ᠨᠠᠷᠠᠯᠠᠭ ᠤᠷᠤᠨ ᠰᠠᠭᠤᠴᠠ  ᠶᠢᠨ ᠴᠤᠩᠬᠤ  ᠶᠢ ᠶᠠᠭᠠᠭᠢᠵᠤ ᠵᠢᠷᠤᠵᠤ ᠲᠦᠯᠦᠪᠯᠡᠭᠦ ᠪᠤᠢ︖
ᠵᠣᠬᠢᠶᠠᠭᠴᠢ᠄ 
ᠰᠡᠴᠡᠨ ᠨᠠᠨᠳᠢᠨ᠎ᠠ
            ᠨᠠᠷᠠᠯᠠᠭ ᠤᠷᠤᠨ ᠰᠠᠭᠤᠴᠠ  ᠶᠢᠨ ᠴᠤᠩᠬᠤ  ᠶᠢ             ᠶᠠᠭᠠᠭᠢᠵᠤ   ᠵᠢᠷᠤᠵᠤ   ᠲᠦᠯᠦᠪᠯᠡᠭᠦ   ᠪᠤᠢ︖ ︵ᠠᠷᠪᠠᠨ ᠬᠤᠶᠠᠷ︶       ᠲᠤᠷᠤᠨ᠎ᠠ ᠵᠦᠭ ᠲᠤ ᠬᠠᠨᠳᠤᠠᠠᠰᠠᠨ ᠴᠤᠩᠬᠤ  ᠶᠢ ᠠᠰᠢᠠᠠᠯᠠᠨ ᠨᠠᠷᠠᠨ  ᠤ ᠰᠠᠴᠤᠷᠠᠭ ᠡᠨᠧᠷᠭᠢ  ᠶᠢ ᠰᠢᠭᠤᠳ ᠲᠤᠰᠤᠨ ᠠᠪᠳᠠᠭ ᠰᠠᠨᠠᠭᠠᠴᠢᠯᠠᠭᠠᠳᠤ ᠪᠤᠰᠤ ᠭᠡᠯᠪᠡᠷᠢ  ᠶᠢᠨ ᠨᠠᠷᠠᠯᠠᠭ ᠤᠷᠤᠨ ᠰᠠᠭᠤᠴᠠ ᠪᠤᠯ ᠰᠠᠨᠠᠭᠠᠴᠢᠯᠠᠭᠠᠳᠤ ᠪᠤᠰᠤ ᠭᠡᠯᠪᠡᠷᠢ  ᠶᠢᠨ ᠰᠢᠰᠲ᠋ᠧᠮ  ᠤᠨ ᠲᠤᠳᠤᠷᠠᠭᠢ ᠬᠠᠮᠤᠭ  ᠤᠨ ᠲᠦᠭᠦᠮ ᠭᠡᠯᠪᠡᠷᠢ ᠨᠢ ᠪᠤᠯᠤᠨ᠎ᠠ᠃ ᠴᠤᠩᠬᠤ ᠪᠤᠯ ᠨᠡᠷᠡᠨ  ᠤ ᠰᠠᠴᠤᠷᠠᠭ ᠡᠨᠧᠷᠭᠢ  ᠶᠢ ᠲᠤᠰᠤᠨ ᠠᠪᠬᠤ ᠭᠤᠤᠯ ᠪᠦᠳᠦᠴᠡ ᠮᠦᠨ᠃ ᠪᠠᠰᠠᠴᠤ ᠢᠯᠴᠢ  ᠶᠢ ᠬᠤᠷᠤᠠᠠᠳᠠᠭᠤᠯᠳᠠᠭ ᠬᠠᠮᠤᠭ  ᠤᠨ ᠲᠤᠮᠤ ᠪᠦᠳᠦᠴᠡ ᠮᠦᠨ᠂ ᠭᠡᠮᠵᠢᠶ᠎ᠠ ᠴᠤᠠᠠᠴᠠᠰ᠂ ᠢᠯᠴᠢ ᠭᠦᠨᠳᠡᠶᠢᠷᠡᠭᠦᠯᠦᠭᠴᠢ  ᠶᠢ ᠰᠠᠶᠢᠳᠤᠷ ᠲᠤᠭᠢᠷᠠᠭᠤᠯᠬᠤ ᠪᠤᠯ ᠨᠠᠷᠠᠯᠠᠭ ᠤᠷᠤᠨ ᠰᠠᠭᠤᠴᠠ  ᠶᠢᠨ ᠵᠢᠷᠤᠭ ᠲᠦᠯᠦᠪᠯᠡᠭᠡᠨ  ᠤ ᠵᠠᠩᠭᠢᠯᠠᠭ᠎ᠠ  ᠶᠢᠨ ᠠᠰᠠᠭᠤᠳᠠᠯ ᠮᠦᠨ᠃       ᠤᠯᠠᠨ  ᠤ ᠮᠡᠳᠡᠭᠡᠵᠢ ᠪᠠᠷ᠂ ᠲᠤᠮᠤ ᠴᠤᠩᠬᠤ ᠲᠠᠢ ᠦᠷᠦᠭᠡ ᠲᠠᠰᠤᠯᠭ᠎ᠠ ᠨᠢ ᠭᠡᠵᠢᠶᠡᠳᠡ ᠵᠢᠵᠢᠭ ᠴᠤᠩᠬᠤ ᠲᠠᠢ ᠦᠷᠦᠭᠡ ᠲᠠᠰᠤᠯᠭ᠎ᠠ ᠠᠴᠠ ᠭᠦᠢᠳᠡᠨ ᠪᠠᠶᠢᠳᠠᠭ᠃ ᠡᠨᠡ ᠨᠢ ᠴᠤᠩᠬᠤᠨ  ᠤ ᠲᠤᠯᠠᠭᠠᠨ  ᠢ ᠬᠠᠳᠠᠭᠠᠯᠠᠬᠤ ᠴᠢᠳᠠᠪᠤᠷᠢ ᠨᠢ ᠭᠡᠷᠡᠮ  ᠤᠨ ᠠᠴᠠ ᠬᠤᠯᠠ ᠪᠠᠭ᠎ᠠ ᠪᠠᠶᠢᠳᠠᠭ ᠠᠴᠠ ᠪᠤᠯᠵᠠᠢ᠃ ᠲᠠᠭᠢᠪᠠᠯ᠂ ᠡᠪᠤᠯ  ᠤᠨ ᠴᠡᠯᠮᠡᠭ ᠡᠳᠤᠷ᠂ ᠭᠡᠷ  ᠤᠨ ᠭᠠᠳᠠᠨ᠎ᠠ ᠶᠠᠰᠤ ᠶᠠᠩᠭᠢᠨᠠᠮ᠎ᠠ ᠭᠦᠢᠳᠡᠨ ᠪᠠᠶᠢᠳᠠᠯ᠎ᠠ ᠭᠡᠷ ᠲᠤ ᠬᠠᠷᠢᠨ ᠭᠠᠯ ᠲᠦᠯᠡᠭᠰᠡᠨ ᠦᠭᠡᠢ ᠪᠠᠶᠢᠭᠠᠳ ᠤᠷᠤᠵᠤ ᠤᠴᠢᠬᠤ ᠳᠤ ᠲᠤᠪ ᠲᠤᠯᠠᠭᠠᠬᠠᠨ ᠪᠠᠶᠢᠳᠠᠭ᠃ ᠡᠨᠡ ᠪᠤᠯ ᠭᠡᠷᠡᠯᠳᠤ ᠴᠤᠩᠬᠤᠨ  ᠤ ᠰᠢᠯ  ᠢᠶᠠᠷ ᠲᠤᠰᠤᠠᠠᠰᠠᠨ ᠨᠠᠷᠠᠨ  ᠤ ᠭᠡᠷᠡᠯ ᠨᠢ ᠭᠡᠷ ᠲᠤᠳᠤᠷᠠᠭᠢ ᠱᠠᠯᠠ᠂ ᠭᠡᠷᠡᠮ ᠵᠢᠴᠢ ᠡᠳ᠋ᠯᠠᠯ ᠭᠡᠷᠡᠭᠰᠡᠯ ᠵᠡᠷᠭᠡ ᠳᠤ ᠰᠢᠩᠭᠡᠭᠡᠳ ᠢᠯᠴᠢ ᠪᠤᠯᠵᠤ ᠬᠤᠪᠢᠷᠬᠠᠰᠠᠨ ᠠᠴᠠ ᠪᠤᠯᠤᠠᠠᠰᠠᠨ ᠶᠤᠮ᠃ ᠡᠨᠡᠭᠦ ᠦᠢᠯᠡᠳᠦᠯ  ᠢ ᠲᠠᠷᠤᠢ ᠲᠤᠯᠠᠭᠠᠨ ᠦᠷᠦᠭᠡ  ᠶᠢᠨ ᠪᠦᠳᠦᠮᠵᠢ ᠭᠡᠳᠡᠭ᠃ ᠨᠠᠷᠠᠨ  ᠤ ᠭᠡᠷᠡᠯ ᠴᠤᠩᠬᠤᠨ ᠰᠢᠯ ᠲᠡᠭᠡᠷ᠎ᠡ ᠲᠤᠰᠬᠤ ᠦᠶᠡᠰ᠂ ᠵᠠᠷᠢᠮ ᠨᠢ ᠰᠢᠯ ᠳᠤ ᠤᠶᠢᠯᠳᠠᠨ ᠰᠠᠴᠤᠷᠠᠵᠤ᠂ ᠵᠠᠷᠢᠮ ᠨᠢ ᠴᠤᠩᠬᠤᠨ ᠰᠢᠯ ᠳᠤ ᠰᠢᠩᠭᠡᠵᠤ᠂ ᠨᠢᠭᠡᠯᠡ ᠭᠡᠰᠡᠭ ᠨᠢ ᠰᠢᠯ  ᠢ ᠨᠡᠪᠳᠡᠯᠳᠡᠭ᠃ ᠴᠤᠩᠬᠤᠨ ᠰᠢᠯ  ᠢ ᠨᠡᠪᠳᠡᠯᠦᠭᠰᠡᠨ ᠡᠨᠡ ᠭᠡᠰᠡᠭ ᠭᠡᠷᠡᠯ  ᠤᠨ ᠡᠵᠡᠯᠡᠭᠦ ᠵᠠᠭᠤᠨ  ᠤ ᠬᠠᠷᠢᠴᠠᠯ  ᠢ ᠨᠡᠪᠳᠡᠯᠦᠯᠳᠡ  ᠶᠢᠨ ᠨᠤᠷᠮ᠎ᠠ ᠭᠡᠨ᠎ᠡ᠂ ᠮᠠᠨ  ᠤ ᠤᠯᠤᠰ  ᠤᠨ ᠦᠢᠯᠡᠳᠪᠤᠷᠢᠯᠡᠵᠤ ᠪᠠᠶᠢᠭ᠎ᠠ 3 ᠮᠢᠯᠢᠮᠧᠲᠷ  ᠤᠨ ᠰᠢᠯ  ᠤᠨ ᠨᠡᠪᠳᠡᠯᠦᠯᠳᠡ  ᠶᠢᠨ ᠨᠤᠷᠮ᠎ᠠ ᠨᠢ ᠪᠠᠷᠤᠭ 80% ᠪᠠᠶᠢᠳᠠᠭ᠃ ᠲᠤᠰᠬᠠᠢ ᠮᠡᠷᠭᠡᠵᠢᠯᠳᠡᠳ  ᠤᠨ ᠪᠤᠳᠤᠵᠤ ᠮᠡᠳᠡᠭᠰᠡᠨ  ᠢᠶᠠᠷ᠂ ᠡᠪᠤᠯ ᠴᠤᠩᠬᠤ ᠪᠠᠷ ᠵᠠᠳᠠᠷᠠᠵᠤ ᠭᠠᠷᠬᠤ ᠢᠯᠴᠢ  ᠶᠢᠨ ᠭᠡᠮᠵᠢᠶ᠎ᠠ ᠨᠢ ᠪᠦᠭᠦᠶᠢᠯᠡ ᠢᠯᠴᠢ  ᠶᠢᠨ ᠬᠤᠷᠤᠠᠠᠳᠠᠯ  ᠤᠨ 30% ~ 50%  ᠶᠢ ᠨᠢ ᠡᠵᠡᠯᠡᠳᠡᠭ ᠪᠠᠶᠢᠨ᠎ᠠ᠃ ᠡᠶᠢᠮᠤ ᠠᠴᠠ ᠴᠤᠩᠬᠤ  ᠶᠢ ᠦᠨᠡᠨᠭᠦ ᠲᠤᠯᠠᠭᠠᠯᠠᠬᠤ ᠦᠢᠯᠡᠳᠦᠯ ᠲᠠᠢ ᠪᠠᠶᠢᠯᠭᠠᠶ᠎ᠠ ᠭᠡᠪᠡᠯ ᠠᠷᠭ᠎ᠠ ᠪᠦᠭᠦᠨ  ᠢ ᠰᠦᠪᠡᠭᠴᠢᠯᠡᠨ ᠨᠠᠷᠠᠨ  ᠤ ᠭᠡᠷᠡᠯ ᠬᠤᠷᠠᠮᠳᠤᠭᠤᠯᠬᠤ ᠭᠡᠮᠵᠢᠶ᠎ᠠ  ᠶᠢ   ᠨᠢ ᠨᠡᠮᠡᠭᠳᠡᠭᠦᠯᠦᠨ᠂ ᠢᠯᠴᠢ  ᠶᠢᠨ ᠬᠤᠭᠢᠷᠠᠯ  ᠢ ᠨᠢ ᠪᠠᠭᠠᠰᠬᠠᠬᠤ ᠭᠡᠷᠡᠭᠳᠡᠢ᠃       ᠨᠡᠷᠡᠨ  ᠤ ᠭᠡᠷᠡᠯ  ᠢ ᠬᠤᠷᠠᠮᠳᠤᠭᠤᠯᠬᠤ ᠭᠡᠮᠵᠢᠶ᠎ᠠ  ᠶᠢ ᠨᠡᠮᠡᠭᠳᠡᠭᠦᠯᠭᠦ  ᠶᠢᠨ ᠲᠤᠰᠠᠳᠠ᠂ ᠡᠩ ᠲᠠᠷᠢᠭᠦᠨ ᠳᠤ ᠴᠤᠩᠬᠤᠨ  ᠤ ᠵᠦᠭ ᠴᠢᠭᠯᠡᠯ  ᠢ ᠵᠦᠪ ᠰᠤᠩᠭᠤᠬᠤ ᠭᠡᠷᠡᠭᠳᠡᠢ᠃ ᠦᠭᠡᠷ᠎ᠡ ᠪᠠᠷ ᠭᠡᠯᠡᠪᠡᠯ ᠵᠦᠪᠭᠡᠨ ᠲᠤᠷᠤᠨ᠎ᠠ ᠵᠦᠭ ᠬᠠᠨᠳᠤᠠᠠᠰᠠᠨ ᠴᠤᠩᠬᠤ ᠪᠤᠯ ᠰᠠᠶ᠋ᠢ ᠨᠠᠷᠠᠨ  ᠤ ᠡᠨᠧᠷᠭᠢ  ᠶᠢ ᠨᠡᠩ ᠠᠷᠪᠢᠨ ᠬᠤᠷᠢᠶᠠᠨ ᠠᠪᠴᠤ ᠴᠢᠳᠠᠨ᠎ᠠ᠃
 
ᠢᠷᠡᠯᠲᠡ᠄ http://www.mptnp.com/
ᠨᠠᠶᠢᠷᠠᠭᠤᠯᠤᠭᠴᠢ᠄ ᠭᠤᠸᠠᠨ ᠴᠠᠩ ᠰᠢ
ᠣᠷᠴᠢᠭᠤᠯᠤᠭᠴᠢ᠄
   
ᠬᠤᠯᠪᠣᠭᠳᠠᠯ ᠪᠦᠬᠦᠢ ᠠᠭᠤᠯᠭ᠎ᠠ ᠶᠢᠨ ᠭᠠᠷᠴᠠᠭ
 
2014-2016 © ᠬᠠᠷᠢᠯᠴᠠᠬᠤ ᠤᠲᠠᠰᠤ᠄ 0471-6280741 ᠢᠮᠧᠯ᠄ nmgbute@163.com
ᠵᠤᠬᠢᠶᠠᠭᠴᠢ ᠶᠢᠨ ᠡᠷᠬᠡ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠬᠤᠷᠢᠭᠯᠠᠨ᠎ᠠ᠃
︽ᠬᠡᠷᠡᠭᠯᠡᠭᠡᠨ ᠤ ᠮᠡᠷᠭᠡᠵᠢᠯ ᠤᠨ ᠮᠤᠩᠭᠤᠯ ᠰᠦᠯᠵᠢᠶᠡᠨ ᠤ ᠬᠥᠯᠭᠡ︾ ᠦᠮᠴᠢᠯᠡᠯ ᠲᠠᠢ︕