| ᠨᠢᠭᠡᠨᠳᠡ ᠪᠠᠷᠢᠠᠠᠰᠠᠨ ᠤᠷᠤᠨ ᠰᠠᠭᠤᠴᠠ ᠶᠢ ᠨᠠᠷᠠᠯᠠᠭ ᠤᠷᠤᠨ | ᠰᠠᠭᠤᠴᠠ ᠪᠤᠯᠭᠠᠨ ᠦᠭᠡᠷᠡᠴᠢᠯᠡᠵᠤ ᠪᠤᠯᠤᠨ᠎ᠠ ᠤᠤ︖ ︵ᠠᠷᠪᠠ ᠶᠢᠰᠤ︶ | | | ᠨᠢᠭᠡᠨᠳᠡ ᠪᠠᠷᠢᠠᠠᠰᠠᠨ ᠤᠷᠤᠨ ᠰᠠᠭᠤᠴᠠ ᠪᠠᠨ ᠨᠠᠷᠡᠨ ᠤ ᠡᠨᠧᠷᠭᠢ ᠶᠢᠨ ᠪᠤᠯᠭᠠᠨ ᠦᠭᠡᠷᠡᠴᠢᠯᠡᠭᠦ ᠶᠠᠪᠤᠳᠠᠯ ᠪᠤᠯ | ᠮᠠᠰᠢ ᠣᠯᠠᠨ ᠭᠦᠮᠦᠰ ᠤᠨ ᠰᠡᠳᠭᠢᠯ ᠲᠠᠯᠪᠢᠵᠤ ᠪᠠᠶᠢᠭ᠎ᠠ ᠠᠰᠠᠭᠤᠳᠠᠯ ᠪᠤᠯᠬᠤ ᠪᠦᠭᠡᠳ ᠪᠠᠰᠠᠴᠤ ᠰᠢᠢᠳᠪᠤᠷᠢᠯᠡᠭᠦ ᠳᠤ | ᠪᠡᠷᠭᠡᠳᠡᠢ ᠠᠰᠠᠭᠤᠳᠠᠯ ᠪᠤᠯᠤᠨ᠎ᠠ᠃ ᠶᠠᠷᠦᠩᠭᠡᠢ ᠳᠤᠨᠢ ᠠᠪᠴᠤ ᠭᠡᠯᠡᠪᠡᠯ᠂ ᠨᠡᠷᠨᠨ ᠤ ᠡᠨᠧᠷᠭᠢ ᠶᠢᠨ ᠭᠡᠷ ᠤᠷᠤᠨ ᠪᠤᠯᠭᠠᠨ | ᠦᠭᠡᠷᠡᠴᠢᠯᠡᠭᠦ ᠨᠢ ᠰᠢᠨ᠎ᠠ ᠨᠠᠷᠠᠯᠠᠭ ᠭᠡᠷ ᠢ ᠪᠠᠶᠢᠭᠤᠯᠬᠤ ᠠᠴᠠ ᠪᠡᠷᠭᠡ ᠲᠠᠢ ᠶᠤᠮ᠃ ᠡᠯ᠎ᠠ ᠵᠤᠶᠢᠯ ᠤᠨ ᠨᠦᠭᠦᠴᠡᠯ ᠤᠨ | ᠭᠢᠵᠠᠭᠠᠷᠯᠠᠯ ᠠᠴᠠ ᠪᠤᠯᠤᠭᠠᠳ᠂ ᠦᠭᠡᠷᠡᠴᠢᠯᠡᠭᠡᠳ ᠦᠷ᠎ᠠ ᠳ᠋ᠦᠡᠭ ᠨᠢ ᠲᠠᠶᠢᠮᠤ ᠰᠠᠶᠢᠨ ᠪᠢᠰᠢ ᠪᠠᠶᠢᠳᠠᠭ᠃ ᠡᠶᠢᠮᠤ ᠠᠴᠠ | ᠵᠠᠷᠢᠮ ᠠᠷᠭ᠎ᠠ ᠭᠡᠮᠵᠢᠶ᠎ᠠ ᠪᠠᠷ ᠲᠠᠮᠵᠢᠭᠤᠯᠤᠨ ᠤᠳᠤ ᠶᠢᠨ ᠤᠷᠤᠨ ᠰᠠᠭᠤᠴᠠ ᠪᠠᠨ ᠨᠠᠷᠠᠨ ᠤ ᠡᠨᠧᠷᠭᠢ ᠶᠢ ᠠᠰᠢᠠᠠᠯᠠᠬᠤ | ᠲᠠᠯ᠎ᠠ ᠪᠠᠷ ᠰᠠᠶᠢᠵᠢᠷᠠᠭᠤᠯᠵᠤ ᠪᠤᠯᠤᠨ᠎ᠠ᠃ | ᠭᠡᠷ ᠤᠷᠤᠨ ᠢᠶᠠᠨ ᠦᠭᠡᠷᠡᠴᠢᠯᠡᠭᠦ ᠶᠢᠨ ᠪᠤᠳᠠᠳᠠᠢ ᠠᠷᠭ᠎ᠠ ᠭᠡᠪᠡᠯ᠄ | ︵1︶ ᠬᠠᠭᠤᠴᠢᠨ ᠭᠡᠷ ᠤᠷᠤᠨ ᠳᠠᠭᠠᠨ ᠮᠡᠷᠭᠡᠵᠢᠯ ᠤᠨ ᠭᠢᠨᠠᠨ ᠲᠤᠠᠠᠳᠠᠭᠠᠯ ᠭᠢᠯᠭᠡᠵᠤ᠂ ᠲᠡᠭᠦᠨ ᠤ ᠢᠯᠴᠢ | ᠬᠠᠮᠠᠭᠠᠯᠠᠬᠤ ᠴᠢᠨᠠᠷ ᠨᠢ ᠭᠢᠷᠢ ᠵᠡᠷᠭᠡ ᠪᠠᠶᠢᠬᠤ᠂ ᠪᠦᠳᠦᠴᠡ ᠨᠢ ᠶᠠᠮᠠᠷ ᠪᠠᠶᠢᠬᠤ᠂ ᠨᠠᠷᠠᠨ ᠤ ᠡᠨᠧᠷᠭᠢ ᠶᠢ ᠠᠰᠢᠠᠠᠯᠠᠬᠤ ᠳᠤ | ᠶᠠᠮᠠᠷ ᠶᠠᠮᠠᠷ ᠠᠰᠢᠭ ᠦᠭᠡᠢ ᠲᠠᠯ᠎ᠠ ᠪᠠᠶᠢᠬᠤ ᠵᠡᠷᠭᠡ ᠶᠢ ᠵᠠᠳᠠᠯᠤᠨ ᠰᠢᠨᠵᠢᠯᠡᠵᠤ᠂ ᠲᠤᠬᠠᠢ ᠶᠢᠨ ᠪᠠᠶᠢᠳᠠᠯ ᠳᠤᠨᠢ | ᠲᠤᠭᠢᠷᠠᠭᠤᠯᠤᠨ ᠦᠭᠡᠷᠡᠴᠢᠯᠡᠭᠦ ᠭᠡᠷᠡᠭᠳᠡᠢ᠃ | ︵2︶ ᠭᠡᠷᠡᠭᠯᠡᠭᠦ ᠡᠷᠦᠭᠡ ᠶᠢᠨ ᠠᠵᠤ ᠠᠬᠤᠢ ᠶᠢᠨ ᠨᠦᠭᠦᠴᠡᠯ ᠪᠤᠯᠤᠨ ᠱᠠᠭᠠᠷᠳᠠᠯᠭ᠎ᠠ ᠶᠢ ᠦᠨᠳᠤᠰᠦᠯᠡᠵᠤ᠂ | ᠦᠭᠡᠷᠡᠴᠢᠯᠡᠭᠦ ᠵᠤᠭᠢᠰᠳᠡᠢ ᠲᠦᠰᠦᠯ ᠢ ᠰᠤᠩᠭᠤᠨ᠎ᠠ᠃ | ︵3︶ ᠡᠮᠦᠨ᠎ᠠ ᠭᠡᠷᠡᠮ ᠤᠨ ᠶᠡᠭᠡ ᠪᠠᠭ᠎ᠠ ᠶᠢᠨ ᠪᠠᠶᠢᠳᠠᠯ ᠢ ᠦᠨᠳᠦᠰᠦᠯᠡᠨ ᠠᠭᠠᠷ ᠤᠨ ᠢᠯᠴᠢ ᠴᠤᠠᠠᠯᠠᠭᠤᠯᠬᠤ | ᠮᠠᠰᠢᠨ ᠢ ᠴᠤᠩᠬᠤᠨ ᠲᠠᠪᠴᠡᠩ ᠤᠨ ᠲᠤᠤᠷ᠎ᠡ ᠶᠤᠮ ᠤᠤ ᠡᠰᠡᠭᠦᠯ᠎ᠠ ᠴᠤᠩᠬᠤᠨ ᠤ ᠬᠤᠭᠤᠷᠤᠨᠳᠤᠭᠢ ᠭᠡᠷᠡᠮ ᠤᠨ ᠲᠡᠭᠡᠷ᠎ᠡ | ᠲᠠᠯᠪᠢᠬᠤ ᠶᠢ ᠨᠤᠳᠠᠯᠠᠨ ᠲᠤᠠᠠᠳᠠᠭᠠᠵᠤ᠂ ᠦᠷᠦᠭᠡ ᠲᠠᠰᠤᠯᠭᠠᠨ ᠳᠤ ᠬᠠᠯᠠᠭᠤᠨ ᠰᠠᠯᠭᠢ ᠭᠦᠷᠭᠡᠭᠦ ᠳᠤ ᠲᠦᠭᠦᠮ ᠪᠠᠶᠢᠯᠭᠠᠬᠤ | ᠭᠡᠷᠡᠭᠳᠡᠢ᠃ | ︵4︶ ᠭᠡᠷᠡᠮ ᠴᠤᠠᠠᠴᠠ ᠶᠢᠨ ᠲᠤᠯᠠᠭᠠᠨ ᠢ ᠬᠠᠮᠠᠭᠠᠯᠠᠬᠤ ᠲᠠᠯ᠎ᠠ ᠪᠠᠷ᠂ ᠭᠡᠷᠪᠡ ᠦᠷᠦᠭᠡ ᠲᠠᠰᠤᠯᠭ᠎ᠠ ᠶᠢᠨ | ᠭᠡᠷᠡᠭᠯᠡᠯᠳᠡ ᠶᠢᠨ ᠲᠠᠯᠠᠪᠠᠢ ᠶᠢ ᠦᠯᠤ ᠪᠠᠭᠠᠰᠬᠠᠬᠤ ᠪᠠᠷ ᠱᠠᠭᠠᠷᠳᠠᠪᠠᠯ᠂ ᠭᠠᠳᠠᠷ ᠬᠠᠮᠠᠭᠠᠯᠠᠯᠳᠠ ᠭᠢᠵᠤ ᠪᠤᠯᠤᠨ᠎ᠠ᠃ ᠦᠭᠡᠷ᠎ᠡ | ᠪᠠᠷ ᠭᠡᠯᠡᠪᠡᠯ ᠭᠡᠷᠡᠮ ᠤᠨ ᠢᠶᠠᠨ ᠭᠠᠳᠠᠷ ᠲᠠᠯ᠎ᠠ ᠳᠤ ᠨᠢᠭᠡᠨ ᠲᠠᠪᠬᠤᠷ ᠪᠦᠭᠡᠭᠡᠨᠡᠷᠡᠯ ᠡᠲ᠋ᠢᠯᠸᠠ ᠨᠠᠭᠠᠵᠤ ᠲᠠᠭᠢᠨ ᠴᠤᠬᠤᠢ | ᠶᠢᠨ ᠵᠠᠭᠤᠷᠠᠮᠠᠭ ᠢᠶᠠᠷ ᠢᠯᠢᠭᠦ ᠪᠤᠶᠤ 12 ᠰᠠᠠᠲ᠋ᠢᠮᠧᠲᠷ ᠤᠨ ᠭᠡᠷᠡᠮ ᠪᠠᠷᠢᠵᠤ᠂ ᠪᠤᠷᠤᠭᠠᠨ ᠤ ᠤᠰᠤ ᠶᠢ ᠰᠡᠷᠭᠡᠶᠢᠯᠡᠵᠤ | ᠪᠤᠯᠤᠨ᠎ᠠ᠃ ᠭᠡᠷᠪᠡ ᠭᠡᠷᠡᠮ ᠤᠨ ᠭᠠᠳᠠᠷ ᠲᠠᠯ᠎ᠠ ᠳᠤ ᠢᠯᠴᠢ ᠬᠠᠳᠠᠭᠠᠯᠠᠬᠤ ᠲᠠᠪᠬᠤᠷᠭ᠎ᠠ ᠭᠠᠷᠭᠠᠬᠤ ᠭᠠᠵᠠᠷ ᠵᠠᠢ ᠦᠭᠡᠢ ᠪᠤᠶᠤ | ᠪᠠᠷᠢᠬᠤ ᠳᠤ ᠴᠤ ᠲᠦᠭᠦᠮ ᠦᠭᠡᠢ ᠪᠤᠯ ᠲᠤᠳᠤᠷ᠎ᠡ ᠬᠠᠮᠠᠭᠠᠯᠠᠯᠳᠠ ᠭᠢᠵᠤ ᠪᠤᠯᠤᠨ᠎ᠠ᠃ ᠲᠠᠷᠤᠢ ᠲᠤᠳᠤᠷ᠎ᠠ ᠭᠡᠷᠡᠮ ᠲᠡᠭᠡᠷ᠎ᠡ ᠪᠠᠨ | ᠨᠢᠭᠡᠨ ᠲᠠᠪᠬᠤᠷ ᠪᠦᠭᠡᠭᠡᠨᠡᠷᠡᠯ ᠡᠲ᠋ᠢᠯᠸᠠ ᠨᠠᠭᠠᠭᠠᠳ ᠲᠡᠭᠡᠭᠦᠷ ᠨᠢ ᠴᠤᠬᠤᠢ ᠶᠢᠨ ᠵᠠᠭᠤᠷᠠᠮᠠᠭ ᠢᠶᠠᠷ ᠢᠯᠢᠭᠦ ᠭᠡᠷᠡᠭᠳᠡᠢ᠃ | ︵5︶ ᠨᠦᠭᠦᠴᠡᠯ ᠪᠤᠯᠤᠯᠴᠠᠭ᠎ᠠ ᠲᠠᠢ ᠪᠤᠯ ᠭᠡᠷ ᠤᠨ ᠤᠷᠤᠢ ᠳᠠᠭᠠᠨ ᠡᠯᠭᠦᠮᠡᠯ ᠠᠳᠠᠷ ᠵᠤᠭᠢᠶᠠᠵᠤ᠂ ᠭᠡᠷ ᠤᠨ | ᠢᠶᠠᠨ ᠲᠤᠯᠠᠭᠠᠨ ᠢ ᠬᠠᠮᠠᠭᠠᠯᠠᠬᠤ ᠴᠢᠳᠠᠪᠤᠷᠢ ᠶᠢ ᠨᠡᠮᠡᠭᠳᠡᠭᠦᠯᠦᠨ᠂ ᠢᠯᠴᠢ ᠶᠢᠨ ᠬᠤᠭᠢᠷᠠᠯ ᠢ ᠪᠠᠭᠠᠰᠬᠠᠵᠤ ᠪᠤᠯᠤᠨ᠎ᠠ᠃ | ︵6︶ ᠡᠮᠦᠨ᠎ᠠ ᠭᠡᠷᠡᠮ ᠪᠤᠶᠤ ᠭᠡᠷ ᠤᠨ ᠠᠳᠠᠷ ᠲᠤ ᠢᠯᠴᠢ ᠴᠤᠠᠠᠯᠠᠭᠤᠯᠬᠤ ᠮᠠᠰᠢᠨ ᠤᠠᠠᠰᠠᠷᠠᠵᠤ ᠪᠤᠯᠤᠨ᠎ᠠ᠃ | ᠦᠷᠦᠭᠡ ᠭᠡᠷ ᠲᠤ ᠬᠠᠯᠠᠭᠤᠨ ᠰᠠᠯᠭᠢ ᠭᠦᠷᠭᠡᠳᠡᠭ ᠡᠨᠡᠭᠦ ᠮᠠᠰᠢᠨ ᠨᠢ ᠯᠢᠶᠤᠤᠨᠢᠩ ᠤᠨ ᠡᠮᠦᠨᠡᠳᠤ ᠤᠷᠤᠨ ᠳᠤ ᠭᠡᠷᠡᠭᠯᠡᠭᠳᠡᠵᠤ | ᠪᠤᠢ᠃ ᠡᠪᠤᠯ ᠤᠨ ᠤᠯᠠᠷᠢᠯ ᠳᠤ ᠦᠳᠡ ᠶᠢᠨ ᠬᠤᠶᠢᠨ᠎ᠠ ᠢᠯᠴᠢ ᠴᠤᠠᠠᠯᠠᠭᠤᠯᠬᠤ ᠮᠠᠰᠢᠨ ᠤ ᠦᠷᠦᠭᠡ ᠭᠡᠷ ᠲᠤ ᠬᠠᠯᠠᠭᠤᠨ | ᠰᠠᠯᠭᠢ ᠭᠦᠷᠭᠡᠭᠦ ᠲᠤᠯᠠᠭᠠᠨ ᠤ ᠭᠡᠮᠵᠢᠶ᠎ᠠ ᠨᠢ 30 ~ 40℃ ᠲᠤ ᠭᠦᠷᠳᠡᠭ ᠪᠠᠶᠢᠨ᠎ᠠ᠃ | |