| ᠪᠠᠶᠢᠡᠭᠭᠤ ᠶᠢᠨ ᠭᠡᠷᠡᠭᠯᠡᠭᠡᠨ ᠤ ᠲᠤᠰᠠᠯᠠᠬᠤ ᠢᠯᠴᠢ ᠶᠢᠨ | ᠢᠷᠡᠯᠳᠡ ᠶᠢ ᠶᠠᠭᠠᠭᠢᠵᠤ ᠲᠤᠭᠢᠷᠠᠭᠤᠯᠬᠤ ᠪᠤᠢ︖ ︵ᠠᠷᠪᠠᠨ ᠲᠤᠯᠤᠭ᠎ᠠ︶ | | | ᠪᠠᠶᠢᠡᠭᠭᠤ ᠶᠢᠨ ᠭᠡᠷᠡᠭᠯᠡᠭᠡᠨ ᠤ ᠲᠤᠰᠠᠯᠠᠬᠤ ᠢᠯᠴᠢ ᠶᠢᠨ ᠢᠷᠡᠯᠳᠡ ᠭᠡᠪᠡᠯ᠂ ᠬᠠᠯᠠᠭᠤᠨ ᠬᠠᠨᠵᠤ᠂ ᠬᠠᠯᠠᠭᠤᠨ | ᠭᠡᠷᠡᠮ ᠪᠠᠶᠢᠬᠤ ᠪᠦᠭᠡᠳ ᠨᠦᠭᠦᠴᠡᠯ ᠰᠠᠶᠢᠳᠠᠢ ᠭᠠᠵᠠᠷ ᠤᠷᠤᠨ ᠪᠤᠯ ᠴᠠᠭᠢᠯᠭᠠᠨ ᠬᠠᠯᠠᠭᠠᠭᠤᠷ ᠮᠠᠰᠢᠨ ᠵᠡᠷᠭᠡ ᠶᠢ | ᠲᠤᠭᠢᠷᠠᠭᠤᠯᠵᠤ ᠪᠤᠯᠤᠨ᠎ᠠ᠃ ᠬᠠᠯᠠᠭᠤᠨ ᠬᠠᠨᠵᠤ᠂ ᠬᠠᠯᠠᠭᠤᠨ ᠭᠡᠷᠡᠮ ᠨᠢ ᠴᠦᠮ ᠢᠯᠴᠢ ᠬᠠᠳᠠᠭᠠᠯᠠᠬᠤ ᠤᠳᠤᠭ᠎ᠠ ᠪᠠᠷ | ᠲᠤᠯᠠᠭᠠᠯᠠᠬᠤ ᠰᠢᠰᠲ᠋ᠧᠮ ᠳᠤ ᠬᠠᠷᠢᠶᠠᠯᠬᠠᠳᠠᠬᠤ ᠪᠦᠭᠡᠳ ᠭᠤᠤᠯ ᠨᠢ ᠰᠠᠴᠤᠷᠠᠯᠳᠠ ᠶᠢᠨ ᠢᠯᠴᠢ ᠪᠤᠯᠤᠨ ᠰᠤᠯᠢᠭ ᠤᠷᠤᠰᠬᠠᠯ | ᠤᠨ ᠢᠯᠴᠢ ᠪᠤᠯᠤᠨ᠎ᠠ᠃ | ᠬᠠᠯᠠᠭᠤᠨ ᠭᠡᠷᠡᠮ ᠨᠢ ᠦᠨ᠎ᠠ ᠦᠷᠳᠡᠭ ᠢᠶᠠᠷ ᠭᠢᠮᠳᠠᠬᠠᠨ᠂ ᠦᠷᠦᠯᠳᠡ ᠨᠢ ᠠᠮᠠᠷᠬᠠᠨ᠂ ᠬᠠᠮᠢᠶᠠᠷᠬᠤ ᠳᠤ ᠲᠦᠭᠦᠮ᠂ | ᠭᠡᠷᠡᠭᠯᠡᠭᠦ ᠳᠤ ᠠᠮᠢᠳᠤᠯᠢᠭ ᠵᠡᠷᠭᠡ ᠤᠨᠴᠠᠯᠢᠭ ᠲᠠᠢ ᠪᠠᠶᠢᠳᠠᠭ᠃ ᠦᠢᠯᠡᠳᠦᠯᠭᠡ ᠶᠢ ᠦᠨᠳᠦᠰᠦᠯᠡᠪᠡᠯ᠂ ᠲᠡᠭᠰᠢ ᠲᠦᠷᠪᠡᠯᠵᠢᠨ | ᠮᠧᠲᠷ ᠬᠠᠯᠠᠭᠤᠨ ᠭᠡᠷᠡᠮ ᠨᠢ 6 ᠲᠡᠭᠰᠢ ᠲᠦᠷᠪᠡᠯᠵᠢᠨ ᠮᠧᠲᠷ ᠲᠠᠯᠠᠪᠠᠢ ᠶᠢ ᠲᠤᠯᠠᠭᠠᠯᠠᠵᠤ ᠲᠠᠶᠢᠯᠦᠨ᠎ᠠ᠃ | ᠬᠠᠯᠠᠭᠤᠨ ᠬᠠᠨᠵᠤ ᠶᠢ ᠭᠤᠤᠯ ᠨᠢ ᠨᠠᠷᠠᠨ ᠤ ᠡᠨᠧᠷᠭᠢ ᠪᠠᠷ ᠲᠤᠯᠠᠭᠠᠯᠠᠬᠤ ᠤᠷᠤᠨ ᠰᠠᠭᠤᠴᠠ ᠳᠤ ᠭᠡᠷᠡᠭᠯᠡᠳᠡᠭ᠃ | ᠬᠠᠨᠵᠤ ᠵᠤᠤᠬᠠᠨ ᠤ ᠦᠭᠡᠷᠡᠴᠢᠯᠡᠯᠳᠡ ᠶᠢᠨ ᠮᠡᠷᠭᠡᠵᠢᠯ ᠤᠨ ᠲᠦᠭᠡᠮᠡᠯᠵᠢᠭᠦ ᠶᠢ ᠲᠠᠭᠠᠯᠳᠤᠨ᠂ ᠤᠳᠤᠬᠠᠨ᠎ᠠ ᠪᠠᠰᠠ | ᠲᠡᠭᠦᠵᠢᠯᠡᠭᠦᠷ ᠬᠠᠨᠵᠤ᠂ ᠡᠯᠭᠦᠭᠦᠷ ᠬᠠᠨᠵᠤ ᠶᠢ ᠴᠤ ᠦᠷᠭᠡᠨ ᠢᠶᠠᠷ ᠭᠡᠷᠡᠭᠯᠡᠭᠦ ᠪᠤᠯᠤᠠᠠᠰᠠᠨ ᠪᠦᠭᠡᠳ ᠠᠰᠠᠷ ᠤᠨ ᠨᠢᠭᠡ | ᠬᠤᠶᠠᠷ ᠭᠤᠷᠪᠡᠳᠤᠭᠠᠷ ᠲᠠᠪᠬᠤᠷᠯᠢᠭ ᠲᠤ ᠴᠦᠮ ᠭᠡᠷᠡᠭᠯᠡᠭᠦ ᠪᠤᠯᠵᠠᠢ᠃ | |