ᠲᠠᠷᠢᠶᠠᠨ ᠡᠮ ᠳᠤ ᠬᠤᠤᠷᠳᠠᠪᠠᠯ ᠶᠠᠮᠠᠷ ᠢᠯᠡᠷᠡᠯ ᠲᠠᠢ ᠪᠤᠢ︖
ᠵᠣᠬᠢᠶᠠᠭᠴᠢ᠄ 
ᠰᠡᠴᠡᠨ ᠨᠠᠨᠳᠢᠨ᠎ᠠ
          ᠲᠠᠷᠢᠶᠠᠨ ᠡᠮ ᠳᠤ ᠬᠤᠤᠷᠳᠠᠪᠠᠯ ᠶᠠᠮᠠᠷ ᠢᠯᠡᠷᠡᠯ ᠲᠠᠢ ᠪᠤᠢ︖           ︵1︶ ᠤᠷᠭᠠᠨᠢᠭ ᠹᠤᠰᠹᠤᠷ  ᠤᠨ ᠡᠮ ᠳᠤ ᠬᠤᠤᠷᠳ᠋ᠬᠠᠰᠠᠨ ᠢᠯᠡᠷᠡᠯ᠄ ᠤᠷᠭᠠᠨᠢᠭ ᠹᠤᠰᠹᠤᠷ  ᠤᠨ ᠲᠠᠷᠢᠶᠠᠨ ᠡᠮ ᠪᠤᠯ ᠪᠤᠰᠤᠳ ᠲᠦᠷᠦᠯ  ᠤᠨ ᠲᠠᠷᠢᠶᠠᠨ ᠡᠮ  ᠢ ᠪᠤᠳᠤᠪᠠᠯ ᠭᠦᠨᠳᠤ ᠨᠤᠴᠢᠳᠡᠢ ᠬᠤᠤᠷᠳ᠋ᠬᠠᠳᠠᠯ  ᠢ ᠡᠭᠦᠰᠭᠡᠳᠡᠭ ᠲᠠᠷᠢᠶᠠᠨ ᠡᠮ ᠪᠤᠯᠤᠨ᠎ᠠ᠃ ᠲᠡᠭᠦᠨ  ᠤ ᠬᠤᠤᠷᠳᠠᠭᠤᠯᠬᠤ ᠰᠢᠯᠳᠠᠭᠠᠨ ᠨᠢ ᠭᠡᠪᠡᠯ ᠪᠡᠶᠡᠨ ᠳᠠᠬᠢ ᠰᠦᠰᠤᠨ ᠱᠦᠯᠳᠤ ᠡᠰᠲ᠋ᠧᠷ ᠢᠰᠭᠡᠭᠦᠷ  ᠢ ᠬᠤᠷᠢᠠᠠᠯᠠᠵᠤ᠂ ᠭᠦᠮᠦᠨ  ᠤ ᠪᠡᠶᠡᠨ ᠳᠠᠬᠢ ᠮᠡᠳᠡᠷᠡᠯ  ᠤᠨ ᠠᠵᠢᠯᠯᠠᠭ᠎ᠠ ᠪᠠᠷ ᠲᠠᠮᠵᠢᠨ ᠨᠦᠯᠦᠭᠡᠯᠡᠳᠡᠭ᠃ ᠡᠨᠡᠭᠦ ᠭᠢᠮᠢ  ᠶᠢᠨ ᠨᠡᠶᠢᠯᠡᠯᠭᠡ ᠡᠳ᠋ ᠨᠢ ᠭᠡᠳᠡᠰᠤ ᠪᠤᠶᠤ ᠪᠡᠶ᠎ᠡ  ᠶᠢᠨ ᠦᠭᠡᠭᠦᠨ ᠳᠤ ᠦᠯᠡᠳᠡᠵᠤ᠂ ᠠᠭᠠᠵᠢᠮ  ᠢᠶᠠᠷ ᠰᠢᠩᠭᠡᠭᠦ ᠪᠤᠶᠤ ᠵᠠᠳᠠᠷᠠᠳᠠᠭ ᠪᠠᠶᠢᠨ᠎ᠠ᠃ ᠡᠶᠢᠮᠤ ᠠᠴᠠ ᠬᠤᠤᠷᠳ᠋ᠬᠠᠳᠠᠯ  ᠤᠨ ᠢᠯᠡᠷᠡᠯ ᠨᠢ ᠪᠠᠭ᠋ᠠᠨ ᠤᠳᠠᠭᠠᠪᠳᠤᠷ ᠪᠠᠶᠢᠬᠤ ᠪᠤᠶᠤ ᠡᠮᠨᠡᠭᠦᠯᠭᠦ ᠶᠠᠪᠤᠴᠠ ᠳᠤ ᠢᠯᠡᠷᠡᠯ ᠨᠢ ᠲᠠᠭᠢᠨ ᠲᠠᠪᠳ᠋ᠬᠠᠳᠠᠳᠠᠭ ᠪᠠᠶᠢᠨ᠎ᠠ᠃       ᠤᠷᠭᠠᠨᠢᠭ ᠹᠤᠰᠹᠤᠷ  ᠤᠨ ᠲᠠᠷᠢᠶᠠᠨ ᠡᠮ ᠳᠤ ᠬᠤᠤᠷᠳ᠋ᠬᠠᠰᠠᠨ ᠢᠯᠡᠷᠡᠯ ᠨᠢ ᠭᠡᠪᠡᠯ ᠶᠠᠷᠦᠩᠭᠡᠢ ᠳᠡᠭᠡᠨ ᠲᠠᠷᠢᠶᠠᠨ ᠡᠮ  ᠳᠤ ᠤᠶᠢᠷᠠᠳᠤᠠᠠᠰᠠᠨ ᠠᠴᠠ ᠬᠤᠶᠢᠰᠢᠭᠢ ᠬᠠᠭᠠᠰ ᠴᠠᠭ ᠪᠤᠶᠤ ᠬᠤᠷᠢᠨ ᠲᠦᠷᠪᠡᠨ ᠴᠠᠭ  ᠤᠨ ᠬᠤᠭᠤᠷᠤᠨᠳᠤ ᠢᠯᠡᠷᠡᠳᠡᠭ᠃ ᠬᠤᠤᠷᠳ᠋ᠬᠠᠰᠠᠨ ᠡᠭᠢᠨ  ᠤ ᠦᠶ᠎ᠠ ᠳᠤ ᠰᠠᠷᠡᠯᠳᠡ ᠮᠡᠳᠡᠷᠡᠯ ᠡᠪ ᠦᠭᠡᠢ ᠪᠤᠯᠵᠤ᠂ ᠤᠠᠠᠰᠢᠭᠤᠯᠬᠤ᠂ ᠲᠤᠯᠤᠭᠠᠢ ᠡᠪᠡᠳᠭᠦ᠂ ᠪᠦᠭᠦ ᠪᠡᠶ᠎ᠠ ᠰᠤᠯᠠᠷᠠᠬᠤ ᠪᠠ ᠲᠠᠮᠢᠷᠳᠠᠬᠤ ᠢᠯᠡᠷᠡᠯ ᠲᠠᠢ ᠪᠠᠶᠢᠵᠤ᠂ ᠵᠠᠯᠭᠠᠭᠠᠳ ᠰᠢᠯᠦᠰᠤ ᠭᠤᠭᠤᠵᠢᠬᠤ᠂ ᠶᠡᠭᠡᠳᠡ ᠭᠦᠯᠦᠰᠤ ᠭᠠᠷᠬᠤ᠂ ᠪᠦᠭᠡᠯᠵᠢᠭᠦ᠂ ᠭᠡᠪᠡᠯᠢ ᠲᠠᠳᠠᠪᠠᠯᠵᠠᠬᠤ᠂ ᠰᠠᠭᠤᠯᠭᠠᠬᠤ᠂ ᠭᠡᠤᠭᠡᠨ ᠬᠠᠷᠠᠭ᠎ᠠ ᠪᠠᠭᠠᠰᠬᠤ᠂ ᠨᠢᠳᠤ ᠪᠦᠷᠭᠦᠯᠵᠡᠭᠦ᠂ ᠪᠤᠯᠴᠢᠩ ᠮᠢᠬ᠎ᠠ ᠲᠠᠳᠠᠯᠳᠤᠬᠤ᠂ ᠠᠶᠠᠠᠳᠠᠭᠠᠨ ᠠᠳᠤᠷᠢᠬᠤ᠂ ᠭᠠᠷ ᠴᠡᠴᠡᠷᠡᠭᠦ᠂ ᠠᠮᠢᠰᠬᠤᠬᠤ ᠳᠤ ᠭᠦᠭᠡᠰᠤ ᠭᠠᠷᠬᠤ᠂ ᠲᠡᠷᠡᠴᠢᠯᠡᠨ ᠭᠡᠪ ᠭᠡᠨᠡᠳᠳᠡ ᠲᠠᠳᠠᠪᠠᠯᠵᠠᠬᠤ ᠪᠠ ᠮᠠᠨᠠᠷᠠᠳᠠᠭ ᠪᠠᠶᠢᠨ᠎ᠠ᠃ ᠭᠦᠨᠳᠤ ᠨᠤᠴᠢᠳᠠᠢ ᠨᠢ ᠦᠭᠦᠵᠤ ᠮᠡᠳᠡᠨ᠎ᠡ᠃ ᠭᠦᠡᠭᠭᠡᠨ ᠨᠢ ᠨᠢᠭᠡ ᠰᠠᠷ᠎ᠠ  ᠶᠢᠨ ᠲᠤᠳᠤᠷ᠎ᠠ ᠡᠷᠡᠭᠦᠯᠰᠢᠵᠤ᠂ ᠶᠠᠷᠦᠩᠭᠡᠢ ᠳᠡᠭᠡᠨ ᠠᠷᠬᠠᠭ ᠭᠡᠮ ᠦᠯᠡᠳᠡᠳᠡᠭ ᠦᠭᠡᠢ᠃     ( 2 ) ᠰᠢᠪᠳᠤᠷᠳᠤ ᠮᠧᠲ᠋ᠢᠯ ᠭᠦᠴᠢᠯ  ᠤᠨ ᠡᠰᠲ᠋ᠧᠷ  ᠤᠨ ᠲᠦᠷᠦᠯ  ᠤᠨ ᠲᠠᠷᠢᠶᠠᠨ ᠡᠮ ᠳᠤ ᠬᠤᠤᠷᠳ᠋ᠬᠠᠳ᠋ᠬᠠᠰᠠᠨ ᠢᠯᠡᠷᠡᠯ᠄ ᠰᠢᠪᠳᠤᠷᠳᠤ ᠮᠧᠲ᠋ᠢᠯ ᠭᠦᠴᠢᠯ  ᠤᠨ ᠡᠰᠲ᠋ᠧᠷ  ᠤᠨ ᠲᠦᠷᠦᠯ  ᠤᠨ ᠲᠠᠷᠢᠶᠠᠨ ᠡᠮ ᠳᠤ ᠬᠤᠤᠷᠳ᠋ᠬᠠᠳᠠᠬᠤ ᠰᠢᠯᠳᠠᠭᠠᠨ ᠨᠢ ᠤᠷᠭᠠᠨᠢᠭ ᠹᠤᠰᠹᠤᠷ  ᠤᠨ ᠲᠠᠷᠢᠶᠠᠨ ᠡᠮ  ᠤᠨ ᠬᠢ ᠲᠠᠢ ᠠᠳᠠᠯᠢ᠂ ᠮᠦᠨᠴᠤ ᠭᠦᠮᠦᠨ  ᠤ ᠪᠡᠶᠡᠨ ᠳᠠᠬᠢ ᠰᠦᠰᠦᠨ ᠱᠦᠯᠳᠤ ᠡᠰᠲ᠋ᠧᠷ ᠢᠰᠭᠡᠭᠦ  ᠶᠢ ᠬᠤᠷᠢᠠᠠᠯᠠᠭᠠᠳ᠂ ᠡᠭᠦᠨ  ᠤ ᠤᠯᠠᠮ  ᠢᠶᠠᠷ ᠭᠦᠮᠦᠨ  ᠤ ᠪᠡᠶᠡᠨ  ᠳᠠᠬᠢ ᠮᠡᠳᠡᠷᠡᠯ  ᠤᠨ ᠠᠵᠢᠯᠯᠠᠭ᠎ᠠ ᠪᠠᠷ ᠲᠠᠮᠵᠢᠨ ᠨᠦᠯᠦᠭᠡᠯᠡᠳᠡᠭ᠃ ᠭᠡᠪᠡᠴᠤ ᠰᠢᠪᠳᠤᠷᠳᠤ ᠮᠧᠲ᠋ᠢᠯ ᠭᠦᠴᠢᠯ  ᠤᠨ ᠡᠰᠲ᠋ᠧᠷ  ᠤᠨ ᠲᠦᠷᠦᠯ  ᠤᠨ ᠲᠠᠷᠢᠶᠠᠨ ᠡᠮ  ᠤᠨ ᠬᠤᠤᠷᠳᠠᠯ ᠨᠢ ᠲᠦᠷᠭᠡᠨ ᠪᠦᠭᠡᠳ ᠡᠳᠡᠭᠡᠷᠡᠭᠦ ᠨᠢ ᠴᠤ ᠮᠠᠰᠢ ᠲᠦᠷᠭᠡᠨ ᠪᠠᠶᠢᠳᠠᠭ᠂ ᠶᠠᠮᠠᠷᠴᠤ ᠰᠡᠷᠭᠡᠶᠢᠯᠡᠯᠳᠡ ᠬᠠᠮᠠᠭᠠᠯᠠᠯᠳᠠ  ᠶᠢᠨ ᠠᠷᠭ᠎ᠠ ᠭᠡᠮᠵᠢᠶ᠎ᠠ ᠠᠪᠤᠠᠠᠰᠠᠨ ᠦᠭᠡᠢ ᠪᠠᠷ ᠡᠨᠡ ᠲᠦᠷᠦᠯ  ᠤᠨ ᠡᠮ  ᠢ ᠰᠠᠴᠤᠪᠠᠯ ᠲᠡᠮᠡᠢ ᠤᠳᠠᠬᠤ ᠦᠭᠡᠢ ᠪᠠᠷ ᠪᠡᠶ᠎ᠠ ᠡᠪ ᠦᠭᠡᠶᠢᠷᠡᠵᠤ ᠠᠵᠢᠯ  ᠢᠶᠠᠨ ᠵᠤᠠᠠᠰᠤᠭᠠᠬᠤ ᠳᠤ ᠭᠦᠷᠦᠨ᠎ᠠ᠃ ᠠᠵᠢᠯ  ᠢᠶᠠᠨ ᠲᠠᠷᠤᠶᠢᠬᠠᠨ ᠵᠤᠠᠠᠰᠤᠪᠠᠯ ᠪᠠᠭ᠋ᠠᠨ ᠰᠠᠶᠢᠵᠢᠷᠠᠨ᠎ᠠ᠃ ᠭᠡᠪᠡᠴᠤ ᠪᠤᠭᠢᠷᠳᠤᠠᠠᠰᠠᠨ ᠬᠤᠪᠴᠠᠰᠤ ᠪᠤᠶᠤ ᠠᠷᠠᠰᠤ ᠨᠢ ᠦᠷᠭᠦᠯᠵᠢᠯᠡᠨ ᠲᠠᠷᠢᠶᠠᠨ ᠡᠮ  ᠢ ᠰᠢᠩᠭᠡᠭᠡᠨ ᠠᠪᠤᠪᠠᠯ ᠬᠠᠷᠢᠨ ᠠᠰᠳᠠᠭᠠᠨ ᠶᠠᠪᠤᠳᠠᠯ ᠡᠭᠦᠰᠦᠨ᠎ᠠ᠃         ᠰᠢᠪᠳᠤᠷᠳᠤ ᠭᠦᠴᠢᠯ  ᠤᠨ ᠡᠰᠲ᠋ᠧᠷ  ᠤᠨ ᠲᠦᠷᠦᠯ  ᠤᠨ ᠲᠠᠷᠢᠶᠠᠨ ᠡᠮ ᠳᠤ ᠬᠤᠤᠷᠳ᠋ᠬᠠᠳᠠᠠᠰᠠᠨ ᠢᠯᠡᠷᠡᠯ ᠨᠢ ᠭᠡᠪᠡᠯ ᠦᠷᠭᠦᠯᠵᠢᠯᠡᠨ 3 ᠴᠠᠭ ᠠᠵᠢᠯᠯᠬᠠᠰᠠᠨ  ᠤ ᠰᠡᠭᠦᠯᠡᠷ ᠡᠭᠢᠯᠡᠨ ᠢᠯᠡᠷᠡᠵᠤ᠂ ᠡᠭᠢᠯᠡᠭᠡᠳ   ᠬᠤᠤᠷᠳ᠋ᠬᠠᠳ᠋ᠬᠠᠰᠠᠳ ᠨᠢ ᠲᠤᠳᠤᠷ᠎ᠡ ᠡᠪ ᠦᠭᠡᠶᠢᠷᠡᠵᠤ᠂ ᠪᠦᠭᠡᠯᠵᠢᠭᠦ᠂ ᠤᠠᠠᠰᠢᠭᠤᠯᠬᠤ᠂ ᠲᠤᠯᠤᠭᠠᠢ ᠡᠷᠭᠢᠭᠦ ᠪᠡ ᠡᠪᠡᠳᠭᠦ᠂ ᠲᠠᠮᠢᠷᠳᠠᠬᠤ ᠪᠠ ᠴᠡᠭᠡᠵᠢ ᠪᠠᠴᠢᠮᠳᠠᠨ᠎ᠠ ᠃ ᠰᠡᠭᠦᠯᠡᠷ ᠨᠢ ᠶᠡᠭᠡ ᠪᠠᠷ ᠭᠦᠯᠦᠰᠤ ᠭᠠᠷᠬᠤ ᠪᠠ ᠰᠢᠯᠦᠰᠤ ᠨᠢ ᠭᠤᠭᠤᠵᠢᠵᠤ᠂ ᠨᠢᠳᠤ ᠨᠢ ᠪᠠᠯᠠᠷᠠᠵᠤ᠂ ᠪᠤᠯᠴᠢᠩ ᠮᠢᠬ᠎ᠠ ᠨᠢ ᠠᠶᠠᠠᠳᠠᠬᠠᠨ ᠠᠪᠴᠢᠬᠤ ᠪᠠ ᠲᠠᠳᠠᠯᠳᠤᠵᠤ᠂ ᠵᠢᠷᠦᠭᠡᠨ ᠴᠤᠭᠢᠯᠭ᠎ᠠ ᠨᠢ ᠲᠦᠷᠭᠡᠳᠭᠦ ᠪᠤᠶᠤ ᠭᠡᠳᠦᠷᠭᠡᠢ ᠰᠤᠯᠠ ᠪᠤᠯᠵᠤ᠂ ᠴᠦᠭᠡᠨᠭᠭᠢ ᠭᠦᠮᠦᠰ ᠨᠢ ᠭᠡᠨᠡᠳᠳᠡ ᠲᠠᠳᠠᠪᠠᠯᠵᠠᠬᠤ ᠪᠠ ᠮᠠᠨᠠᠷᠠᠳᠠᠭ᠃ ᠶᠠᠷᠦᠩᠭᠡᠢ ᠳᠡᠭᠡᠨ 24 ᠴᠠᠭ  ᠤᠨ ᠲᠤᠳᠤᠷ᠎ᠠ ᠪᠦᠷᠢᠮᠦᠰᠤᠨ ᠢᠯᠡᠷᠡᠰᠢᠵᠤ᠂ ᠠᠷᠬᠠᠭ ᠭᠡᠮ ᠰᠠᠭᠤᠬᠤ ᠪᠠ ᠵᠡᠷᠡᠮᠳᠡᠭ ᠵᠡᠮᠳᠡᠭ ᠪᠤᠯᠳᠠᠭ ᠦᠭᠡᠢ᠃       ︵3︶ ᠤᠷᠭᠠᠨᠢᠭ ᠾᠯᠤᠷ  ᠤᠨ ᠲᠠᠶᠢᠷᠶᠠᠨ ᠡᠮ ᠳᠤ ᠬᠤᠤᠷᠳ᠋ᠬᠠᠳᠠᠬᠤ ᠢᠯᠡᠷᠡᠯ᠄ ᠤᠷᠭᠠᠨᠢᠭ ᠾᠯᠤᠷ  ᠤᠨ ᠲᠠᠷᠢᠶᠠᠨ ᠡᠮ ᠳᠤ ᠬᠤᠤᠷᠳ᠋ᠬᠠᠳᠠᠬᠤ ᠨᠢ ᠲᠤᠩ ᠴᠦᠭᠡᠨ ᠪᠠᠶᠢᠳᠠᠭ᠃ ᠤᠴᠢᠷ ᠨᠢ ᠤᠯᠠᠩᠭᠢ ᠨᠡᠯᠢᠶᠡᠳ ᠢᠯᠡᠷᠭᠡᠢ ᠬᠤᠤᠷᠳᠠᠯ  ᠲᠠᠢ ᠤᠷᠭᠠᠨᠢᠭ ᠾᠯᠤᠷ  ᠤᠨ ᠲᠠᠷᠢᠶᠠᠨ ᠡᠮ  ᠢ ᠭᠡᠳᠦᠨ ᠵᠢᠯ  ᠤᠨ ᠡᠮᠦᠨ᠎ᠠ ᠨᠢᠭᠡᠨᠳᠡ ᠪᠤᠷᠤᠯᠠᠭᠤᠯᠬᠤ  ᠶᠢ ᠨᠢ ᠴᠠᠭᠠᠵᠠᠯᠬᠠᠰᠠᠨ ᠪᠠᠶᠢᠨ᠎ᠠ᠃ ᠲᠡᠭᠦᠨ  ᠤ ᠬᠤᠤᠷᠳᠠᠯ  ᠤᠨ ᠡᠭᠦᠰᠦᠯ ᠨᠢ ᠭᠦᠨᠳᠤ ᠨᠤᠴᠢᠳᠡᠢ ᠪᠤᠭᠢᠷᠳᠤᠠᠠᠰᠠᠨ ᠪᠠ ᠠᠵᠢᠯ  ᠤᠨ ᠲᠠᠯ᠎ᠠ ᠪᠠᠷ ᠦᠢᠷᠠᠳᠤᠠᠠᠰᠠᠨ᠂ ᠠᠳᠡᠯ ᠭᠠᠷᠤᠠᠠᠰᠠᠨ ᠪᠤᠶᠤ ᠰᠠᠨᠠᠭ᠎ᠠ ᠲᠠᠢ ᠪᠠᠷ ᠤᠤᠭᠤᠠᠠᠰᠠᠨ ᠠᠴᠠ ᠪᠤᠢ ᠪᠤᠯᠵᠤ ᠮᠡᠳᠡᠨ᠎ᠠ᠃ ᠤᠷᠭᠠᠨᠢᠭ ᠾᠯᠤᠷ  ᠤᠨ ᠲᠦᠷᠦᠯ  ᠤᠨ ᠲᠠᠷᠢᠶᠠᠨ ᠡᠮ  ᠤᠨ ᠬᠤᠤᠷᠳᠠᠯ ᠨᠢ   ᠲᠦᠪ ᠮᠡᠳᠡᠷᠡᠯ  ᠤᠨ ᠰᠢᠰᠲ᠋ᠧᠮ ᠳᠤ ᠰᠡᠳᠡᠯᠳᠡ ᠦᠭᠭᠦᠨ ᠡᠭᠦᠰᠳᠡᠭ᠃       ᠤᠷᠭᠠᠨᠢᠭ ᠾᠯᠤᠷ  ᠤᠨ ᠲᠠᠷᠢᠶᠠᠨ ᠡᠮ  ᠤᠨ ᠬᠤᠤᠷᠳᠠᠯ ᠨᠢ ᠶᠠᠷᠦᠩᠭᠡᠢ ᠳᠡᠭᠡᠨ ᠡᠮ ᠲᠠᠢ ᠤᠶᠢᠷᠠᠳᠤᠠᠠᠰᠠᠨ ᠠᠴᠠ ᠭᠡᠳᠦᠨ ᠴᠠᠭ  ᠤᠨ ᠲᠠᠷᠠᠭ᠎ᠠ ᠢᠯᠡᠷᠡᠳᠡᠭ᠃ ᠡᠭᠢᠯᠡᠭᠡᠳ ᠲᠤᠯᠤᠭᠠᠢ ᠡᠷᠭᠢᠭᠦ ᠲᠤᠯᠤᠭᠠᠢ ᠡᠪᠡᠳᠭᠦ᠂ ᠲᠠᠪᠵᠢᠶᠡᠷᠢ ᠠᠯᠳᠠᠬᠤ᠂ ᠠᠶᠤᠵᠤ ᠰᠤᠴᠢᠬᠤ ᠪᠠ ᠰᠡᠳᠭᠢᠯ ᠰᠠᠨᠠᠭ᠎ᠠ ᠨᠢ ᠲᠤᠠᠠᠳᠤᠯᠳᠠᠭ᠃ ᠲᠠᠷᠠᠭ᠎ᠠ ᠪᠠᠷ ᠨᠢ ᠪᠦᠭᠡᠯᠵᠢᠭᠦ᠂ ᠲᠦᠷᠪᠡᠨ ᠮᠦᠴᠢ ᠨᠢ ᠰᠤᠯᠠᠷᠠᠬᠤ᠂ ᠬᠤᠶᠠᠷ ᠭᠠᠷ ᠨᠢ ᠴᠡᠴᠡᠷᠡᠭᠦ᠂ ᠤᠯᠢᠭᠤ ᠰᠤᠯᠢᠭᠤ ᠪᠤᠯᠬᠤ᠂ ᠴᠠᠭ ᠬᠤᠭᠤᠴᠠᠭ᠎ᠠ ᠪᠠ ᠵᠦᠭ ᠴᠢᠭᠯᠡᠯ  ᠢ ᠠᠯᠳᠠᠬᠤ᠂ ᠵᠠᠯᠭᠠᠭᠠᠳ ᠭᠡᠨᠡᠳᠳᠡ ᠲᠠᠳᠠᠪᠠᠯᠵᠠᠬᠤ ᠢᠯᠡᠷᠡᠯ ᠭᠠᠷᠳᠠᠭ᠃ ᠶᠠᠷᠦᠩᠭᠡᠢ ᠳᠡᠭᠡᠨ 1 ~3 ᠡᠳᠤᠷ  ᠤᠨ ᠲᠤᠳᠤᠷ᠎ᠠ ᠦᠭᠦᠭᠦ ᠪᠤᠶᠤ ᠢᠯᠡᠷᠡᠰᠢᠵᠤ᠂ ᠢᠯᠡᠷᠡᠰᠢᠭᠰᠡᠨ  ᠤ ᠰᠡᠭᠦᠯᠡᠷ ᠠᠷᠬᠠᠭ ᠭᠡᠮ ᠪᠡ ᠡᠷᠡᠮᠳᠡᠭ ᠵᠡᠮᠳᠡᠭ ᠪᠤᠯᠳᠠᠭ ᠦᠭᠡᠢ᠃       ︵4︶ ᠬᠤᠷᠤᠬᠠᠢ ᠤᠰᠠᠳᠬᠤ ᠤᠳᠪᠠᠯᠠ  ᠶᠢᠨ ᠡᠰᠲ᠋ᠧᠷ  ᠤᠨ ᠲᠦᠷᠦᠯ  ᠤᠨ ᠲᠠᠷᠢᠶᠠᠨ ᠡᠮ ᠳᠤ ᠬᠤᠤᠷᠳ᠋ᠬᠠᠳᠠᠬᠤ ᠢᠯᠡᠷᠡᠯ᠄ ᠬᠤᠷᠤᠬᠠᠢ ᠤᠰᠠᠳᠬᠠᠬᠤ ᠤᠳᠪᠠᠯᠠ  ᠶᠢᠨ ᠡᠰᠲ᠋ᠧᠷ  ᠤᠨ ᠲᠦᠷᠦᠯ  ᠤᠨ ᠡᠮ ᠨᠢ ᠤᠯᠠᠨ ᠵᠤᠶᠢᠯ  ᠤᠨ ᠠᠷᠭ᠎ᠠ ᠵᠠᠮ  ᠢᠶᠠᠷ ᠰᠤᠷᠤᠠᠠᠳᠠᠨ ᠰᠢᠩᠭᠡᠳᠡᠭ᠃ ᠰᠦᠷᠴᠢᠭᠦ ᠳᠡᠭᠡᠨ ᠰᠡᠷᠭᠡᠶᠢᠯᠡᠯᠳᠡ ᠭᠢᠭᠰᠡᠨ ᠦᠭᠡᠢ ᠪᠤᠶᠤ ᠤᠷᠳᠤ ᠴᠠᠭ  ᠢᠶᠠᠷ ᠨᠤᠶᠢᠳᠠᠨ ᠬᠤᠪᠴᠠᠰᠤ ᠡᠮᠦᠰᠭᠦ ᠪᠡ ᠪᠦᠭᠦ ᠪᠡᠶ᠎ᠠ  ᠶᠢᠨ ᠶᠡᠭᠡᠨᠭᠭᠢ ᠭᠡᠰᠡᠭ ᠨᠢ ᠤᠶᠢᠷᠠᠳᠤᠠᠠᠰᠠᠨ  ᠤ ᠰᠡᠭᠦᠯᠡᠷ ᠰᠠᠶ᠋ᠢ ᠬᠤᠤᠷᠳ᠋ᠬᠠᠳᠠᠳᠠᠭ᠃ ᠠᠮᠢᠳᠠᠨ  ᠤ ᠬᠤᠤᠷᠳ᠋ᠬᠠᠳᠠᠯ  ᠤᠨ ᠢᠯᠡᠷᠡᠯ ᠨᠢ ᠭᠡᠪᠡᠯ ᠤᠨᠴᠠᠭᠠᠢ ᠪᠠᠶᠢᠳᠠᠯ ᠢᠯᠡᠷᠡᠳᠡᠭ ᠦᠭᠡᠢ᠃ ᠬᠤᠤᠷᠳ᠋ᠬᠠᠳ᠋ᠬᠠᠰᠠᠨ ᠲᠠᠷᠢᠶᠠᠨ ᠡᠮ  ᠤᠨ ᠲᠦᠷᠦᠯ ᠵᠤᠶᠢᠯ ᠨᠢ ᠠᠳᠠᠯᠢ ᠦᠭᠡᠢ ᠠᠴᠠ ᠪᠤᠯᠵᠤ᠂ ᠲᠠᠳᠠᠪᠠᠯᠵᠠᠬᠤ ᠪᠠ ᠪᠦᠭᠡᠯᠵᠢᠭᠦ ᠮᠠᠶ᠋ᠢᠭ  ᠤᠨ ᠭᠦᠳᠡᠯᠭᠡᠭᠡᠨ ᠲᠠᠢ ᠪᠤᠯᠳᠠᠭ᠃       ᠬᠤᠷᠤᠬᠠᠢ ᠤᠰᠠᠳᠬᠠᠬᠤ ᠤᠳᠪᠠᠯᠠ  ᠶᠢᠨ ᠡᠰᠲ᠋ᠧᠷ  ᠤᠨ ᠲᠦᠷᠦᠯ  ᠤᠨ ᠲᠠᠷᠢᠶᠠᠨ ᠡᠮ ᠳᠤ ᠤᠶᠢᠷᠠᠳᠤᠪᠠᠯ ᠡᠮ ᠭᠦᠷᠦᠭᠰᠡᠨ ᠭᠡᠰᠡᠭ  ᠤᠨ ᠠᠷᠠᠰᠤ ᠭᠦᠷᠤᠰᠤ ᠰᠤᠨᠢᠨ ᠰᠡᠳᠡᠯᠳᠡ ᠲᠠᠢ ᠪᠤᠯᠵᠤ᠂ ᠢᠯᠠᠩᠭᠤᠶ᠎ᠠ ᠴᠠᠭᠡᠵᠢᠨ ᠪᠡᠶ᠎ᠠ᠂ ᠨᠢᠭᠤᠷ ᠴᠢᠷᠠᠢ ᠪᠠ ᠭᠦᠵᠦᠭᠦᠤ  ᠶᠢᠨ ᠭᠡᠰᠡᠭ ᠴᠦᠮ ᠡᠶᠢᠮᠤ ᠪᠠᠶᠢᠳᠠᠭ᠃ ᠶᠠᠷᠦᠩᠭᠡᠢ ᠳᠡᠭᠡᠨ ᠠᠩᠬ᠎ᠠ ᠡᠮ ᠲᠠᠢ ᠤᠶᠢᠷᠠᠳᠤᠠᠠᠰᠠᠨ ᠠᠴᠠ ᠭᠡᠳᠦᠨ ᠴᠠᠭ  ᠤᠨ ᠲᠤᠳᠤᠷ᠎ᠠ ᠤᠶᠢᠷᠠᠳᠤᠠᠠᠰᠠᠨ ᠭᠡᠰᠡᠭ  ᠤᠨ ᠠᠷᠠᠰᠤ ᠬᠠᠳᠬᠤᠯᠠᠨ ᠡᠪᠡᠳᠴᠤ᠂ ᠠᠮᠠ ᠬᠠᠮᠠᠷ  ᠤᠨ ᠬᠠᠪᠢ  ᠪᠠᠷ ᠨᠡᠩ ᠢᠯᠡᠳᠳᠡ ᠪᠠᠶᠢᠳᠠᠭ᠃ ᠡᠶᠢᠮᠤ ᠰᠡᠳᠡᠯᠳᠡ ᠨᠢ ᠦᠷᠭᠦᠯᠵᠢᠯᠡᠭᠦ ᠪᠡ ᠡᠪ ᠦᠭᠡᠶᠢᠷᠡᠳᠡᠭ᠂ ᠭᠡᠪᠡᠴᠤ ᠵᠤᠪᠠᠵᠤ ᠡᠪᠡᠷᠰᠢᠳᠡᠭ ᠦᠭᠡᠢ᠃ ᠡᠪᠡᠳᠭᠦ ᠭᠡᠰᠡᠭ ᠲᠤ ᠤᠯᠠᠭᠠᠨ ᠲᠤᠯᠪᠤ ᠪᠠ ᠰᠠᠳᠠᠯᠳᠠ  ᠶᠢᠨ ᠦᠵᠡᠭᠳᠡᠯ ᠭᠠᠷᠳᠠᠭ ᠦᠭᠡᠢ᠃ ᠡᠨᠡᠭᠦ ᠭᠡᠰᠡᠭ ᠲᠠᠯ᠎ᠠ  ᠶᠢᠨ ᠢᠯᠡᠷᠡᠯ ᠨᠢ ᠡᠮ ᠲᠠᠢ ᠤᠶᠢᠷᠠᠳᠤᠬᠤ ᠪᠠᠨ ᠪᠤᠯᠢᠬᠤ ᠪᠠ ᠲᠤᠤᠱᠳᠠᠢ ᠤᠭᠢᠶ᠋ᠬᠠᠰᠠᠨ  ᠤ ᠰᠡᠭᠦᠯᠡᠷ 24 ᠴᠠᠭ  ᠤᠨ ᠲᠤᠳᠤᠷ᠎ᠠ ᠠᠶᠠᠠᠳᠠᠭᠠᠨ ᠠᠷᠢᠯᠤᠨ᠎ᠠ᠃ ᠭᠡᠮ ᠠᠷᠬᠠᠭ ᠰᠠᠭᠤᠳᠠᠭ ᠦᠭᠡᠢ᠃         ︵5︶ ᠬᠤᠯᠤᠭᠠᠨ᠎ᠠ ᠤᠰᠠᠳᠬᠠᠬᠤ ᠡᠮ ᠳᠤ ᠬᠤᠤᠷᠳ᠋ᠬᠠᠳᠠᠬᠤ ᠢᠯᠡᠷᠡᠯ᠄ ᠬᠤᠯᠤᠭᠠᠨ᠎ᠠ ᠤᠰᠠᠳᠬᠠᠬᠤ ᠡᠮ ᠳᠤ ᠤᠯᠠᠩᠭᠢ ᠳᠠᠭᠠᠨ ᠭᠡᠤᠭᠡᠳ  ᠤᠨ ᠰᠠᠨᠠᠭᠠᠨ ᠳᠤ ᠦᠭᠡᠢ ᠠᠳᠡᠭᠳᠡᠯ ᠪᠤᠶᠤ ᠲᠤᠮᠤᠴᠤᠳ  ᠤᠨ ᠰᠠᠨᠠᠭ᠎ᠠ ᠲᠠᠢ ᠪᠠ ᠰᠠᠨᠠᠭᠠᠨ ᠳᠤ ᠦᠭᠡᠢ ᠤᠤᠭᠤᠠᠠᠰᠠᠨ ᠠᠴᠠ ᠪᠤᠯᠵᠤ ᠬᠤᠤᠷᠳ᠋ᠬᠠᠳᠠᠳᠠᠭ ᠪᠦᠭᠡᠳ ᠠᠮᠠ ᠪᠠᠷ ᠲᠠᠮᠵᠢᠨ ᠬᠤᠤᠷᠳ᠋ᠬᠠᠳᠠᠳᠠᠭ᠃ ᠭᠡᠷᠪᠡ ᠭᠡᠳᠦᠨ ᠴᠠᠭ  ᠤᠨ ᠲᠤᠳᠤᠷ᠎ᠠ ᠬᠤᠳᠤᠭᠤᠳᠤ  ᠶᠢ ᠨᠢ ᠤᠭᠢᠶᠠᠪᠠᠯ ᠶᠠᠮᠠᠷᠴᠤ ᠶᠠᠪᠤᠳᠠᠯ ᠡᠭᠦᠰᠭᠦ ᠦᠭᠡᠢ᠃ ᠠᠳᠠᠯᠢ ᠪᠤᠰᠤ ᠲᠦᠷᠦᠯ  ᠤᠨ ᠬᠤᠯᠤᠭᠠᠨ᠎ᠠ ᠤᠰᠠᠳᠬᠠᠬᠤ ᠡᠮ  ᠤᠨ ᠬᠤᠤᠷᠳᠠᠯ  ᠤᠨ ᠢᠯᠡᠷᠡᠯ ᠨᠢ ᠮᠠᠰᠢ ᠶᠡᠭᠡ ᠵᠦᠷᠢᠶ᠎ᠠ ᠲᠠᠢ ᠪᠠᠶᠢᠳᠠᠭ᠃      ① ᠴᠢᠰᠤ ᠡᠭᠡᠳᠡᠷᠰᠢᠭᠦᠯᠭᠦ ᠬᠤᠯᠤᠭᠠᠨ᠎ᠠ  ᠶᠢᠨ ᠡᠮ ᠳᠤ ᠬᠤᠤᠷᠳ᠋ᠬᠠᠳᠠᠬᠤ ᠢᠯᠡᠷᠡᠯ᠄ ᠡᠨᠡ ᠡᠮ  ᠤᠨ ᠡᠪᠡᠳᠴᠢᠨ  