᠭ ᠭᠡᠬᠦ ᠪᠤᠢ︖ ᠶᠠᠭᠠᠬᠢᠭᠠᠳ ᠵᠢᠯ ᠤᠨ | ᠴᠠᠭᠠᠷᠢᠭ ᠢᠶᠠᠷ ᠮᠤᠳᠤᠨ ᠤ ᠨᠠᠰᠤ ᠶᠢ ᠮᠡᠳᠡᠵᠦ ᠴᠢᠳᠠᠬᠤ ᠪᠤᠢ︖ | | | | | | ᠰᠡᠷᠢᠭᠦᠨ ᠪᠦᠰᠡ ᠶᠢᠨ ᠭᠠᠵᠠᠷ ᠲᠤ ᠤᠷᠭᠤᠵᠤ ᠪᠠᠶᠢᠭ᠎ᠠ ᠮᠤᠳᠤ ᠨᠢ ᠳᠥᠷᠪᠡᠨ ᠤᠯᠠᠷᠢᠯ ᠤᠨ ᠠᠭᠤᠷ ᠠᠮᠢᠰᠬᠤᠯ ᠤᠨ ᠬᠤᠪᠢᠷᠠᠯᠲᠠ ᠶᠢᠨ | ᠨᠦᠯᠦᠭᠡ ᠶᠢ ᠬᠦᠷᠳᠡᠵᠦ᠂ ᠡᠰᠢᠨ ᠬᠡᠰᠡᠭ ᠤᠨ ᠪᠦᠲᠦᠭᠦᠷᠡᠵᠦ ᠤᠷᠭᠤᠬᠤ ᠨᠢ ᠮᠠᠰᠢ ᠲᠤᠳᠤᠷᠬᠠᠢ ᠵᠢᠮ᠎ᠡ ᠶᠤᠰᠤᠨ ᠤ ᠬᠤᠪᠢᠷᠠᠯᠲᠠ ᠶᠢ ᠦᠵᠡᠭᠦᠯᠳᠡᠭ᠃ | ᠬᠠᠪᠤᠷ ᠤᠨ ᠤᠯᠠᠷᠢᠯ᠂ ᠠᠭᠤᠷ ᠠᠮᠢᠰᠬᠤᠯ ᠲᠤᠯᠭᠠᠷᠠᠵᠤ ᠤᠰᠤ ᠪᠠ ᠰᠢᠮ᠎ᠡ ᠲᠡᠵᠢᠭᠡᠯ ᠲᠡᠭᠦᠯᠳᠡᠷ᠂ ᠮᠤᠳᠤᠨ ᠤ ᠤᠷᠭᠤᠯᠲᠠ ᠬᠤᠷᠳᠤᠨ᠂ ᠪᠤᠢ | ᠪᠤᠯᠤᠭᠰᠠᠨ ᠮᠤᠳᠤᠨ ᠮᠠᠲ᠋ᠧᠷᠢᠶᠠᠯ ᠤᠨ ᠡᠵᠡᠯᠡᠭᠦᠨ ᠨᠢ ᠶᠡᠭᠡ᠂ ᠮᠤᠳᠤᠨ ᠮᠠᠲ᠋ᠧᠷᠢᠶᠠᠯ ᠤᠨ ᠴᠢᠨᠠᠷ ᠨᠢ ᠰᠤᠯᠠ ᠰᠡᠶᠢᠷᠡᠭ᠂ ᠡᠭᠦᠨ ᠢ ᠡᠷᠳᠡ ᠶᠢᠨ | ᠮᠠᠲ᠋ᠧᠷᠢᠶᠠᠯ ᠭᠡᠳᠡᠭ᠃ ᠨᠠᠮᠤᠷ ᠪᠤᠯᠬᠤ ᠳᠤ ᠠᠭᠤᠷ ᠠᠮᠢᠰᠬᠤᠯ ᠬᠦᠢᠳᠡᠷᠡᠵᠦ ᠤᠰᠤ ᠪᠠ ᠰᠢᠮ᠎ᠡ ᠲᠡᠵᠢᠭᠡᠯ ᠤᠨ ᠬᠠᠩᠭᠠᠯᠲᠠ ᠲᠤᠷᠤᠭᠰᠢᠯᠠᠨ᠎ᠠ᠂ ᠮᠤᠳᠤᠨ ᠤ | ᠤᠷᠭᠤᠯᠲᠠ ᠤᠳᠠᠭᠠᠰᠢᠷᠠᠵᠤ ᠪᠤᠢ ᠪᠤᠯᠤᠭᠰᠠᠨ ᠮᠤᠳᠤᠨ ᠮᠠᠲ᠋ᠧᠷᠢᠶᠠᠯ ᠤᠨ ᠡᠵᠡᠯᠡᠭᠦᠨ ᠨᠢ ᠪᠠᠭ᠎ᠠ᠂ ᠮᠠᠲ᠋ᠧᠷᠢᠶᠠᠯ ᠤᠨ ᠴᠢᠨᠠᠷ ᠨᠢ ᠨᠠᠷᠢᠯᠢᠭ ᠪᠠᠶᠢᠳᠠᠭ᠂ | ᠡᠭᠦᠨ ᠢ ᠤᠷᠤᠢ ᠶᠢᠨ ᠮᠠᠲ᠋ᠧᠷᠢᠶᠠᠯ ᠭᠡᠳᠡᠭ᠃ ᠠᠳᠠᠯᠢ ᠵᠢᠯ ᠲᠤᠳᠤᠷ᠎ᠠ᠂ ᠬᠠᠪᠤᠷ ᠠᠴᠠ ᠨᠠᠮᠤᠷ ᠪᠤᠯᠳᠠᠯ᠎ᠠ ᠮᠤᠳᠤᠨ ᠤ ᠮᠠᠲ᠋ᠧᠷᠢᠶᠠᠯ ᠤᠨ ᠴᠢᠨᠠᠷ | ᠰᠡᠶᠢᠷᠡᠭ ᠠᠴᠠ ᠨᠠᠷᠢᠯᠢᠭ ᠪᠤᠯᠵᠤ ᠠᠭᠠᠵᠢᠮ ᠢᠶᠠᠷ ᠬᠤᠪᠢᠷᠠᠯᠲᠠ ᠭᠠᠷᠴᠤ ᠬᠤᠭᠤᠷᠤᠨᠳᠤ ᠨᠢ ᠲᠤᠳᠤᠷᠬᠠᠢ ᠵᠠᠭᠠᠭ ᠦᠭᠡᠢ᠃ ᠭᠡᠪᠡᠴᠦ ᠡᠪᠦᠯ ᠤᠨ ᠤᠯᠠᠷᠢᠯ | ᠪᠤᠯᠬᠤ ᠳᠤ ᠮᠤᠳᠤ ᠢᠴᠡᠭᠡᠯᠡᠵᠦ ᠤᠷᠭᠤᠯᠲᠠ ᠨᠢ ᠦᠨᠳᠦᠰᠦᠨ ᠳᠡᠭᠡᠨ ᠵᠤᠭᠰᠤᠨ᠎ᠠ᠃ ᠡᠶᠢᠮᠦ ᠠᠴᠠ ᠨᠢᠭᠡᠳᠦᠭᠡᠷ ᠵᠢᠯ ᠤᠨ ᠤᠷᠤᠢ ᠶᠢᠨ ᠮᠠᠲ᠋ᠧᠷᠢᠶᠠᠯ ᠪᠠ | ᠬᠤᠶᠠᠳᠤᠭᠠᠷ ᠵᠢᠯ ᠤᠨ ᠡᠷᠳᠡ ᠶᠢᠨ ᠮᠠᠲ᠋ᠧᠷᠢᠶᠠᠯ ᠤᠨ ᠬᠤᠭᠤᠷᠤᠨᠳᠤ ᠶᠢᠨ ᠵᠠᠭᠠᠭ ᠨᠢ ᠮᠠᠰᠢ ᠲᠤᠳᠤᠷᠬᠠᠢ᠂ ᠲᠡᠶᠢᠮᠦ ᠪᠤᠯᠬᠤᠷ ᠬᠡᠳᠦᠨ ᠵᠢᠯ ᠤᠷᠭᠤᠭᠰᠠᠨ | ᠮᠤᠳᠤᠯᠢᠭ ᠡᠰᠢᠨ ᠤ ᠬᠦᠨᠳᠡᠯᠡᠨ ᠤᠭᠳᠤᠯᠤᠭᠠᠰᠤ ᠳᠡᠭᠡᠷ᠎ᠡ ᠳᠠᠷᠤᠢ ᠬᠠᠮᠳᠤ ᠶᠢᠨ ᠭᠤᠤᠯ ᠲᠠᠢ ᠲᠤᠭᠤᠢ ᠴᠠᠭᠠᠷᠢᠭ ᠢᠯᠡᠷᠡᠨ᠎ᠡ᠃ ᠡᠩ ᠤᠨ ᠪᠠᠶᠢᠳᠠᠯ | ᠳᠤᠤᠷ᠎ᠠ ᠨᠢᠭᠡ ᠳᠤᠭᠤᠢ ᠴᠠᠭᠠᠷᠢᠭ ᠨᠢ ᠨᠢᠭᠡ ᠵᠢᠯ ᠳᠤ ᠪᠤᠢ ᠪᠤᠯᠤᠨ᠎ᠠ᠂ ᠡᠶᠢᠮᠦ ᠠᠴᠠ ᠵᠢᠯ ᠤᠨ ᠴᠠᠭᠠᠷᠢᠭ ᠭᠡᠳᠡᠭ᠃ ᠮᠤᠳᠤᠨ ᠤ ᠭᠤᠤᠯ ᠡᠰᠢᠨ ᠤ | ᠦᠨᠳᠦᠰᠦᠨ ᠬᠡᠰᠡᠭ ᠤᠨ ᠵᠢᠯ ᠤᠨ ᠴᠠᠭᠠᠷᠢᠭ ᠤᠨ ᠲᠤᠭ᠎ᠠ ᠠᠴᠠ ᠮᠤᠳᠤᠨ ᠤ ᠲᠦᠢᠮᠤ ᠨᠠᠰᠤ ᠶᠢ ᠪᠤᠳᠤᠵᠤ ᠤᠯᠵᠤ ᠪᠤᠯᠤᠨ᠎ᠠ᠃ |