ᠨᠠᠷᠠᠯᠠᠭ ᠤᠷᠤᠨ ᠰᠠᠭᠤᠴᠠ  ᠶᠢᠨ ᠭᠡᠷ  ᠤᠨ ᠤᠷᠤᠢ  ᠶᠢ ᠶᠠᠮᠠᠷ ᠭᠡᠯᠪᠡᠷᠢ ᠲᠠᠢ ᠪᠠᠶᠢᠯᠭᠠᠬᠤ ᠪᠤᠢ︖
ᠵᠣᠬᠢᠶᠠᠭᠴᠢ᠄ 
ᠰᠡᠴᠡᠨ ᠨᠠᠨᠳᠢᠨ᠎ᠠ
                ᠨᠠᠷᠠᠯᠠᠭ   ᠤᠷᠤᠨ   ᠰᠠᠭᠤᠴᠠ  ᠶᠢᠨ   ᠭᠡᠷ   ᠤᠨ                 ᠤᠷᠤᠢ  ᠶᠢ ᠶᠠᠮᠠᠷ ᠭᠡᠯᠪᠡᠷᠢ ᠲᠠᠢ ᠪᠠᠶᠢᠯᠭᠠᠬᠤ ᠪᠤᠢ︖ ︵  ᠠᠷᠪᠠᠨ ᠲᠦᠷᠪᠠ︶       ᠰᠢᠨ᠎ᠠ ᠪᠠᠷ ᠪᠠᠷᠢᠬᠤ ᠨᠠᠷᠠᠯᠠᠭ ᠭᠡᠷ  ᠤᠨ ᠤᠷᠤᠢ  ᠶᠢ ᠨᠠᠯᠤ ᠤᠷᠤᠢ᠂ ᠭᠤᠯᠳᠤᠩ ᠤᠷᠤᠢ᠂ ᠲᠡᠭᠰᠢ ᠤᠷᠤᠢ ᠭᠡᠵᠤ ᠭᠤᠷᠪᠡᠨ ᠲᠦᠷᠦᠯ ᠬᠤᠪᠢᠶᠠᠨ᠎ᠠ᠃ ᠲᠤᠬᠠᠶᠢᠯᠠᠪᠠᠯ᠄       ︵1︶ ᠨᠠᠯᠠᠤ ᠤᠷᠤᠢ  ᠶᠢᠨ ᠪᠦᠳᠤᠴᠡ  ᠶᠢᠨ ᠭᠡᠯᠪᠡᠷᠢ ᠪᠤᠯᠤᠨ ᠭᠡᠷ  ᠤᠨ ᠠᠳᠠᠷ  ᠢ ᠵᠤᠭᠢᠶᠠᠬᠤ ᠳᠠᠭᠠᠨ ᠨᠠᠷᠢᠨ ᠤᠨᠢ  ᠶᠢ ᠨᠢᠠᠠᠳᠠ ᠵᠢᠷᠢᠭᠯᠡᠵᠤ ᠪᠤᠰᠬᠠᠭᠠᠳ᠂ ᠭᠡᠷ  ᠤᠨ ᠠᠳᠠᠷ  ᠢ ᠲᠤᠯᠠᠭᠠᠨ  ᠢ ᠬᠠᠳᠠᠭᠠᠯᠠᠬᠤ ᠭᠡᠯᠪᠡᠷᠢ ᠲᠠᠢ ᠪᠤᠯᠭᠠᠨ᠎ᠠ᠃       ︵2︶ ᠭᠤᠯᠳᠤᠩ ᠤᠷᠤᠢ  ᠶᠢᠨ ᠪᠦᠳᠦᠴᠡ ᠭᠡᠯᠪᠡᠷᠢ ᠪᠤᠯᠤᠨ ᠲᠡᠭᠡᠪᠤᠷ  ᠤᠨ ᠠᠷᠭ᠎ᠠ ᠭᠢᠳᠡᠯ ᠭᠡᠪᠡᠯ ᠨᠢᠷᠤᠭᠤ ᠲᠠᠢ ᠤᠨᠢ ᠲᠠᠢ ᠭᠡᠯᠪᠡᠷᠢ ᠪᠤᠶᠤ ᠨᠢᠷᠤᠭᠤ ᠲᠠᠢ ᠤᠨᠢ ᠦᠭᠡᠢ ᠭᠡᠯᠪᠡᠷᠢ ᠪᠤᠯᠤᠨ᠎ᠠ᠃       ︵3︶ ᠲᠡᠭᠰᠢ ᠤᠷᠤᠢ  ᠶᠢᠨ ᠪᠦᠳᠦᠴᠡ ᠭᠡᠯᠪᠡᠷᠢ ᠪᠤᠯᠤᠨ ᠲᠡᠭᠡᠪᠤᠷ  ᠤᠨ ᠠᠷᠭ᠎ᠠ ᠭᠢᠳᠡᠯ ᠭᠡᠪᠡᠯ᠄ ᠪᠦᠳᠦᠴᠡ  ᠶᠢᠨ ᠲᠠᠪᠬᠤᠷᠭ᠎ᠠ  ᠶᠢ ᠪᠧᠲ᠋ᠤᠨ ᠬᠠᠪᠳᠠᠰᠤ ᠪᠤᠶᠤ ᠭᠦᠨᠳᠡᠢ ᠬᠠᠪᠳᠠᠰᠤ ᠪᠠᠷ ᠭᠢᠨ᠎ᠠ᠃       ᠲᠤᠯᠠᠭᠠᠨ  ᠢ ᠬᠠᠳᠠᠭᠠᠯᠠᠬᠤ ᠲᠠᠪᠬᠤᠷᠭ᠎ᠠ ᠳᠤ ᠶᠠᠷᠦ ᠳᠡᠭᠡᠨ ᠲᠠᠯᠠᠯᠳᠠ ᠲᠠᠢ ᠰᠤᠪᠤᠳᠯᠢᠭ ᠨᠤᠨᠳᠠᠭ᠂ ᠴᠠᠭᠠᠨ ᠴᠤᠬᠤᠢ᠂ ᠭᠦᠭᠡᠰᠦᠷᠭᠡᠭ ᠰᠦᠯᠢᠶᠤᠤ ᠵᠡᠷᠭᠡ ᠮᠠᠲ᠋ᠧᠷᠢᠶᠠᠯ  ᠢ ᠭᠡᠷᠡᠭᠯᠡᠨ᠎ᠡ᠃ ᠤᠰᠤ ᠰᠡᠷᠭᠡᠶᠢᠯᠡᠭᠦ ᠲᠠᠪᠬᠤᠷᠭ᠎ᠠ ᠳᠤ ᠬᠠᠶᠢᠷ ᠲᠠᠢ ᠪᠧᠲ᠋ᠤᠨ ᠰᠢᠷᠤᠢ ᠭᠡᠷᠡᠭᠯᠡᠨ᠎ᠡ᠃
 
ᠢᠷᠡᠯᠲᠡ᠄ http://www.mptnp.com/
ᠨᠠᠶᠢᠷᠠᠭᠤᠯᠤᠭᠴᠢ᠄ ᠭᠤᠸᠠᠨ ᠴᠠᠩ ᠰᠢ
ᠣᠷᠴᠢᠭᠤᠯᠤᠭᠴᠢ᠄
   
ᠬᠤᠯᠪᠣᠭᠳᠠᠯ ᠪᠦᠬᠦᠢ ᠠᠭᠤᠯᠭ᠎ᠠ ᠶᠢᠨ ᠭᠠᠷᠴᠠᠭ
 
2014-2016 © ᠬᠠᠷᠢᠯᠴᠠᠬᠤ ᠤᠲᠠᠰᠤ᠄ 0471-6280741 ᠢᠮᠧᠯ᠄ nmgbute@163.com
ᠵᠤᠬᠢᠶᠠᠭᠴᠢ ᠶᠢᠨ ᠡᠷᠬᠡ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠬᠤᠷᠢᠭᠯᠠᠨ᠎ᠠ᠃
︽ᠬᠡᠷᠡᠭᠯᠡᠭᠡᠨ ᠤ ᠮᠡᠷᠭᠡᠵᠢᠯ ᠤᠨ ᠮᠤᠩᠭᠤᠯ ᠰᠦᠯᠵᠢᠶᠡᠨ ᠤ ᠬᠥᠯᠭᠡ︾ ᠦᠮᠴᠢᠯᠡᠯ ᠲᠠᠢ︕