ᠤ ᠡᠭᠦᠰᠦᠯ ᠨᠢ ᠮᠠᠰᠢ ᠤᠳᠠᠭᠠᠨ ᠪᠠᠶᠢᠳᠠᠭ᠃ ᠴᠢᠰᠤ ᠠᠮᠠᠷᠬᠠᠨ ᠡᠭᠡᠳᠡᠷᠡᠳᠡᠭ ᠦᠭᠡᠢ ᠵᠤᠶᠢᠯ ᠵᠤᠶᠢᠯ  ᠤᠨ ᠢᠯᠡᠷᠡᠯ ᠵᠢᠱᠢᠶᠡᠯᠡᠪᠡᠯ ᠭᠦᠷᠡᠩ ᠲᠤᠯᠪᠤ ᠭᠠᠷᠬᠤ᠂ ᠪᠠᠭ᠎ᠠ ᠰᠢᠷᠬᠠᠳᠤᠬᠤ ᠳᠤ ᠴᠢᠰᠤ ᠭᠠᠷᠬᠤ ᠪᠤᠶᠤ ᠮᠡᠳᠡᠭᠳᠡᠮ᠎ᠠ ᠰᠢᠷᠬᠠᠳᠤᠯ ᠦᠭᠡᠢ ᠦᠶᠡᠰ ᠲᠠᠷᠤᠢ ᠲᠤᠮᠤ ᠦᠶ᠎ᠠ ᠭᠡᠰᠢᠭᠦᠤ ᠡᠪᠡᠳᠴᠤ ᠬᠠᠪᠤᠳᠳᠠᠭ᠃ ᠡᠭᠦᠨ ᠳᠤ ᠬᠤᠸᠠ ᠹᠠ ᠯᠢᠨ ᠡᠮ ᠳᠤ ᠭᠡᠳᠦᠷᠭᠡᠢ ᠭᠡᠮᠵᠢᠶ᠎ᠠ ᠪᠠᠷ ᠬᠤᠤᠷᠳ᠋ᠬᠠᠰᠠᠨ ᠢᠯᠡᠷᠡᠯ ᠨᠢ ᠮᠠᠰᠢ ᠨᠡᠶᠢᠳᠡᠯᠢᠭ ᠪᠠᠶᠢᠳᠠᠭ᠃      ② ᠶᠠᠰᠤᠵᠢᠯ  ᠤᠨ ᠠᠯᠺᠤᠤᠯ ᠬᠤᠪᠢᠷᠠᠮᠠᠯ ᠡᠳ᠋ ᠲᠤ ᠬᠤᠤᠷᠳ᠋ᠬᠠᠳᠠᠬᠤ ᠢᠯᠡᠷᠡᠯ᠄ ᠬᠤᠤᠷᠳ᠋ᠬᠠᠳᠠᠬᠤ ᠨᠢ ᠮᠠᠰᠢ ᠤᠳᠠᠭᠠᠨ ᠪᠠᠶᠢᠵᠤ᠂ ᠡᠭᠦᠨ ᠳᠤ ᠬᠤᠤᠷᠳ᠋ᠬᠠᠳᠠᠯ  ᠤᠨ ᠢᠯᠡᠷᠡᠯ ᠨᠢ ᠸᠢᠲ᠋ᠠᠮᠢᠨ D  ᠶᠢᠨ ᠭᠡᠮᠵᠢᠶ᠎ᠠ ᠭᠡᠳᠦᠷᠡᠭᠰᠡᠨ ᠠᠴᠠ ᠪᠤᠯᠳᠠᠭ᠃ ᠲᠡᠭᠦᠨ  ᠤ ᠢᠯᠡᠷᠡᠯ ᠨᠢ ᠭᠡᠪᠡᠯ ᠢᠳᠡᠰᠢᠨ  ᠤ ᠲᠤᠷᠠᠰᠢᠯ ᠮᠠᠭᠤᠳᠠᠬᠤ ᠪᠠ ᠠᠯᠳᠠᠬᠤ᠂ ᠤᠠᠠᠰᠢᠭᠤᠯᠬᠤ᠂ ᠪᠦᠭᠡᠯᠵᠢᠭᠦ᠂ ᠭᠡᠪᠡᠯᠢ ᠡᠪᠡᠳᠭᠦ᠂ ᠲᠤᠯᠤᠭᠠᠢ ᠠᠳᠠᠯᠢ ᠪᠤᠰᠤ ᠭᠡᠰᠡᠭ  ᠢᠶᠠᠷ ᠡᠪᠡᠳᠭᠦ᠂ ᠵᠢᠱᠢᠶᠡᠯᠡᠪᠡᠯ ᠲᠤᠬᠤ ᠡᠪᠡᠳᠭᠦ ᠵᠢᠴᠢ ᠲᠤᠯᠤᠭᠠᠢ  ᠶᠢᠨ ᠠᠷᠠᠰᠤ ᠡᠪᠡᠳᠭᠦ᠂ ᠲᠤᠯᠤᠭᠠᠢ  ᠶᠢᠨ ᠠᠷᠠᠰᠤ ᠬᠠᠷᠰᠢᠮᠠᠳᠠᠭᠠᠢ ᠤᠷᠪᠠᠯ ᠭᠠᠷᠬᠤ᠂ ᠵᠠᠯᠭᠠᠭᠠᠳ ᠮᠡᠳᠡᠷᠡᠯ ᠰᠠᠮᠠᠭᠤᠷᠠᠬᠤ ᠪᠡ ᠴᠡᠭᠡᠵᠢᠯᠡᠭᠦ ᠴᠢᠳᠠᠪᠤᠷᠢ ᠪᠠᠨ ᠠᠯᠳᠠᠬᠤ ᠵᠡᠷᠭᠡ ᠢᠯᠡᠷᠡᠯ ᠲᠠᠢ ᠪᠠᠶᠢᠳᠠᠭ᠃ ᠠᠮᠢᠳᠠᠨ  ᠤ ᠲᠤᠳᠤᠷ᠎ᠠ ᠪᠤᠯ ᠶᠠᠰᠤᠵᠢᠯ ᠨᠡᠮᠡᠭᠳᠡᠭᠦ ᠵᠢᠴᠢ ᠡᠭᠦᠨ ᠲᠠᠢ ᠬᠤᠯᠪᠤᠭ᠎ᠠ ᠲᠠᠢ ᠪᠦᠭᠡᠷᠡᠨ ᠴᠢᠳᠠᠪᠤᠷᠢ ᠮᠠᠭᠤᠳᠠᠬᠤ ᠵᠡᠷᠭᠡ ᠢᠯᠡᠷᠡᠯ ᠲᠠᠢ ᠪᠠᠶᠢᠳᠠᠭ᠃      ③ ᠬᠤᠯᠤᠭᠠᠨ᠎ᠠ ᠠᠯᠠᠬᠤ ᠪᠤᠰᠤᠳ ᠡᠮ᠄ ᠹᠤᠰᠹᠤᠷᠵᠢᠭᠤᠯᠤᠠᠠᠰᠠᠨ ᠴᠠᠶᠢᠷ ᠪᠤᠯ ᠢᠯᠵᠠᠷᠠᠬᠤ ᠴᠢᠨᠠᠷᠳᠠᠢ ᠪᠠᠶᠢᠵᠤ᠂ ᠶᠠᠰᠤᠨ ᠳᠤ ᠭᠦᠴᠢᠯ  ᠤᠨ ᠦᠢᠯᠡᠳᠦᠯ ᠯᠦᠭᠡ ᠹᠤᠰᠹᠤᠷᠵᠢᠠᠠᠰᠠᠨ ᠤᠰᠤᠳᠦ᠋ᠷᠦᠭᠴᠢ ᠡᠭᠦᠰᠭᠦ᠂ ᠲᠤᠷ᠎ᠠ ᠪᠤᠯᠭᠢᠬᠤ᠂ ᠠᠮᠠ ᠬᠠᠳᠠᠬᠤ᠂ ᠲᠤᠳᠤᠷ᠎ᠠ ᠪᠠᠴᠢᠮᠳᠠᠬᠤ᠂ ᠤᠰᠤ ᠦᠭᠡᠶᠢᠳᠡᠭᠦ ᠪᠡ ᠠᠭᠤᠰᠭᠢ ᠬᠠᠪᠤᠩᠨᠠᠬᠤ ᠵᠡᠷᠭᠡ ᠢᠯᠡᠷᠡᠯ ᠲᠠᠢ᠃      ④ ᠹᠯᠤᠷ ᠡᠲ᠋ᠢᠨ ᠭᠦᠴᠢᠯ ᠵᠢᠴᠢ ᠬᠤᠪᠢᠷᠠᠭᠠᠮᠠᠯ ᠡᠳ᠋ ᠲᠤ ᠬᠤᠤᠷᠳ᠋ᠬᠠᠳᠠᠬᠤ  ᠶᠢᠨ ᠢᠯᠡᠷᠡᠯ ᠨᠢ ᠲᠠᠶᠢᠮᠤ ᠤᠨᠴᠠᠭᠠᠢ ᠪᠢᠰᠢ᠂ ᠭᠡᠭᠦ ᠳᠡᠭᠡᠨ ᠮᠠᠰᠢ ᠭᠦᠨᠳᠤ ᠨᠤᠴᠢᠳᠠᠢ ᠪᠠᠶᠢᠵᠤ᠂ ᠭᠦᠨᠳᠤ ᠨᠤᠴᠢᠳᠡᠢ ᠨᠢ ᠲᠠᠳᠠᠬᠤ᠂ ᠮᠠᠨᠠᠷᠠᠬᠤ᠂ ᠵᠢᠷᠦᠭᠡᠨ ᠴᠤᠭᠢᠯᠭ᠎ᠠ ᠨᠢ ᠵᠢᠷᠤᠮᠵᠢᠯᠡᠯ ᠦᠭᠡᠢ ᠪᠤᠯᠬᠤ᠂ ᠬᠤᠪᠳᠤᠯ ᠲᠠᠳᠠᠪᠠᠯᠵᠠᠬᠤ ᠪᠠ ᠵᠢᠷᠦᠭᠡᠨ ᠴᠤᠭᠢᠯᠭ᠎ᠠ ᠴᠤᠴᠢᠮᠠᠭ ᠵᠤᠠᠠᠰᠤᠳᠠᠭ᠃ ᠾᠯᠤᠷᠳᠤ ᠰᠢᠭᠢᠷ  ᠤᠨ ᠲᠦᠷᠦᠯ  ᠤᠨ ᠬᠤᠤᠷᠳᠠᠯ  ᠤᠨ ᠢᠯᠡᠷᠡᠯ ᠳᠤ ᠰᠤᠯᠢᠯᠴᠠᠭ᠎ᠠ ᠮᠠᠭᠤᠳᠠᠵᠤ᠂ ᠪᠠᠶ᠎ᠠ  ᠶᠢᠨ ᠬᠠᠯᠠᠭᠤᠨ ᠲᠤᠷᠤᠠᠠᠰᠢᠯᠠᠳᠠᠭ ᠪᠠᠶᠢᠨ᠎ᠠ᠃
 
ᠢᠷᠡᠯᠲᠡ᠄ http://www.mptnp.com/
ᠨᠠᠶᠢᠷᠠᠭᠤᠯᠤᠭᠴᠢ᠄ ᠭᠤᠸᠠᠨ ᠴᠠᠩ ᠰᠢ
ᠣᠷᠴᠢᠭᠤᠯᠤᠭᠴᠢ᠄
   
ᠬᠤᠯᠪᠣᠭᠳᠠᠯ ᠪᠦᠬᠦᠢ ᠠᠭᠤᠯᠭ᠎ᠠ ᠶᠢᠨ ᠭᠠᠷᠴᠠᠭ
 
2014-2016 © ᠬᠠᠷᠢᠯᠴᠠᠬᠤ ᠤᠲᠠᠰᠤ᠄ 0471-6280741 ᠢᠮᠧᠯ᠄ nmgbute@163.com
ᠵᠤᠬᠢᠶᠠᠭᠴᠢ ᠶᠢᠨ ᠡᠷᠬᠡ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠬᠤᠷᠢᠭᠯᠠᠨ᠎ᠠ᠃
︽ᠬᠡᠷᠡᠭᠯᠡᠭᠡᠨ ᠤ ᠮᠡᠷᠭᠡᠵᠢᠯ ᠤᠨ ᠮᠤᠩᠭᠤᠯ ᠰᠦᠯᠵᠢᠶᠡᠨ ᠤ ᠬᠥᠯᠭᠡ︾ ᠦᠮᠴᠢᠯᠡᠯ ᠲᠠᠢ︕